︿ᠵᠢᠱᠢᠶ᠎ᠡ ᠭᠡᠷᠡᠭ﹀᠂ ᠸᠠᠨ ᠣᠪᠣᠬᠲᠤ᠂ ᠴᠢᠶᠠᠨ ᠣᠪᠣᠬᠲᠣ ᠶᠢᠨ ᠭᠡᠷ ᠢ ᠬᠤᠲᠠᠯᠲᠣᠨ ᠠᠪᠬᠤ ᠪᠠᠷ ᠪᠣᠯᠵᠤ᠂ ᠬᠤᠶᠠᠷ | ᠲᠠᠯ᠎ᠠ ᠪᠠᠷ ᠢᠶᠠᠨ ᠮᠠᠶᠢᠮᠠᠶᠢᠯᠠᠬᠤ ᠭᠡᠷ᠎ᠡ ᠲᠣᠭᠲᠠᠭᠰᠠᠨ ᠪᠣᠯᠪᠠᠴᠦ ᠠᠷᠠᠯᠵᠢᠶᠠᠨ ᠤ ᠲᠦᠪ ᠲᠤ ᠬᠦᠷᠴᠦ᠂ ᠣᠣᠯ | ᠲᠠᠩᠰᠠᠯᠠᠯᠲᠠ ᠶᠢ ᠬᠤᠪᠢᠷᠠᠭᠤᠯᠣᠬᠰᠠᠨ ᠦᠭᠡᠢ᠃ ᠸᠠᠨ ᠣᠪᠣᠬᠲᠣ ᠣᠯᠠᠨ ᠣᠲᠠᠭ᠎ᠠ ᠱᠠᠭᠠᠷᠲᠠᠭᠰᠠᠨ ᠪᠣᠯᠪᠠᠴᠦ᠂ | ᠴᠢᠶᠠᠨ ᠣᠪᠣᠭᠲᠣ ᠡᠯᠳᠡᠪ ᠰᠢᠯᠲᠠᠭ ᠢᠶᠠᠷ ᠬᠤᠶᠢᠰᠢᠯᠠᠭᠠᠳ ᠪᠠᠶᠢᠪᠠ᠃ ᠡᠬᠦᠨ ᠳᠤ ᠸᠠᠨ ᠣᠪᠣᠭᠲᠣ ᠰᠠᠨᠠᠭ᠎ᠠ ᠠᠮᠤᠷ | ᠦᠭᠡᠢ ᠪᠣᠯᠵᠤ᠂ ᠬᠠᠮᠢᠶ᠎ᠠ ᠪᠦᠬᠦᠢ ᠪᠠᠶᠢᠭᠤᠯᠭ᠎ᠠ ᠠᠴᠠ ᠵᠦᠪᠯᠡᠯᠭᠡ ᠠᠪᠬᠤ ᠪᠠᠷ ᠪᠣᠯᠪᠠ᠃ ᠲᠡᠭᠡᠪᠡᠯ ᠭᠡᠷ᠎ᠡ | ᠲᠣᠭᠲᠠᠴᠢᠬᠠᠭᠠᠳ ᠲᠠᠩᠰᠠᠯᠠᠯᠲᠠ ᠬᠢᠬᠦ ᠦᠭᠡᠢ ᠦᠶᠡᠰ ᠭᠡᠷ ᠮᠠᠶᠢᠮᠠᠶᠢᠯᠠᠬᠤ ᠠᠵᠢᠯᠯᠠᠭ᠎ᠠ ᠨᠢ ᠬᠦᠴᠦᠨ ᠲᠠᠢ | ᠪᠣᠯᠬᠤ ᠦᠦ︖ ︿ᠵᠠᠲᠠᠯᠣᠯᠲᠠ﹀᠂ ︽ᠪᠣᠲᠠᠰ ᠤᠨ ᠡᠷᠭᠡ ᠶᠢᠨ ᠬᠠᠣᠯᠢ︾ ᠶᠢᠨ ᠲᠣᠭᠲᠠᠭᠠᠯ ᠢ ᠦᠨᠳᠦᠰᠦᠯᠡᠪᠡᠯ᠂ | ᠬᠠᠣᠯᠢ ᠴᠠᠭᠠᠵᠠ ᠳᠤ ᠠᠰᠲᠠᠭᠠᠨ ᠲᠣᠭᠲᠠᠭᠠᠯ ᠲᠠᠢ ᠠᠴᠠ ᠭᠠᠲᠠᠨ᠎ᠠ᠂ ᠦᠯᠦ ᠬᠦᠲᠡᠯᠬᠦ ᠬᠦᠷᠦᠩᠭᠡ ᠶᠢᠨ ᠪᠣᠲᠠᠰ | ᠤᠨ ᠡᠷᠭᠡ ᠶᠢ ᠲᠣᠭᠲᠠᠭᠠᠵᠦ᠂ ᠬᠤᠪᠢᠷᠠᠭᠤᠯᠵᠤ᠂ ᠰᠢᠯᠵᠢᠬᠦᠯᠦᠨ ᠦᠭᠬᠦ ᠪᠠ ᠣᠰᠠᠳᠬᠠᠬᠤ ᠳᠤ ᠬᠠᠣᠯᠢ | ᠶᠣᠰᠣᠭᠠᠷ ᠲᠠᠩᠰᠠᠯᠠᠭᠤᠯᠪᠠᠯ ᠰᠠᠶ᠋ᠢ ᠬᠦᠴᠦᠨ ᠲᠠᠢ ᠪᠣᠯᠵᠤ᠂ ᠲᠠᠩᠰᠠᠯᠠᠭᠤᠯᠣᠬᠰᠠᠨ ᠦᠭᠡᠢ ᠪᠣᠯ ᠬᠦᠴᠦᠨ ᠦᠭᠡᠢ᠃ | ᠲᠡᠭᠡᠷ᠎ᠡ ᠲᠣᠷᠠᠲᠣᠭᠰᠠᠨ ᠸᠠᠨ ᠣᠪᠣᠬᠲᠣ ᠪᠣᠯᠣᠨ ᠴᠢᠶᠠᠨ ᠣᠪᠣᠬᠲᠣ ᠶᠢᠨ ᠭᠡᠷ ᠤᠨ ᠮᠠᠶᠢᠮᠠᠢ ᠨᠢ ᠬᠡᠲᠦᠶᠢᠪᠡᠷ | ᠭᠡᠷ᠎ᠡ ᠲᠣᠭᠲᠠᠭᠰᠠᠨ ᠪᠣᠯᠪᠠᠴᠦ᠂ ᠲᠠᠩᠰᠠᠯᠠᠭᠤᠯᠣᠬᠰᠠᠨ ᠦᠭᠡᠢ ᠪᠣᠯ ᠪᠣᠲᠠᠰ ᠤᠨ ᠡᠷᠭᠡ ᠶᠢᠨ ᠬᠦᠴᠦᠨ ᠳᠤ | ᠬᠤᠪᠢᠷᠠᠯᠲᠠ ᠭᠠᠷᠬᠤ ᠦᠭᠡᠢ᠃ ᠡᠶᠢᠮᠣ ᠠᠴᠠ ᠲᠡᠲᠡ ᠭᠡᠷ ᠪᠠᠷᠢᠯᠭ᠎ᠠ ᠶᠢᠨ ᠬᠠᠮᠢᠶᠠᠷᠣᠯᠲᠠ ᠶᠢᠨ ᠭᠠᠵᠠᠷ ᠲᠤ ᠬᠦᠷᠴᠦ | ᠡᠷᠦᠭᠡ ᠰᠢᠯᠵᠢᠬᠦᠯᠬᠦ ᠲᠠᠩᠰᠠᠯᠠᠯᠲᠠ ᠬᠢᠯᠭᠡᠪᠡᠯ ᠵᠣᠬᠢᠨ᠎ᠡ᠃ ︿ᠬᠠᠮᠢᠶ᠎ᠠ ᠪᠦᠬᠦᠢ ᠬᠠᠣᠯᠢ ᠶᠢᠨ ᠲᠣᠬᠲᠠᠭᠠᠯ﹀᠂ | ︽ᠪᠦᠭᠦᠲᠡ ᠨᠠᠶᠢᠷᠠᠮᠳᠠᠬᠤ ᠳᠣᠮᠳᠠᠳᠤ ᠠᠷᠠᠳ ᠣᠯᠣᠰ ᠤᠨ ᠪᠣᠲᠠᠰ ᠤᠨ ᠡᠷᠬᠡ ᠶᠢᠨ ᠬᠠᠤᠯᠢ︾ ᠶᠢᠨ ᠶᠢᠰᠦᠳᠦᠭᠡᠷ | ᠵᠦᠢᠯ ᠳᠤ ︽ᠦᠯᠦ ᠬᠦᠲᠡᠯᠬᠦ ᠬᠦᠷᠦᠩᠭᠡ ᠶᠢᠨ ᠪᠣᠲᠠᠰ ᠤᠨ ᠡᠷᠭᠡ ᠶᠢ ᠲᠣᠭᠲᠠᠭᠠᠬᠤ᠂ ᠬᠤᠪᠢᠷᠠᠭᠤᠯᠬᠤ᠂ | ᠰᠢᠯᠵᠢᠬᠦᠯᠦᠨ ᠦᠭᠬᠦ ᠪᠠ ᠣᠰᠠᠳᠬᠠᠬᠤ ᠳᠤ ᠬᠠᠣᠯᠢ ᠶᠣᠰᠣᠭᠠᠷ ᠲᠠᠩᠰᠠᠯᠠᠭᠤᠯᠪᠠᠯ ᠬᠦᠴᠦᠨ ᠲᠠᠢ ᠪᠣᠯᠣᠨ᠎ᠡ︔ | ᠲᠠᠩᠰᠠᠯᠠᠭᠤᠯᠣᠬᠰᠠᠨ ᠦᠭᠡᠢ ᠪᠣᠯ ᠬᠦᠴᠦᠨ ᠦᠭᠡᠢ᠂ ᠭᠡᠪᠡᠴᠦ ᠬᠠᠣᠯᠢ ᠴᠠᠭᠠᠵᠠ ᠳᠤ ᠠᠰᠲᠠᠭᠠᠨ ᠲᠣᠭᠲᠠᠭᠠᠯ ᠲᠠᠢ | ᠪᠠᠶᠢᠪᠠᠯ ᠡᠬᠦᠨ ᠳᠤ ᠪᠠᠭᠲᠠᠬᠤ ᠦᠭᠡᠢ︾︔ ᠠᠷᠪᠠᠲᠣᠭᠠᠷ ᠵᠦᠢᠯ ᠳᠤ ︽ᠦᠯᠦ ᠬᠦᠲᠡᠯᠬᠦ ᠬᠦᠷᠦᠩᠭᠡ ᠶᠢᠨ ᠲᠠᠩᠰᠠᠯᠠᠯᠲᠠ | ᠶᠢ ᠦᠯᠦ ᠬᠦᠲᠡᠯᠬᠦ ᠬᠦᠷᠦᠩᠭᠡ ᠶᠢᠨ ᠪᠠᠶᠢᠭ᠎ᠠ ᠭᠠᠵᠠᠷ ᠤᠨ ᠲᠠᠩᠰᠠᠯᠠᠬᠤ ᠪᠠᠶᠢᠭᠤᠯᠣᠮᠵᠢ ᠬᠦᠢᠴᠡᠳᠬᠡᠨ᠎ᠡ᠃ ᠣᠯᠣᠰ | ᠠᠴᠠ ᠦᠯᠦ ᠬᠦᠲᠡᠯᠬᠦ ᠬᠦᠷᠦᠩᠭᠡ ᠳᠤ ᠨᠢᠭᠡᠲᠦᠯᠲᠡᠢ ᠲᠠᠩᠰᠠᠯᠠᠯᠲᠠ ᠬᠢᠬᠦ ᠳᠦᠷᠢᠮ ᠢ ᠬᠡᠷᠡᠭᠵᠢᠬᠦᠯᠦᠨ᠎ᠡ᠃ | ᠨᠢᠭᠡᠲᠦᠯᠲᠡᠢ ᠲᠠᠩᠰᠠᠯᠠᠬᠤ ᠬᠦᠷᠢᠶ᠎ᠡ ᠬᠡᠪᠴᠢᠶ᠎ᠡ᠂ ᠲᠠᠩᠰᠠᠯᠠᠬᠤ ᠪᠠᠶᠢᠭᠤᠯᠣᠮᠵᠢ ᠪᠠ ᠲᠠᠩᠰᠠᠯᠠᠬᠤ ᠠᠷᠭ᠎ᠠ ᠶᠢ ᠬᠠᠣᠯᠢ | ᠴᠠᠭᠠᠵᠠ᠂ ᠵᠠᠰᠠᠭ ᠵᠠᠬᠢᠷᠭᠠᠨ ᠤ ᠬᠠᠣᠯᠢ ᠲᠣᠭᠲᠠᠭᠠᠯ ᠳᠤ ᠲᠣᠭᠲᠠᠭᠠᠨ᠎ᠠ︾︔ ᠠᠷᠪᠠᠨ ᠨᠢᠭᠡᠲᠦᠭᠡᠷ ᠵᠦᠢᠯ ᠳᠤ ︽ᠲᠣᠬᠠᠢ | ᠶᠢᠨ ᠬᠦᠮᠦᠨ ᠨᠢ ᠲᠠᠩᠰᠠᠯᠠᠭᠤᠯᠬᠤ ᠪᠠᠷ ᠭᠤᠶᠣᠴᠢᠯᠠᠬᠤ ᠳᠤ ᠪᠠᠨ ᠠᠲᠠᠯᠢ ᠪᠣᠰᠣ ᠲᠠᠩᠰᠠᠯᠠᠭᠤᠯᠬᠤ ᠵᠦᠢᠯ ᠢ | ᠦᠨᠳᠦᠰᠦᠯᠡᠨ ᠡᠷᠭᠡ ᠶᠢᠨ ᠬᠠᠷᠢᠶᠠᠯᠠᠯ ᠤᠨ ᠭᠡᠷᠡᠴᠢ ᠪᠣᠯᠣᠨ ᠦᠯᠦ ᠬᠦᠲᠡᠯᠬᠦ ᠬᠦᠷᠦᠩᠭᠡ ᠶᠢᠨ ᠵᠠᠭᠠᠭ ᠬᠠᠶ᠋ᠢᠭ᠂ | ᠡᠵᠡᠯᠡᠭᠰᠡᠨ ᠲᠠᠯᠠᠪᠠᠢ ᠵᠡᠷᠭᠡ ᠴᠢᠬᠤᠯᠨ ᠪᠦᠬᠦᠢ ᠮᠠᠲ᠋ᠧᠷᠢᠶᠠᠯ ᠢ ᠬᠠᠩᠭᠠᠬᠤ ᠬᠡᠷᠡᠭᠲᠡᠢ︾︔ ᠠᠷᠪᠠᠨ ᠲᠦᠷᠪᠡᠲᠦᠭᠡᠷ | ᠵᠦᠢᠯ ᠳᠤ ︽ᠦᠯᠦ ᠬᠦᠲᠡᠯᠬᠦ ᠬᠦᠷᠦᠩᠭᠡ ᠶᠢᠨ ᠪᠣᠲᠠᠰ ᠤᠨ ᠡᠷᠭᠡ ᠶᠢ ᠲᠣᠭᠲᠠᠭᠠᠬᠤ᠂ ᠬᠤᠪᠢᠷᠠᠭᠤᠯᠬᠤ᠂ | ᠰᠢᠯᠵᠢᠬᠦᠯᠦᠨ ᠦᠭᠬᠦ ᠪᠠ ᠣᠰᠠᠳᠬᠠᠬᠤ ᠳᠤ ᠬᠠᠣᠯᠢ ᠴᠠᠭᠠᠵᠠ ᠶᠢᠨ ᠲᠣᠭᠲᠠᠭᠠᠯ ᠶᠣᠰᠣᠭᠠᠷ ᠲᠠᠩᠰᠠᠯᠠᠯᠲᠠ ᠬᠢᠬᠦ | ᠬᠡᠷᠡᠭᠲᠡᠢ ᠪᠠᠶᠢᠪᠠᠯ᠂ ᠲᠡᠷᠨ ᠨᠢ ᠦᠯᠦ ᠬᠦᠲᠡᠯᠬᠦ ᠬᠦᠷᠦᠩᠭᠡ ᠶᠢᠨ ᠲᠠᠩᠰᠠᠯᠠᠯᠲᠠ ᠶᠢᠨ ᠲᠠᠪᠲᠠᠷ ᠲᠤ ᠲᠡᠮᠲᠡᠭᠯᠡᠭᠰᠡᠨ | ᠴᠠᠭ ᠠᠴᠠ ᠡᠬᠢᠯᠡᠨ ᠬᠦᠴᠦᠨ ᠲᠠᠢ ᠪᠣᠯᠣᠨ᠎ᠡ︾ ᠭᠡᠵᠦ ᠲᠣᠰ ᠲᠣᠰ ᠲᠣᠭᠲᠠᠭᠠᠵᠠᠢ᠃ | | ᠢᠷᠡᠯᠳᠡ — ᠠᠷᠠᠳ ᠤᠨ ᠰᠦᠯᠵᠢᠶ᠎ᠡ |