ᠮᠠᠰᠢ ᠤᠯᠠᠨ ᠬᠦᠮᠦᠨ ᠵᠢᠮᠢᠰ ᠢᠲᠡᠬᠦ ᠳᠡᠭᠡᠨ ᠦᠷ᠎ᠡ ᠴᠦᠮ᠎ᠡ ᠲᠠᠢ ᠪᠠᠶᠢᠬᠤ ᠡᠰᠡᠬᠦ ᠶᠢ ᠬᠠᠮᠢᠶᠠᠷᠤᠯ ᠦᠭᠡᠢ | ᠪᠠᠷ ᠵᠠᠵᠢᠯᠤᠮᠤᠬᠠᠴᠠ ᠪᠠᠨ ᠵᠠᠯᠬᠢᠵᠤ ᠤᠷᠤᠭᠤᠯᠲᠠᠭ︔ ᠪᠠᠰᠠ ᠵᠠᠷᠢᠮ ᠬᠦᠮᠦᠨ ᠰᠢᠮ᠎ᠡ ᠲᠡᠵᠢᠭᠡᠯ ᠢ ᠨᠢ ᠬᠠᠶᠠᠬᠤ ᠦᠭᠡᠢ | ᠭᠡᠵᠤ ᠦᠷ᠎ᠡ ᠴᠦᠮ᠎ᠡ ᠲᠠᠢ ᠨᠢ ᠢᠲᠡᠴᠢᠭᠡᠲᠡᠭ᠂ ᠦᠨᠡᠨ ᠳᠡᠭᠡᠨ ᠢᠩᠬᠢᠵᠦ ᠪᠦᠬᠦᠯᠢ ᠪᠠᠷ ᠨᠢ ᠢᠲᠡᠬᠦ ᠪᠤᠯ ᠮᠠᠰᠢ | ᠠᠶᠤᠮᠰᠢᠬᠲᠠᠢ ᠪᠠᠶᠢᠲᠠᠭ᠃ ᠢᠤᠶᠢᠯᠢᠨ ᠬᠤᠲᠠ ᠶᠢᠨ ᠬᠤᠶᠠᠲᠤᠭᠠᠷ ᠡᠮᠨᠡᠯᠭᠡ ᠶᠢᠨ ᠬᠤᠷᠢᠶᠠᠨ ᠤ ᠰᠢᠩᠭᠡᠭᠡᠯᠳᠡ ᠶᠢᠨ | ᠰᠠᠯᠠᠭᠠᠨ ᠤ ᠳᠡᠳ᠋ ᠡᠷᠬᠢᠯᠡᠭᠴᠢ ᠡᠮᠴᠢ ᠴᠧᠨ ᠱᠢ ᠴᠢ ᠬᠡᠯᠡᠭᠰᠡᠨ ᠨᠢ᠂ ᠳᠠᠷᠪᠤᠰ ᠤᠨ ᠦᠷ᠎ᠡ᠂ ᠦᠵᠦᠮ ᠤᠨ ᠦᠷ᠎ᠡ᠂ | ᠠᠯᠮᠤᠷᠠᠳ ᠤᠨ ᠴᠦᠮ᠎ᠡ ᠶᠢ ᠬᠠᠶᠠ ᠳᠠᠭᠠᠨ ᠵᠢᠭᠠᠬᠠᠨ ᠵᠠᠯᠬᠢᠵᠤ ᠤᠷᠤᠭᠤᠯᠬᠤ ᠳᠤ ᠬᠠᠮᠢᠶ᠎ᠠ ᠦᠭᠡᠢ︔ ᠬᠠᠷᠢᠨ | ᠡᠷᠡᠬᠦᠯ ᠮᠠᠨᠳᠦ ᠳᠤ ᠳᠤᠰᠠᠲᠠᠢ ᠭᠡᠵᠤ ᠪᠤᠲᠤᠭᠠᠳ ᠵᠢᠮᠢᠰ ᠤᠨ ᠦᠷ᠎ᠡ ᠶᠢ ᠵᠠᠯᠬᠢᠵᠤ ᠤᠷᠤᠭᠤᠯᠪᠠᠯ ᠳᠤᠰᠠ ᠭᠠᠷᠬᠤ | ᠦᠭᠡᠢ ᠮᠦᠷᠲᠡᠭᠡᠨ ᠴᠢᠨᠠᠬᠰᠢᠯᠠᠪᠠᠯ ᠡᠷᠡᠬᠦᠯ ᠮᠠᠨᠳᠦ ᠶᠢ ᠨᠦᠯᠦᠭᠡᠯᠡᠵᠦ ᠮᠡᠲᠡᠨ᠎ᠡ᠃ ᠨᠢᠭᠡ᠂ ᠦᠵᠦᠮ ᠤᠨ | ᠦᠷ᠎ᠡ᠃ ᠦᠵᠦᠮ ᠤᠨ ᠦᠷ᠎ᠡ ᠶᠢᠨ ᠳᠤᠳᠤᠷᠠᠬᠢ ᠰᠢᠮ᠎ᠡ ᠲᠡᠵᠢᠭᠡᠯ ᠨᠢ ᠠᠮᠠᠷᠬᠠᠨ ᠰᠢᠩᠭᠡᠲᠡᠭ ᠦᠭᠡᠢ᠂ ᠬᠡᠷᠪᠡ | ᠵᠠᠵᠢᠯᠵᠤ ᠬᠡᠮᠬᠡᠴᠢᠪᠡᠯ ᠪᠡᠶ᠎ᠡ ᠳᠤ ᠰᠢᠩᠭᠡᠬᠦ ᠳᠡᠵᠢᠭᠡᠯ ᠪᠤᠲᠠᠰ ᠨᠢ ᠮᠠᠰᠢ ᠪᠠᠭ᠎ᠠ ᠮᠦᠷᠲᠡᠭᠡᠨ ᠪᠠᠰᠠ ᠵᠠᠪᠠᠭᠠᠨ | ᠠᠮᠲᠠᠭᠲᠠᠲᠠᠭ᠃ ᠦᠵᠦᠮ ᠤᠨ ᠦᠷ᠎ᠡ ᠶᠢᠨ ᠲᠤᠲᠤᠷᠠᠬᠢ ᠦᠯᠡᠮᠵᠢ ᠬᠡᠮᠵᠢᠶᠡᠨ ᠤ ᠲᠠᠨᠨᠢᠨ ᠨᠢ ᠬᠡᠯᠡ᠂ ᠠᠮᠠᠨ | ᠬᠦᠨᠳᠡᠢ᠂ ᠤᠯᠠᠭᠠᠨ ᠬᠤᠭᠤᠯᠠᠢ ᠶᠢᠨ ᠭᠠᠲᠠᠷᠭᠤ ᠶᠢᠨ ᠤᠭᠤᠷᠠᠭ ᠢ ᠴᠠᠷᠴᠠᠭᠠᠬᠤ ᠪᠤᠯᠤᠨ᠎ᠠ᠃ ᠬᠤᠶᠠᠷ᠂ ᠠᠨᠠᠷ ᠤᠨ | ᠦᠷ᠎ᠡ᠃ ᠠᠨᠠᠷ ᠤᠨ ᠦᠷ᠎ᠡ ᠶᠢᠨ ᠳᠤᠳᠤᠷ᠎ᠠ ᠵᠤᠬᠢᠬᠤ ᠬᠡᠮᠵᠢᠶᠡᠨ ᠤ ᠵᠢᠮᠢᠰ ᠤᠨ ᠬᠦᠴᠢᠯ ᠠᠬᠤᠭᠤᠯᠤᠬᠲᠠᠵᠤ | ᠪᠠᠶᠢᠭ᠎ᠠ ᠪᠤᠯᠬᠤᠷ ᠭᠡᠳᠡᠰᠦ᠂ ᠬᠤᠲᠤᠭᠤᠲᠤ ᠶᠢ ᠭᠡᠮᠳᠦᠭᠡᠵᠦ ᠮᠡᠲᠡᠨ᠎ᠡ᠃ ᠭᠤᠷᠪᠠ᠂ ᠢᠩᠳᠤᠤᠷ᠃ ᠢᠩᠲᠤᠤᠷ ᠤᠨ | ᠴᠦᠮ᠎ᠡ ᠬᠡᠮᠬᠡᠷᠡᠬᠦ ᠪᠤᠶᠤ ᠵᠢᠭᠠᠬᠠᠨ ᠰᠡᠪᠲᠡᠪᠡᠯ ᠤᠰᠤᠳᠦ᠋ᠷᠦᠭᠴᠢ ᠼᠢᠶᠠᠨ ᠬᠦᠴᠢᠯ ᠢ ᠪᠦᠷᠢᠯᠳᠦᠬᠦᠯᠦᠨ᠎ᠡ᠃ ᠡᠶᠢᠮᠦ | ᠳᠤ ᠢᠩᠲᠤᠤᠷ ᠤᠨ ᠴᠦᠮ᠎ᠡ ᠢᠲᠡᠭᠡᠳ ᠬᠦᠩᠭᠡᠨ ᠬᠤᠤᠷᠲᠠᠪᠠᠯ ᠳᠤᠯᠤᠭᠠᠢ ᠡᠪᠡᠳᠬᠦ᠂ ᠳᠤᠯᠤᠭᠠᠢ ᠡᠷᠬᠢᠬᠦ᠂ ᠳᠤᠳᠤᠷ᠎ᠠ | ᠤᠶᠢᠮᠤᠷᠬᠤ ᠪᠠ ᠪᠦᠭᠡᠯᠵᠢᠬᠦ ᠪᠠᠶᠢᠲᠠᠯ ᠭᠠᠷᠲᠠᠭ᠃ ᠤᠰᠤᠳᠦ᠋ᠷᠦᠭᠴᠢ ᠼᠢᠶᠠᠨ ᠬᠦᠴᠢᠯ ᠠᠷᠪᠢᠲᠤᠪᠠᠯ | ᠠᠮᠢᠰᠬᠤᠯ ᠴᠢᠬᠤᠯᠲᠠᠵᠤ᠂ ᠴᠢᠰᠦᠨ ᠲᠠᠷᠤᠯᠲᠠ ᠲᠡᠭᠡᠭᠰᠢᠯᠡᠨ᠂ ᠵᠢᠷᠦᠬᠡᠨ ᠯᠤᠬᠰᠢᠯᠲᠠ ᠳᠦᠷᠭᠡᠰᠴᠦ᠂ ᠪᠦᠭᠡᠷ᠎ᠡ | ᠮᠠᠭᠤᠲᠠᠬᠤ ᠪᠤᠯᠤᠨ᠎ᠠ᠃ ᠳᠡᠬᠦᠨᠴᠢᠯᠠᠨ ᠮᠠᠨᠠᠷᠠᠬᠤ᠂ ᠲᠠᠲᠠᠪᠠᠯᠵᠠᠬᠤ ᠪᠠᠶᠢᠲᠠᠯ ᠭᠠᠷᠴᠦ᠂ ᠬᠦᠨᠳᠦᠷᠡᠭᠰᠡᠨ ᠦᠶ᠎ᠡ ᠳᠤ | ᠠᠮᠢᠰᠬᠤᠯ ᠤᠨ ᠵᠠᠮ ᠪᠦᠭᠯᠡᠷᠡᠲᠡᠭ᠃ ᠡᠩ ᠤᠨ ᠪᠠᠶᠢᠲᠠᠯ ᠳᠤᠤᠷ᠎ᠠ᠂ ᠭᠦᠵᠡᠯᠵᠡᠭᠡᠨ᠎ᠡ᠂ ᠳᠦᠪᠡᠳ ᠬᠠᠰᠢ ᠵᠡᠷᠭᠡ ᠶᠢᠨ | ᠦᠷ᠎ᠡ ᠶᠢ ᠢᠲᠡᠬᠦ ᠳᠤ ᠬᠠᠮᠢᠶ᠎ᠠ ᠦᠭᠡᠢ ᠪᠤᠯᠪᠠᠴᠦ ᠬᠦᠮᠦᠨ ᠤ ᠬᠤᠲᠤᠭᠤᠲᠤ ᠭᠡᠳᠡᠰᠦᠨ ᠳᠤ ᠰᠢᠩᠭᠡᠬᠦ ᠦᠭᠡᠢ | ᠪᠠᠶᠢᠲᠠᠭ᠃ ᠵᠠᠷᠢᠮ ᠵᠢᠮᠢᠰ ᠤᠨ ᠦᠷ᠎ᠡ ᠶᠢ ᠴᠢᠨᠠᠵᠤ ᠪᠤᠯᠤᠭᠤᠭᠰᠠᠨ ᠤ ᠲᠠᠷᠠᠭ᠎ᠠ ᠰᠠᠶᠢᠬᠠᠨ ᠠᠮᠲᠠ ᠲᠠᠢ ᠪᠤᠯᠲᠠᠭ᠂ | ᠵᠢᠱᠢᠶᠡᠯᠡᠪᠡᠯ ᠬᠠᠨ ᠪᠤᠷᠭᠤᠴᠠᠢ᠂ ᠳ᠋ᠦᠷᠢᠦ ᠮᠤᠲᠤ ᠶᠢᠨ ᠦᠷ᠎ᠡ ᠵᠡᠷᠭᠡ ᠶᠢ ᠴᠢᠨᠠᠭᠠᠳ ᠢᠲᠡᠪᠡᠯ ᠰᠠᠶᠢᠬᠠᠨ ᠪᠠᠶᠢᠲᠠᠭ᠃ | | | ᠢᠷᠡᠯᠳᠡ — ᠠᠷᠠᠳ ᠤᠨ ᠰᠦᠯᠵᠢᠶ᠎ᠡ |