ᠲᠦᠷᠤᠯᠬᠢ ᠵᠢᠷᠤᠭᠡᠨ ᠡᠪᠡᠳᠴᠢᠨ ᠨᠢ ᠪᠦᠬᠦ ᠤᠯᠤᠰ ᠤᠨ ᠲᠦᠷᠤᠯᠬᠢ ᠵᠡᠷᠡᠮᠳᠡᠭ ᠡᠪᠡᠳᠴᠢᠨ ᠤ ᠲᠦᠷᠤᠯ ᠳᠤ ᠨᠢᠭᠡᠳᠤᠭᠡᠷ ᠲᠤ ᠵᠢᠬᠰᠠᠭᠠᠭᠳᠠᠵᠤ ᠪᠠᠶᠢᠭ᠎ᠠ ᠪᠤᠯᠬᠤᠷ ᠡᠷᠳᠡᠭᠡᠨ ᠰᠢᠭᠰᠢᠨ ᠪᠠᠶᠢᠴᠠᠭᠠᠵᠤ ᠡᠮᠨᠡᠪᠡ᠊
ᠨᠡᠶᠢᠲᠡᠯᠡᠭᠰᠡᠨ ᠴᠠᠭ᠄
2018/12/25
ᠠᠷᠠᠳ ᠤᠨ ᠰᠦᠯᠵᠢᠶ᠎ᠠ ᠶᠢᠨ ᠬᠥᠢᠶᠠᠩ ᠤᠨ 12 ᠰᠠᠷ᠎ᠠ ᠶᠢᠨ 11 ᠤ ᠡᠳᠤᠷ ᠤᠨ ᠮᠡᠳᠡᠭᠡ 12 ᠰᠠᠷ᠎ᠠ ᠶᠢᠨ  11  ᠤ ᠡᠳᠤᠷ᠂ ᠰᠤᠷᠪᠤᠯᠵᠢᠯᠠᠭᠴᠢ ᠬᠥᠢᠵᠸᠤ ᠮᠤᠵᠢ ᠶᠢᠨ ᠡᠷᠡᠬᠦᠯ ᠬᠠᠮᠠᠭᠠᠯᠠᠯ ᠡᠷᠡᠬᠦᠯ ᠮᠡᠨᠳᠤ ᠶᠢᠨ ᠵᠦᠪᠯᠡᠯ   ᠠᠴᠠ  ᠦᠢᠯᠠᠭᠠᠭᠰᠠᠨ ᠨᠢ᠂ ᠬᠥᠢᠵᠸᠤ ᠮᠤᠵᠢ ᠶᠢᠨ ᠬᠢᠨ ᠡᠩ ᠲᠡᠷᠢᠬᠦᠨ ᠳᠤ ᠬᠥᠢᠶᠠᠩ᠂ ᠽᠦᠨ ᠢ ᠬᠤᠶᠠᠷ ᠬᠤᠳᠠ ᠳᠤ ᠰᠠᠶ᠋ᠢ ᠲᠦᠷᠦᠭᠰᠡᠨ ᠭᠡᠤᠭᠡᠳ ᠤᠨ ᠲᠦᠷᠤᠯᠬᠢ ᠵᠢᠷᠤᠭᠡᠨ ᠡᠪᠡᠳᠴᠢᠨ ᠢ ᠰᠢᠭᠰᠢᠨ ᠪᠠᠶᠢᠴᠠᠭᠠᠬᠤ ᠵᠦᠢᠯᠡᠰ ᠢ ᠡᠬᠢᠯᠡᠬᠦᠯᠤᠨ᠂ ᠲᠦᠷᠤᠯᠬᠢ  ᠵᠢᠷᠤᠭᠡᠨ  ᠡᠪᠡᠳᠴᠢᠨ ᠲᠠᠢ ᠭᠡᠤᠭᠡᠳ ᠢ ᠡᠷᠳᠡᠭᠡᠨ ᠢᠯᠡᠷᠡᠬᠦᠯᠬᠦ᠂ ᠡᠷᠳᠡᠭᠡᠨ  ᠤᠨᠤᠰᠢᠯᠠᠬᠤ  ᠪᠠ  ᠴᠠᠭ  ᠲᠤᠬᠠᠢ   ᠳᠤᠨᠢ  ᠡᠮᠨᠡᠬᠦ   ᠳᠤ  ᠬᠠᠪᠰᠤᠷᠤᠯᠭ᠎ᠠ ᠦᠵᠡᠬᠦᠯᠵᠤ᠂ ᠰᠠᠶ᠋ᠢ ᠲᠦᠷᠦᠭᠰᠡᠨ ᠭᠡᠤᠭᠡᠳ ᠤᠨ ᠡᠷᠡᠬᠦᠯ ᠢᠶᠠᠷ ᠦᠰᠤᠨ ᠪᠤᠶᠢᠵᠢᠬᠤ ᠳᠤ ᠪᠠᠳᠤᠯᠠᠭ᠎ᠠ ᠬᠠᠩᠭᠠᠵᠤ ᠪᠠᠶᠢᠨ᠎ᠠ᠃          ᠲᠤᠷᠰᠢᠯᠳᠠ ᠬᠢᠬᠦ ᠡᠮᠨᠡᠯᠭᠡ  ᠶᠢᠨ ᠬᠤᠷᠢᠶ᠎ᠠ ᠡᠷᠡᠬᠦᠯ ᠮᠠᠨᠳᠤ ᠶᠢᠨ  ᠬᠥᠮᠤᠵᠢᠯ᠂  ᠰᠠᠶ᠋ᠢ  ᠲᠦᠷᠦᠭᠰᠡᠨ  ᠭᠡᠤᠭᠡᠳ   ᠤᠨ ᠲᠦᠷᠤᠯᠬᠢ ᠵᠢᠷᠤᠭᠡᠨ ᠡᠪᠡᠳᠴᠢᠨ ᠢ ᠰᠢᠭᠰᠢᠨ ᠪᠠᠶᠢᠴᠠᠭᠠᠬᠤ ᠤᠨᠤᠰᠢᠯᠠᠯᠳᠠ ᠪᠠ ᠡᠮᠴᠢᠯᠡᠭᠡ ᠬᠢᠬᠦ᠂ ᠶᠠᠰᠤ  ᠴᠢᠨᠠᠷ   ᠢ  ᠡᠵᠡᠮᠳᠡᠬᠦ ᠬᠢᠭᠡᠳ ᠦᠨᠡᠯᠡᠬᠦ ᠵᠡᠷᠭᠡ ᠪᠠᠷ ᠲᠡᠮᠵᠢᠭᠤᠯᠤᠨ᠂ ᠰᠠᠶ᠋ᠢ ᠲᠦᠷᠦᠭᠰᠡᠨ ᠭᠡᠤᠭᠡᠳ ᠤᠨ ᠲᠦᠷᠤᠯᠬᠢ ᠵᠢᠷᠤᠭᠡᠨ ᠡᠪᠡᠳᠴᠢᠨ ᠢ  ᠰᠢᠭᠰᠢᠨ ᠪᠠᠶᠢᠴᠠᠭᠠᠬᠤ ᠳᠤ ᠲᠤᠬᠢᠷᠠᠬᠤ ᠮᠡᠷᠭᠡᠵᠢᠯ ᠢ ᠲᠡᠯᠭᠡᠷᠡᠬᠦᠯᠵᠤ᠂ ᠲᠦᠷᠤᠯᠬᠢ ᠵᠢᠷᠤᠭᠡᠨ  ᠡᠪᠡᠳᠴᠢᠨ   ᠲᠠᠢ  ᠭᠡᠤᠭᠡᠳ   ᠢ  ᠡᠷᠳᠡᠭᠡᠨ ᠢᠯᠡᠷᠡᠬᠦᠯᠵᠤ ᠴᠠᠭ ᠲᠤᠬᠠᠢ ᠳᠤᠨᠢ ᠤᠨᠤᠰᠢᠯᠠᠬᠤ ᠪᠠ ᠡᠮᠴᠢᠯᠡᠨ᠎ᠠ᠃         ᠦᠢᠷ᠎ᠠ ᠶᠢᠨ ᠵᠢᠯ ᠤᠳ ᠲᠤ᠂ ᠲᠦᠷᠤᠯᠬᠢ ᠵᠢᠷᠤᠭᠡᠨ ᠡᠪᠡᠳᠴᠢᠨ ᠨᠢ  ᠪᠦᠬᠦ  ᠤᠯᠤᠰ   ᠤᠨ  ᠲᠦᠷᠤᠯᠬᠢ  ᠵᠡᠷᠡᠮᠳᠡᠭ ᠡᠪᠡᠳᠴᠢᠨ ᠤ ᠲᠦᠷᠤᠯ ᠤᠨ ᠨᠢᠭᠡᠳᠤᠭᠡᠷ ᠲᠤ ᠵᠢᠬᠰᠠᠭᠠᠭᠳᠠᠵᠤ᠂ ᠨᠢᠯᠬ᠎ᠠ ᠭᠡᠤᠭᠡᠳ ᠤᠨ ᠲᠦᠷᠤᠯᠬᠢ  ᠡᠪᠡᠳᠴᠢᠨ  ᠲᠠᠬᠤᠯ   ᠤᠨ ᠪᠠᠷᠤᠭ ᠭᠤᠷᠪᠠᠨ ᠤ ᠨᠢᠭᠡ ᠬᠤᠪᠢ ᠶᠢ ᠡᠵᠡᠯᠡᠵᠤ ᠪᠠᠶᠢᠭ᠎ᠠ ᠪᠦᠭᠡᠳ ᠵᠢᠯ  ᠲᠠᠷᠠᠭᠠᠯᠠᠨ  ᠨᠡᠮᠡᠭᠳᠡᠬᠦ  ᠬᠠᠨᠳᠤᠰᠢ   ᠲᠠᠢ  ᠪᠠᠶᠢᠨ᠎ᠠ᠃ ᠲᠦᠷᠤᠯᠬᠢ ᠵᠢᠷᠤᠭᠡᠨ ᠡᠪᠡᠳᠴᠢᠨ ᠲᠠᠢ ᠭᠡᠤᠭᠡᠳ ᠨᠢ ᠴᠠᠭ ᠢᠮᠠᠭᠳᠠ ᠠᠮᠢ ᠨᠠᠰᠤᠨ   ᠤ  ᠠᠶᠤᠯ  ᠲᠦᠭᠰᠢᠬᠦᠷᠢ   ᠲᠠᠢ  ᠪᠦᠭᠡᠳ ᠦᠰᠤᠯᠳᠡ ᠪᠤᠶᠢᠵᠢᠯᠳᠠ ᠪᠠ ᠠᠮᠢᠳᠤᠷᠠᠯ ᠤᠨ ᠴᠢᠨᠠᠷ ᠴᠢᠨᠰᠠᠭ᠎ᠠ ᠨᠢ ᠴᠦ ᠠᠳᠠᠯᠢ ᠪᠤᠰᠤ ᠬᠡᠮᠵᠢᠶ᠎ᠠ ᠪᠠᠷ  ᠨᠦᠯᠤᠭᠡᠯᠡᠭᠳᠡᠵᠤ᠂  ᠭᠡᠷ ᠪᠦᠯᠢ ᠪᠠ ᠨᠡᠶᠢᠭᠡᠮ ᠨᠡᠶᠢᠳᠡ ᠳᠤ ᠠᠵᠤ ᠠᠬᠤᠢ ᠶᠢᠨ ᠪᠠ ᠰᠡᠳᠬᠢᠯ ᠰᠠᠨᠠᠭᠠᠨ ᠤ ᠬᠥᠨᠳᠤ ᠨᠦᠰᠡᠷ ᠲᠠᠷᠤᠭᠠᠰᠤ  ᠤᠴᠠᠷᠠᠭᠤᠯᠤᠨ᠂ ᠡᠪᠡᠳᠴᠢᠨ ᠠᠴᠠ ᠪᠤᠯᠵᠤ ᠶᠠᠳᠠᠭᠤᠷᠠᠬᠤ ᠲᠠᠬᠢᠭᠠᠳ ᠶᠠᠳᠠᠭᠤᠷᠠᠬᠤ ᠶᠢᠨ ᠴᠢᠬᠤᠯᠠ ᠬᠥᠴᠤᠨ ᠵᠦᠢᠯ ᠪᠤᠯᠵᠤ ᠪᠠᠶᠢᠨ᠎ᠠ᠃ ᠡᠬᠦᠨ ᠤ ᠵᠡᠷᠭᠡ ᠳᠤ᠂ ᠬᠤᠶᠠᠷ ᠭᠡᠤᠭᠡᠳ ᠠᠪᠴᠤ ᠪᠤᠯᠬᠤ ᠲᠦᠷᠤ ᠶᠢᠨ ᠪᠤᠳᠤᠯᠭ᠎ᠠ ᠶᠢ ᠪᠦᠬᠦ ᠲᠠᠯ᠎ᠠ ᠪᠠᠷ ᠬᠡᠷᠡᠭᠵᠢᠬᠦᠯᠬᠦ ᠶᠢ  ᠲᠠᠭᠠᠯᠳᠤᠨ᠂ ᠦᠷᠡᠵᠢᠯ ᠤᠨ ᠬᠡᠷᠡᠭᠴᠡᠭᠡ ᠲᠦᠪᠯᠡᠷᠡᠨ ᠢᠯᠡᠷᠡᠵᠤ᠂ ᠨᠠᠰᠤ ᠠᠬᠢᠭᠰᠠᠨ᠂ ᠠᠶᠤᠯ ᠶᠡᠭᠡᠳᠡᠢ ᠬᠥᠩᠭᠡᠵᠢᠭᠴᠢ᠂  ᠵᠢᠷᠮᠤᠰᠤᠨ  ᠡᠮᠡᠭᠳᠡᠢ ᠶᠢᠨ ᠬᠠᠷᠢᠴᠠᠯ ᠨᠡᠮᠡᠭᠳᠡᠭᠰᠡᠨ ᠢᠶᠠᠷ ᠡᠭᠡ ᠨᠢᠯᠬᠠᠰ ᠤᠨ ᠠᠮᠤᠷ ᠲᠦᠪᠰᠢᠨ ᠤ ᠪᠠᠶᠢᠳᠠᠯ ᠴᠤ ᠰᠢᠨ᠎ᠠ ᠰᠢᠯᠭᠠᠯᠳᠠ ᠳᠤ ᠨᠡᠩ ᠢᠯᠡᠬᠦᠤ ᠲᠤᠯᠭᠠᠷᠠᠵᠤ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号