| ᠠᠮᠧᠷᠢᠺᠠ ᠶᠢᠨ ᠨᠢᠭᠡ ᠰᠤᠳᠤᠯᠭᠠᠨ ᠤ ᠳ᠋ᠦᠩ ᠠᠴᠠ ᠦᠵᠡᠪᠡᠯ᠂ ᠬᠡᠦᠭᠡᠳ ᠤᠨ ᠡᠳᠦᠷ ᠪᠦᠷᠢ ᠶᠢᠨ ᠭᠠᠷ | ᠤᠲᠠᠰᠦ᠂ ᠺᠤᠮᠫᠢᠦ᠋ᠲ᠋ᠧᠷ ᠪᠤᠯᠤᠨ ᠲᠧᠯᠸᠢᠰ ᠱᠠᠭᠠᠶᠢᠬᠤ ᠴᠠᠭ ᠨᠢ 1 ᠴᠠᠭ ᠠᠴᠠ ᠬᠡᠳᠦᠷᠡᠪᠡᠯ ᠰᠡᠳᠬᠢᠴᠠ | ᠶᠢᠨ ᠡᠷᠡᠬᠦᠯ ᠢ ᠨᠢ ᠨᠦᠯᠦᠭᠡᠯᠡᠨ᠎ᠡ᠃ ᠭᠠᠷ ᠤᠲᠠᠰᠦ ᠪᠠᠷ ᠨᠠᠭᠠᠳᠬᠤ ᠴᠠᠭ ᠨᠢ ᠬᠡᠳᠦᠢ ᠤᠷᠲᠤ ᠪᠤᠯ ᠳᠡᠳᠦᠢ | ᠬᠤᠤᠷᠲᠠᠢ᠃ | ᠠᠮᠧᠷᠢᠺᠠ ᠶᠢᠨ ᠡᠷᠲᠡᠮᠲᠡᠳ ᠡᠨᠡ ᠲᠤᠬᠠᠢ ᠪᠠᠶᠢᠴᠠᠭᠠᠨ ᠰᠤᠳᠤᠯᠤᠯᠲᠠ ᠬᠢᠬᠦ ᠳᠡᠭᠡᠨ ᠬᠤᠶᠠᠷ ᠠᠴᠠ ᠠᠷᠪᠠᠨ | ᠲᠤᠯᠤᠭᠠᠨ ᠨᠠᠰᠦᠨ ᠤ ᠬᠤᠭᠤᠷᠤᠨᠲᠤᠬᠢ 4.4 ᠳᠦᠮᠡᠨ ᠬᠡᠦᠭᠡᠳ ᠤᠨ ᠭᠡᠷ ᠤᠨ ᠠᠬᠠᠮᠠᠳ ᠢᠶᠠᠷ | ᠠᠰᠠᠭᠤᠯᠲᠠ ᠶᠢᠨ ᠬᠠᠭᠤᠲᠠᠰᠦ ᠲᠠᠭᠯᠠᠭᠤᠯᠵᠠᠢ᠃ ᠠᠰᠠᠭᠤᠯᠲᠠ ᠶᠢᠨ ᠬᠠᠭᠤᠲᠠᠰᠦ ᠶᠢᠨ ᠠᠭᠤᠯᠭ᠎ᠠ ᠨᠢ ᠬᠡᠦᠭᠡᠳ ᠤᠨ | ᠡᠳᠦᠷ ᠪᠦᠷᠢ ᠶᠢᠨ ᠺᠤᠮᠫᠢᠦ᠋ᠲ᠋ᠧᠷ᠂ ᠭᠠᠷ ᠤᠲᠠᠰᠦ ᠵᠡᠷᠭᠡ ᠡᠯᠧᠺᠲᠷᠤᠨ ᠬᠡᠷᠡᠭᠰᠡᠯ ᠬᠡᠷᠡᠭᠯᠡᠬᠦ ᠴᠠᠭ᠂ ᠡᠮᠴᠢᠯᠡᠭᠡ | ᠬᠦᠷᠲᠡᠭᠰᠡᠨ ᠪᠠᠶᠢᠲᠠᠯ᠂ ᠰᠡᠳᠬᠢᠴᠠ ᠶᠢᠨ ᠡᠷᠡᠬᠦᠯ ᠮᠠᠨᠳᠦ ᠶᠢᠨ ᠪᠠᠶᠢᠲᠠᠯ ᠵᠡᠷᠭᠡ ᠶᠢ ᠪᠠᠭᠲᠠᠭᠠᠵᠠᠢ᠃ ᠬᠠᠷᠢᠭᠤᠯᠲᠠ | ᠶᠢᠨ ᠳ᠋ᠦᠩ ᠠᠴᠠ ᠦᠵᠡᠪᠡᠯ᠂ ᠳᠡᠳᠡᠭᠡᠷ ᠬᠡᠦᠭᠡᠳ ᠤᠳ ᠡᠳᠦᠷ ᠪᠦᠷᠢ ᠳᠤᠮᠳᠠᠴᠢ ᠪᠠᠷ 3.2 ᠴᠠᠭ ᠬᠡᠷᠡᠭᠰᠡᠨ | ᠲᠧᠯᠸᠢᠰ᠂ ᠺᠤᠮᠫᠢᠦ᠋ᠲ᠋ᠧᠷ ᠪᠤᠶᠤ ᠭᠠᠷ ᠤᠲᠠᠰᠦ ᠱᠠᠭᠠᠶᠢᠲᠠᠭ ᠪᠠᠶᠢᠨ᠎ᠠ᠃ ᠬᠡᠦᠭᠡᠳ ᠳᠤᠮᠤᠵᠢᠬᠤ ᠳᠤᠰᠤᠮ ᠢᠶᠠᠨ | ᠱᠠᠭᠠᠶᠢᠬᠤ ᠴᠠᠭ ᠨᠢ ᠤᠯᠠᠮ ᠤᠷᠲᠤ ᠪᠤᠯᠲᠠᠭ᠃ | ᠰᠤᠳᠤᠯᠭᠠᠨ ᠤ ᠠᠵᠢᠯᠲᠠᠳ ᠠᠰᠠᠭᠤᠯᠲᠠ ᠶᠢᠨ ᠬᠠᠭᠤᠳᠠᠰᠦᠨ ᠤ ᠬᠠᠷᠢᠭᠤᠯᠲᠠ ᠳᠤ ᠵᠠᠲᠠᠯᠤᠯᠲᠠ | ᠬᠢᠭᠡᠳ ᠤᠯᠵᠤ ᠮᠡᠲᠡᠭᠰᠡᠨ ᠨᠢ᠂ ᠡᠯᠧᠺᠲᠷᠤᠨ ᠬᠡᠷᠡᠭᠰᠡᠯ ᠱᠠᠭᠠᠶᠢᠬᠤ ᠳᠤ ᠡᠳᠦᠷ ᠪᠦᠷᠢ 1 ᠴᠠᠭ ᠠᠴᠠ ᠬᠡᠳᠦᠷᠡᠬᠦ | ᠦᠭᠡᠢ ᠪᠠᠶᠢᠪᠠᠯ ᠵᠦᠭᠡᠷ᠂ 1 ᠴᠠᠭ ᠠᠴᠠ ᠬᠡᠳᠦᠷᠡᠪᠡᠯ ᠬᠡᠦᠭᠡᠳ ᠤᠨ ᠰᠡᠳᠬᠢᠴᠠ ᠶᠢ ᠨᠦᠯᠦᠭᠡᠯᠡᠬᠦ ᠪᠤᠯᠤᠨ᠎ᠠ᠃ 1 | ᠴᠠᠭ ᠠᠴᠠ ᠬᠡᠳᠦᠷᠡᠬᠦ ᠦᠭᠡᠢ ᠪᠤᠯ ᠰᠡᠳᠬᠢᠴᠠ ᠶᠢᠨ ᠡᠷᠡᠬᠦᠯ ᠮᠠᠨᠳᠦ ᠳᠤ ᠨᠦᠯᠦᠭᠡ ᠪᠤᠯᠬᠤ ᠦᠭᠡᠢ᠃ 1 ᠴᠠᠭ | ᠠᠴᠠ ᠬᠡᠳᠦᠷᠡᠭᠰᠡᠨ ᠦᠶ᠎ᠡ ᠳᠤ ᠬᠡᠦᠭᠡᠳ ᠤᠨ ᠵᠤᠯ ᠵᠢᠷᠭᠠᠯᠲᠤ ᠰᠡᠳᠬᠢᠯᠭᠡ ᠨᠦᠯᠦᠭᠡᠯᠡᠯ ᠳᠤ ᠤᠴᠠᠷᠠᠵᠤ᠂ ᠭᠤᠨᠢᠶᠠᠨ | ᠭᠠᠩᠰᠠᠷᠠᠬᠤ ᠠᠶᠤᠯ ᠲᠠᠢ ᠪᠤᠯᠤᠨ᠎ᠠ᠃ ᠳᠡᠷᠡ ᠮᠦᠷᠲᠡᠭᠡᠨ ᠪᠡᠶ᠎ᠡ ᠪᠠᠨ ᠡᠵᠡᠮᠲᠡᠬᠦ ᠴᠢᠲᠠᠪᠤᠷᠢ ᠨᠢ ᠪᠠᠭᠤᠷᠠᠵᠤ᠂ ᠶᠠᠭᠤᠮ᠎ᠠ | ᠶᠢ ᠰᠤᠨᠢᠷᠬᠠᠬᠤ ᠰᠡᠳᠬᠢᠴᠠ ᠨᠢ ᠴᠦ ᠨᠦᠯᠦᠭᠡᠯᠡᠭᠲᠡᠲᠡᠭ᠃ | | | ᠢᠷᠡᠯᠳᠡ — ᠠᠷᠠᠳ ᠤᠨ ᠰᠦᠯᠵᠢᠶ᠎ᠡ |