ᠬᠡᠷᠡᠭ ᠤᠨ ᠵᠢᠱᠢᠶ᠎ᠡ᠄ ᠭᠤᠤ ᠤᠪᠤᠭᠲᠤ ᠬᠡᠤᠬᠡᠨ ᠪᠤᠯ ᠳᠡᠭᠡᠳᠤ ᠭᠤᠷᠪᠡ ᠶᠢᠨ ᠰᠤᠷᠤᠭᠴᠢ ᠪᠤᠯᠤᠨ᠎ᠠ᠃ | 2015 ᠤᠨ ᠤ 11 ᠰᠠᠷ᠎ᠠ ᠳᠤ ᠪᠦᠬᠦᠯᠢ ᠠᠷᠪᠠᠨ ᠨᠠᠢᠮᠠᠨ ᠨᠠᠰᠤ ᠬᠦᠷᠪᠡ᠃ ᠭᠤᠤ ᠤᠪᠤᠭᠲᠤ ᠬᠡᠤᠬᠡᠨ ᠤ ᠡᠴᠢᠭᠡ | ᠡᠬᠡ ᠨᠢ 2012 ᠤᠨ ᠤ 9 ᠰᠠᠷ᠎ᠠ ᠳᠤ ᠵᠦᠪᠳᠡᠯᠴᠡᠨ ᠤᠷᠤᠭ ᠰᠠᠯᠵᠤ᠂ ᠬᠡᠦᠬᠡᠨ ᠢ ᠡᠬᠡ ᠨᠢ ᠥᠰᠭᠡᠨ | ᠬᠥᠮᠦᠵᠢᠭᠦᠯᠵᠦ᠂ ᠡᠴᠢᠭᠡ ᠨᠢ ᠰᠠᠷ᠎ᠠ ᠪᠥᠷᠢ 1500 ᠲᠥᠭᠦᠷᠢᠭ ᠤᠨ ᠠᠰᠠᠷᠠᠨ ᠲᠡᠵᠢᠭᠡᠬᠦ ᠰᠥᠢᠳᠭᠡᠯ ᠦᠭᠬᠦ ᠪᠠᠷ | ᠬᠡᠯᠡᠯᠴᠡᠨ ᠲᠣᠭᠲᠠᠵᠠᠢ᠃ ᠬᠡᠲᠡᠯ᠎ᠡ ᠡᠴᠢᠭᠡ ᠨᠢ ᠡᠳᠦᠭᠡ ᠪᠤᠯᠲᠠᠯ᠎ᠠ ᠬᠡᠯᠡᠯᠴᠡᠭᠡᠷ ᠶᠤᠰᠤ ᠪᠠᠷ ᠬᠡᠦᠬᠡᠨ ᠳᠡᠭᠡᠨ ᠠᠰᠠᠷᠠᠨ | ᠲᠡᠵᠢᠬᠡᠬᠦ ᠰᠥᠢᠳᠭᠡᠯ ᠢ ᠥᠭᠭᠦᠭᠡ ᠥᠬᠡᠢ᠃ ᠭᠤᠤ ᠤᠪᠤᠭᠲᠤ ᠬᠡᠦᠬᠡᠨ ᠰᠢᠬᠦᠬᠦ ᠬᠤᠷᠢᠶᠠᠨ ᠳᠤ ᠵᠠᠭᠠᠯᠳᠤᠯᠭ᠎ᠠ ᠬᠢᠵᠦ᠂ | ᠡᠴᠢᠭᠡ ᠶᠢᠨ ᠢᠶᠠᠨ ᠥᠷᠢᠳᠦᠵᠦ ᠪᠠᠶᠢᠬᠤ 2012 ᠤᠨ ᠤ 9 ᠰᠠᠷ᠎ᠠ ᠠᠴᠠ 2016 ᠤᠨ ᠤ 1 ᠰᠠᠷ᠎ᠠ | ᠬᠥᠷᠳᠡᠯᠡᠬᠢ ᠨᠠᠶᠢᠲᠠ 6 ᠲᠦᠮᠡᠨ ᠲᠦᠭᠦᠷᠢᠭ ᠤᠨ ᠠᠰᠠᠷᠠᠨ ᠲᠡᠵᠢᠬᠡᠬᠦ ᠰᠥᠢᠳᠭᠡᠯ ᠢ ᠨᠢᠭᠡ ᠯᠠ ᠳᠡᠭᠡᠷ᠎ᠠ | ᠪᠦᠬᠦᠨ ᠢ ᠥᠭᠴᠦ᠂ 2016 ᠤᠨ ᠤ 2 ᠰᠠᠷ᠎ᠠ ᠠᠴᠠ ᠪᠡᠶ᠎ᠡ ᠪᠠᠨ ᠳᠠᠭᠠᠭᠠᠵᠤ ᠠᠮᠢᠳᠤᠷᠠᠵᠤ ᠳᠡᠶᠢᠯᠬᠦ | ᠬᠦᠷᠲᠡᠯᠡᠬᠢ ᠰᠠᠷ᠎ᠠ ᠪᠥᠷᠢ ᠶᠢᠨ 1500 ᠲᠥᠭᠦᠷᠢᠭ ᠤᠨ ᠠᠰᠠᠷᠠᠨ ᠲᠡᠵᠢᠬᠡᠬᠦ ᠰᠥᠢᠳᠭᠡᠯ ᠢ ᠠᠪᠬᠤ ᠪᠠᠷ | ᠭᠤᠶᠤᠴᠢᠯᠠᠪᠠ᠃ | ᠠᠷᠠᠳ ᠤᠨ ᠰᠢᠭᠦᠬᠦ ᠬᠤᠷᠢᠶ᠎ᠠ ᠨᠢᠭᠡᠳᠦᠭᠡᠷ ᠰᠢᠭᠦᠯᠲᠠ ᠪᠠᠷ ᠳᠠᠮᠵᠢᠨ᠂ ᠭᠤᠤ ᠤᠪᠤᠭᠲᠤ ᠬᠡᠦᠬᠡᠨ ᠤ ᠡᠴᠢᠭᠡ ᠨᠢ | ᠰᠢᠬᠦᠨ ᠲᠠᠰᠤᠯᠤᠯᠳᠠ ᠶᠢᠨ ᠪᠢᠴᠢᠭ ᠬᠥᠴᠦᠨ ᠲᠠᠢ ᠪᠤᠯᠤᠭᠰᠠᠨ ᠤ ᠲᠠᠷᠠᠭᠠᠬᠢ 30 ᠡᠲᠦᠷ ᠤᠨ ᠲᠤᠳᠤᠷ᠎ᠠ | ᠬᠡᠦᠬᠡᠨ ᠤ ᠪᠠᠨ ᠠᠰᠠᠷᠠᠨ ᠲᠡᠵᠢᠬᠡᠬᠦ ᠪᠦᠬᠦ ᠰᠥᠢᠳᠭᠡᠯ 6 ᠲᠦᠮᠡᠨ ᠲᠥᠭᠦᠷᠢᠭ ︵ᠲᠠᠷᠤᠢ 2012 ᠤᠨ ᠤ 9 | ᠰᠠᠷ᠎ᠠ ᠠᠴᠠ 2016 ᠤᠨ ᠤ 1 ᠰᠠᠷ᠎ᠠ ᠬᠥᠷᠳᠡᠯᠡᠬᠢ︶ ᠢ ᠥᠭᠴᠦ᠂ 2016 ᠤᠨ ᠤ 2 ᠰᠠᠷ᠎ᠠ ᠠᠴᠠ ᠰᠠᠷ᠎ᠠ ᠪᠥᠷᠢ | 1500 ᠲᠥᠭᠦᠷᠢᠭ ᠤᠨ ᠠᠰᠠᠷᠠᠨ ᠭᠥᠮᠦᠵᠢᠬᠦᠯᠬᠦ ᠰᠥᠢᠳᠭᠡᠯ ᠢ ᠭᠤᠤ ᠤᠪᠤᠭᠲᠤ ᠭᠡᠦᠬᠡᠨ ᠲᠤᠰᠠᠭᠠᠷ | ᠠᠮᠢᠳᠤᠷᠠᠵᠤ ᠴᠢᠳᠠᠬᠤ ᠬᠦᠷᠲᠡᠯ᠎ᠡ ᠦᠭᠭᠦ ᠬᠡᠷᠡᠭᠲᠠᠢ ᠭᠡᠵᠦ ᠰᠢᠭᠦᠨ ᠲᠠᠰᠤᠯᠪᠠ᠃ ᠨᠢᠭᠡᠳᠦᠭᠡᠷ ᠰᠢᠭᠦᠯᠲᠠ ᠶᠢᠨ | ᠰᠢᠭᠦᠨ ᠲᠠᠰᠤᠯᠤᠯᠳᠠ ᠶᠢᠨ ᠪᠢᠴᠢᠭ ᠢ ᠬᠦᠷᠭᠡᠭᠰᠠᠨ ᠤ ᠲᠠᠷᠠᠭ᠎ᠠ᠂ ᠭᠤᠤ ᠤᠪᠤᠭᠲᠤ ᠬᠡᠦᠬᠡᠨ ᠤ ᠡᠴᠢᠭᠡ ᠨᠢ | ᠰᠢᠬᠦᠨ ᠲᠠᠰᠤᠯᠤᠯᠳᠠ ᠶᠢ ᠬᠦᠯᠢᠶᠡᠬᠦ ᠦᠬᠡᠢ᠂ ᠠᠷᠠᠳ ᠤᠨ ᠳᠤᠮᠲᠠ ᠵᠡᠷᠭᠡ ᠶᠢᠨ ᠰᠢᠭᠦᠭᠦ ᠬᠤᠷᠢᠶᠠᠨ ᠳᠤ ᠲᠠᠭᠡᠭᠰᠢ | ᠵᠠᠭᠠᠯᠳᠤᠪᠠ᠃ ᠬᠤᠶᠠᠳᠤᠭᠠᠷ ᠰᠢᠭᠦᠯᠲᠠ ᠳᠤ ᠬᠡᠷᠡᠭ ᠢ ᠤᠯᠠᠮ ᠨᠢᠭᠡ ᠠᠯᠬᠤᠮ ᠪᠠᠶᠢᠴᠠᠭᠠᠨ ᠲᠤᠳᠤᠯᠠᠭᠰᠠᠨ ᠬᠤᠶᠢᠨ᠎ᠠ᠂ | ᠭᠤᠣ ᠣᠪᠣᠬᠳᠣ ᠬᠡᠣᠬᠡᠨ ᠤ ᠡᠴᠢᠬᠡ ᠶᠢᠨ ᠲᠠᠭᠡᠭᠰᠢ ᠵᠠᠭᠠᠯᠳᠤᠯᠭ᠎ᠠ ᠶᠢ ᠨᠢᠴᠤᠭᠠᠨ᠂ ᠤᠤᠯ ᠤᠨ ᠰᠢᠬᠦᠨ | ᠲᠠᠰᠤᠯᠤᠯᠳᠠ ᠶᠢ ᠪᠠᠷᠢᠮᠲᠠᠯᠠᠭᠰᠠᠨ ᠪᠠᠶᠢᠨ᠎ᠠ᠃ | ᠬᠠᠤᠯᠢᠴᠢ ᠶᠢᠨ ᠵᠠᠳᠠᠯᠤᠯᠲᠠ᠄ ︽ᠪᠦᠭᠦᠲᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠣᠷᠤᠭ ᠤᠨ ᠬᠠᠤᠯᠢ︾ ᠶᠢᠨ ᠬᠤᠷᠢᠨ ᠨᠢᠭᠡᠳᠦᠭᠡᠷ ᠵᠦᠢᠯ ᠤᠨ ᠲᠤᠭᠲᠠᠭᠠᠯ ᠳᠤ᠂ ︽ᠡᠴᠢᠭᠡ ᠡᠬᠡ | ᠪᠤᠯᠤᠭᠰᠠᠳ ᠨᠢ ᠦᠷ᠎ᠡ ᠬᠡᠤᠬᠡᠳ ᠢᠶᠠᠨ ᠠᠰᠠᠷᠠᠨ ᠲᠡᠵᠢᠭᠡᠵᠤ ᠰᠤᠷᠭᠠᠨ ᠬᠦᠮᠦᠵᠢᠭᠦᠯᠬᠦ ᠡᠭᠦᠷᠭᠡ ᠲᠠᠢ᠂ ᠡᠴᠢᠭᠡ | ᠡᠬᠡ ᠪᠤᠯᠤᠭᠰᠠᠳ ᠨᠢ ᠠᠰᠠᠷᠠᠨ ᠲᠡᠵᠢᠭᠡᠬᠦ ᠡᠭᠦᠷᠭᠡ ᠪᠠᠨ ᠭᠦᠢᠴᠡᠳᠭᠡᠬᠦ ᠦᠭᠡᠢ ᠪᠤᠯ ᠨᠠᠰᠤᠨ ᠳᠤ ᠬᠦᠷᠦᠭᠡᠳᠦᠢ | ᠪᠤᠶᠤ ᠪᠡᠶ᠎ᠡ ᠪᠠᠨ ᠲᠠᠭᠠᠭᠠᠵᠤ ᠲᠤᠰᠠᠭᠠᠷ ᠠᠮᠢᠳᠤᠷᠠᠵᠤ ᠴᠢᠳᠠᠬᠤ ᠦᠭᠡᠢ ᠦᠷ᠎ᠡ ᠬᠡᠤᠬᠡᠳ ᠨᠢ ᠡᠴᠢᠭᠡ | ᠡᠬᠡ ᠠᠴᠠ ᠪᠠᠨ ᠠᠰᠠᠷᠠᠨ ᠭᠥᠮᠦᠵᠢᠬᠦᠯᠬᠦ ᠰᠥᠢᠳᠭᠡᠯ ᠠᠪᠬᠤ ᠪᠠᠷ ᠱᠠᠭᠠᠷᠳᠠᠬᠤ ᠡᠷᠬᠡ ᠲᠠᠢ︾ ᠭᠡᠵᠦ ᠲᠤᠭᠲᠠᠭᠠᠪᠠ᠃ | ︽ᠪᠦᠬᠦᠳᠠ ᠨᠠᠶᠢᠷᠠᠮᠳᠠᠬᠤ ᠲᠤᠮᠳᠠᠳᠤ ᠠᠷᠠᠥᠨ ᠤᠯᠤᠰ ᠤᠨ ᠤᠷᠤᠭ ᠤᠨ ᠬᠠᠥᠯᠢ︾ ᠳᠤ ᠲᠤᠬᠢᠷᠠᠭᠤᠯᠤᠨ | ᠭᠡᠷᠡᠭᠯᠡᠬᠦ ᠠᠰᠠᠭᠤᠳᠠᠯ ᠤᠳ ᠤᠨ ᠲᠤᠬᠠᠢ ᠠᠷᠠᠥᠨ ᠤᠨ ᠲᠡᠭᠡᠳᠦ ᠰᠢᠬᠦᠬᠦ ᠬᠤᠷᠢᠶᠠᠨ ᠤ ᠲᠠᠶᠢᠯᠪᠤᠷᠢ ︵ᠨᠢᠭᠡ︶ ᠶᠢᠨ | ᠬᠤᠷᠢᠳᠤᠭᠠᠷ ᠵᠦᠢᠯ ᠳᠤ ᠲᠤᠳᠤᠷᠬᠠᠶᠢᠯᠠᠭᠰᠠᠨ ᠨᠢ᠄ ᠤᠷᠤᠭ ᠤᠨ ᠬᠠᠥᠯᠢ ᠶᠢᠨ ᠬᠤᠷᠢᠨ ᠨᠢᠭᠡᠳᠦᠭᠡᠷ ᠵᠦᠢᠯ ᠳᠤ | ᠲᠤᠭᠳᠠᠭᠠᠭᠰᠠᠨ ︽ᠪᠡᠶ᠎ᠡ ᠪᠠᠨ ᠲᠠᠭᠠᠭᠠᠵᠤ ᠲᠤᠰᠠᠭᠠᠷ ᠠᠮᠢᠳᠤᠷᠠᠵᠤ ᠴᠢᠳᠠᠬᠤ ᠦᠭᠡᠢ ᠦᠷ᠎ᠡ ᠭᠡᠥᠭᠡᠥᠨ︾ ᠭᠡᠳᠡᠭ ᠨᠢ | ᠲᠡᠭᠡᠳᠦ ᠵᠡᠷᠭᠡ ᠶᠢᠨ ᠲᠤᠮᠳᠠᠳᠤ ᠰᠤᠷᠭᠠᠭᠤᠯᠢ ᠪᠤᠶᠤ ᠲᠡᠭᠡᠳᠦ ᠵᠡᠷᠭᠡ ᠶᠢᠨ ᠲᠤᠮᠳᠠᠳᠤ ᠰᠤᠷᠭᠠᠭᠤᠯᠢ ᠠᠴᠠ | ᠲᠤᠷᠤᠭᠰᠢ ᠰᠤᠷᠤᠯᠭ᠎ᠠ ᠶᠢᠨ ᠨᠠᠮᠳᠠᠷ ᠤᠨ ᠰᠤᠷᠭᠠᠨ ᠬᠦᠮᠦᠵᠢᠯ ᠢ ᠬᠦᠷᠳᠡᠵᠦ ᠴᠢᠳᠠᠬᠤ ᠦᠭᠡᠢ᠂ ᠡᠰᠡᠬᠦᠯ᠎ᠡ | ᠬᠦᠳᠡᠯᠮᠦᠷᠢ ᠶᠢᠨ ᠴᠢᠳᠠᠪᠤᠷᠢ ᠪᠠᠨ ᠠᠯᠳᠠᠭᠰᠠᠨ ᠪᠤᠶᠤ ᠪᠦᠷᠢᠮᠦᠰᠦᠨ ᠠᠯᠳᠠᠭᠰᠠᠨ ᠵᠡᠷᠭᠡ ᠪᠡᠶᠡᠴᠢ ᠪᠤᠰᠤ | ᠰᠢᠯᠳᠠᠭᠠᠨ ᠢᠶᠠᠷ ᠭᠡᠪ ᠤᠨ ᠠᠮᠢᠳᠤᠷᠠᠯ ᠢᠶᠠᠨ ᠠᠷᠭᠠᠴᠠᠬᠤ ᠶᠢᠨ ᠠᠷᠭ᠎ᠠ ᠦᠭᠡᠢ ᠨᠠᠰᠤᠨ ᠳᠤ ᠬᠦᠷᠦᠭᠰᠡᠨ ᠦᠷ᠎ᠡ | ᠭᠡᠥᠭᠡᠥᠨ ᠢ ᠵᠢᠭᠠᠨ᠎ᠠ᠃ | ᠬᠠᠣᠯᠢᠴᠢ ᠶᠢᠨ ᠰᠠᠨᠠᠭᠤᠯᠤᠮᠵᠢ᠄ ᠲᠤᠰᠠᠭᠠᠷ ᠠᠮᠢᠳᠤᠷᠠᠵᠤ ᠴᠢᠳᠠᠬᠤ ᠦᠭᠡᠢ ᠦᠷ᠎ᠡ ᠬᠡᠤᠬᠡᠳ ᠬᠡᠳᠡᠭ ᠨᠢ | ᠲᠠᠷᠤᠢ ᠤᠳᠤ ᠳᠡᠭᠡᠳᠦ ᠵᠡᠷᠭᠡ ᠶᠢᠨ ᠲᠤᠮᠳᠠᠲᠤ ᠰᠤᠷᠭᠠᠭᠤᠯᠢ ᠳᠤ ᠰᠤᠷᠤᠯᠴᠠᠵᠦ ᠪᠠᠶᠢᠭ᠎ᠠ ᠪᠤᠶᠤ ᠲᠡᠭᠦᠨ ᠠᠴᠠ | ᠳᠤᠷᠤᠭᠰᠢ ᠰᠤᠷᠭᠠᠨ ᠬᠦᠮᠦᠵᠢᠯ ᠭᠦᠷᠲᠡᠵᠤ ᠪᠠᠶᠢᠬᠤ ᠪᠤᠶᠤ ᠭᠦᠳᠡᠯᠮᠦᠷᠢᠯᠡᠬᠦ ᠴᠢᠳᠠᠪᠤᠷᠢ ᠪᠠᠨ ᠪᠦᠷᠢᠨ | ᠠᠯᠳᠠᠭᠰᠡᠨ ᠡᠰᠡᠭᠦᠯ᠎ᠡ ᠪᠦᠷᠢᠨ ᠭᠦᠢᠴᠡᠳ ᠠᠯᠳᠠᠭ᠎ᠠ ᠦᠭᠡᠢ ᠵᠡᠷᠭᠡ ᠪᠡᠶᠡᠴᠢ ᠪᠤᠰᠤ ᠰᠢᠯᠳᠠᠭᠠᠨ ᠢᠶᠠᠷ ᠭᠡᠪ ᠤᠨ | ᠠᠮᠢᠳᠤᠷᠠᠯ ᠢᠶᠠᠨ ᠠᠷᠭᠠᠴᠠᠵᠤ ᠴᠢᠳᠠᠬᠤ ᠦᠭᠡᠢ ᠨᠠᠰᠤᠨ ᠳᠤ ᠬᠦᠷᠦᠭᠰᠡᠨ ᠦᠷ᠎ᠡ ᠬᠡᠤᠬᠡᠳ ᠢ ᠬᠡᠯᠡᠨ᠎ᠠ᠃ | ᠭᠤᠤ ᠤᠪᠤᠭᠲᠤ ᠬᠡᠦᠬᠡᠨ ᠬᠡᠳᠦ᠋ᠢᠪᠡᠷ 2015 ᠤᠨ ᠤ 11 ᠰᠠᠷ᠎ᠠ ᠳᠤ ᠨᠢᠭᠡᠨᠲᠡ ᠪᠦᠬᠦᠯᠢ ᠠᠷᠪᠠᠨ ᠨᠠᠢᠮᠠᠨ | ᠨᠠᠰᠤᠨ ᠳᠤ ᠬᠦᠷᠦᠭᠰᠡᠨ ᠪᠤᠯᠪᠠᠴᠤ᠂ ᠤᠳᠤ ᠲᠡᠭᠡᠳᠦ ᠭᠤᠷᠪᠠ ᠳᠤ ᠰᠤᠷᠤᠯᠴᠠᠵᠤ ᠪᠠᠶᠢᠨ᠎ᠠ᠃ ᠡᠴᠢᠭᠡ ᠡᠬᠡ | ᠪᠤᠯᠤᠭᠰᠠᠳ ᠪᠡᠶ᠎ᠡ ᠪᠠᠨ ᠲᠠᠭᠠᠭᠠᠵᠤ ᠲᠤᠰᠠᠭᠠᠷ ᠠᠮᠢᠳᠤᠷᠠᠵᠤ ᠴᠢᠳᠠᠬᠤ ᠦᠭᠡᠢ ᠦᠷ᠎ᠡ ᠬᠡᠤᠬᠡᠳ ᠲᠡᠭᠡᠨ ᠠᠰᠠᠷᠠᠨ | ᠲᠡᠵᠢᠭᠡᠬᠦ ᠰᠥᠢᠳᠭᠡᠯ ᠦᠭᠬᠦ ᠡᠭᠦᠷᠭᠡ ᠬᠠᠷᠢᠭᠤᠴᠠᠯᠭ᠎ᠠ ᠲᠠᠢ᠃ ᠡᠴᠢᠭᠡ ᠡᠬᠡ ᠪᠤᠯᠤᠭᠰᠠᠳ ᠦᠷ᠎ᠡ ᠬᠡᠦᠬᠡᠳ ᠨᠢ | ᠨᠢᠭᠡᠨᠲᠠ ᠠᠷᠪᠠᠨ ᠨᠠᠢᠮᠠᠨ ᠨᠠᠰᠤᠨ ᠳᠤ ᠬᠦᠷᠦᠭᠰᠡᠨ ᠭᠡᠬᠦ ᠰᠢᠯᠲᠠᠭᠠᠨ ᠢᠶᠠᠷ ᠡᠨᠡ ᠬᠦ ᠡᠭᠦᠷᠭᠡ ᠬᠠᠷᠢᠭᠤᠴᠠᠯᠭ᠎ᠠ ᠪᠠᠨ | ᠬᠤᠶᠢᠰᠢ ᠲᠦᠯᠬᠢᠵᠦ ᠪᠤᠯᠬᠤ ᠦᠭᠡᠢ᠃ | | ᠢᠷᠡᠯᠳᠡ — ᠠᠷᠠᠳ ᠤᠨ ᠰᠦᠯᠵᠢᠶ᠎ᠡ | | | |