ᠵᠠᠷᠭᠤ ᠤᠯᠠᠨᠳᠠᠢ ᠭᠠᠴᠠᠭ᠎ᠠ ᠵᠢᠷᠭᠠᠯ ᠪᠢᠯᠬᠠᠬᠰᠡᠨ ᠭᠠᠴᠠᠭ᠎ᠠ ᠪᠤᠯᠪᠠ
ᠨᠡᠶᠢᠲᠡᠯᠡᠭᠰᠡᠨ ᠴᠠᠭ᠄
2020/11/4
  ᠵᠠᠷᠭᠤ ᠤᠯᠠᠨᠳᠠᠢ ᠭᠠᠴᠠᠭ᠎ᠠ ᠵᠢᠷᠭᠠᠯ ᠪᠢᠯᠬᠠᠬᠰᠡᠨ ᠭᠠᠴᠠᠭ᠎ᠠ ᠪᠤᠯᠪᠠ                   ᠊᠊᠊᠊᠊᠊᠊ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ                   ᠵᠢᠷᠭᠠᠯᠠᠩ ᠪᠠᠯᠭᠠᠰᠤ ᠶᠢᠨ ᠮᠤᠷᠢᠨ ᠳᠠᠯ᠎ᠠ ᠭᠠᠴᠠᠭ᠎ᠠ ᠶᠢ ᠳᠡᠮᠳᠡᠭᠯᠡᠪᠡ    ᠊᠊᠊᠊᠊᠊᠊ ᠮᠠᠨ  ᠤ ᠭᠠᠴᠠᠭ᠎ᠠ  ᠶᠢᠨ ᠭᠠᠵᠠᠷ ᠪᠠᠭ᠎ᠠ ᠬᠦᠮᠦᠨ ᠤᠯᠠᠨ ᠂ ᠠᠯᠠᠭ᠎ᠠ  ᠶᠢᠨ ᠴᠢᠨᠡᠭᠡ ᠭᠠᠵᠠᠷ  ᠢ ᠴᠦ ᠰᠠᠶᠢᠳᠤᠷ ᠠᠰᠢᠬᠯᠠᠬᠤ ᠴᠢᠬᠤᠯᠠᠳᠠᠢ ᠃    ᠊᠊᠊᠊᠊᠊ ᠪᠦᠬᠦ ᠭᠠᠴᠠᠭᠠᠨ  ᠤ ᠲᠠᠪᠤᠨ ᠠᠶᠢᠯ  ᠤᠨ ᠲᠠᠷᠢᠶ᠎ᠠ  ᠶᠢᠨ ᠭᠠᠵᠠᠷ ᠬᠠᠷᠢᠯᠴᠠᠨ ᠰᠤᠯᠪᠢᠴᠠᠵᠦ ᠲᠠᠷᠬᠠᠬᠰᠠᠨ ᠠᠴᠠ ᠮᠠᠷᠭᠤᠭᠠᠨ ᠲᠠᠢ ᠭᠠᠵᠠᠷ ᠤᠯᠠᠨ ᠂ ᠡᠶᠡᠳᠡᠬᠦᠯᠵᠦ ᠰᠢᠢᠳᠪᠦᠷᠢᠯᠡᠬᠦ  ᠳᠤ ᠨᠡᠯᠢᠶᠡᠳ ᠬᠦᠴᠢᠷᠳᠠᠢ ᠃    ᠊᠊᠊᠊᠊᠊᠊ ᠲᠠᠷᠢᠶ᠎ᠠ ᠶᠢᠨ ᠭᠠᠵᠠᠷ ᠲᠠᠢ ᠬᠤᠯᠪᠤᠬᠳᠠᠬᠰᠠᠨ ᠭᠡᠷᠡᠭ ᠵᠠᠷᠭᠤ ᠤᠯᠠᠨ ᠂ ᠪᠠᠯᠭᠠᠰᠤᠨ  ᠤ ᠵᠠᠰᠠᠭ  ᠤᠨ ᠤᠷᠳᠤᠨ ᠠᠴᠠ ᠤᠷᠤᠨ  ᠤ ᠲᠦᠪ ᠬᠦᠭᠡᠬᠤᠳᠠ ᠬᠦᠷᠳᠡᠯ᠎ᠠ ᠵᠠᠷᠭᠤ ᠬᠢᠵᠦ ᠂ ᠵᠠᠷᠭᠤᠴᠢ ᠭᠠᠴᠠᠭ᠎ᠠ ᠶᠢᠨ ᠮᠠᠭᠤ ᠨᠡᠷ᠎ᠠ ᠮᠤᠨᠳᠠᠭ ᠴᠤᠯᠠ ᠶᠢ ᠵᠡᠬᠦᠵᠠᠢ ᠃
           
   ᠁    ᠮᠤᠷᠢᠨ ᠳᠠᠯ᠎ᠠ ᠭᠠᠴᠠᠭ᠎ᠠ ᠶᠢᠨ ᠦᠩᠭᠡᠷᠡᠭᠰᠡᠨ  ᠢ ᠡᠷᠬᠢᠴᠡᠬᠦᠯᠵᠦ ᠰᠠᠭᠤᠬᠤ  ᠳᠤ ᠂ ᠭᠠᠴᠠᠭᠠᠨ ᠠᠷᠠᠳ ᠮᠠᠨᠢ ᠭᠡᠯᠡᠭᠡᠳ ᠪᠠᠷᠠᠰᠢ ᠦᠭᠡᠢ ᠵᠤᠭᠤᠭ ᠶᠠᠷᠢᠭᠠᠳ ᠪᠠᠷᠠᠰᠢ ᠦᠭᠡᠢ ᠦᠯᠢᠭᠡᠷ ᠲᠠᠢ ᠃ ᠤᠳᠤᠬᠠᠨ  ᠳᠤ ᠂ ᠲᠡᠳᠡᠭᠡᠷ  ᠨᠢ ᠨᠢᠭᠡᠨᠳᠠ ᠲᠡᠦᠭᠡ ᠶᠢᠨ ᠬᠠᠭᠤᠳᠠᠰᠤ  ᠳᠤ ᠲᠡᠮᠳᠡᠭᠯᠡᠭᠳᠡᠨ ᠬᠤᠴᠤᠷᠴᠦ ᠂ ᠮᠤᠷᠢᠨ ᠳᠠᠯ᠎ᠠ ᠭᠠᠴᠠᠭ᠎ᠠ  ᠶᠢᠨ ᠠᠷᠠᠳ ᠤᠯᠠᠨ ᠴᠦ ᠬᠤᠪᠢᠷᠠᠯᠳᠠ ᠬᠦᠭᠵᠢᠯᠳᠠ ᠶᠢ ᠨᠢᠳᠦ ᠪᠠᠷ  ᠢᠶᠠᠨ ᠦᠵᠡᠵᠦ ᠪᠡᠶ᠎ᠠ  ᠪᠠᠷ  ᠢᠶᠠᠨ ᠮᠡᠳᠡᠷᠡᠭᠰᠡᠨ ᠭᠡᠷᠡᠴᠢ ᠬᠦᠮᠦᠨ ᠪᠤᠯᠵᠠᠢ ᠃      
   ᠊᠊᠊᠊᠊᠊᠊ ᠶᠡᠭᠡ ᠰᠤᠷᠭᠠᠭᠤᠯᠢ  ᠳᠤ ᠲᠠᠪᠰᠢᠬᠰᠡᠨ ᠤᠶᠤᠳᠠᠨ  ᠤ ᠰᠢᠯᠭᠠᠯᠳᠠ ᠶᠢᠨ ᠬᠤᠪᠢ ᠶᠢ ᠦᠨᠳᠦᠰᠦᠯᠡᠵᠦ ᠂ 1000 ᠠᠴᠠ 3000 ᠲᠦᠬᠦᠷᠢᠭ ᠱᠠᠩᠨᠠᠵᠦ ᠂ 80 ᠨᠠᠰᠤ  ᠶᠢ ᠲᠠᠪᠠᠭᠰᠠᠨ ᠪᠤᠭᠤᠷᠤᠯᠴᠤᠳ ᠲᠤ ᠪᠠᠨ ᠵᠢᠯ ᠪᠦᠷᠢ 500 ᠲᠦᠬᠦᠷᠢᠭ ᠭᠠᠷᠳᠠᠭᠤᠯᠵᠦ ᠂ ᠰᠢᠨ᠎ᠠ ᠵᠢᠯ ᠴᠠᠭᠠᠨ ᠰᠠᠷ᠎ᠠ  ᠶᠢᠨ ᠦᠶ᠎ᠠ  ᠳᠤ ᠴᠡᠷᠢᠭ ᠠᠴᠠ ᠬᠠᠯᠠᠬᠳᠠᠬᠰᠠᠨ ᠬᠦᠮᠦᠰ  ᠢ 300 ᠲᠦᠬᠦᠷᠢᠭ  ᠤᠨ ᠡᠳ᠋ ᠪᠤᠳᠠᠰ  ᠢᠶᠠᠷ ᠲᠤᠬᠤᠨᠢᠭᠤᠯᠵᠦ ᠪᠠᠶᠢᠨ᠎ᠠ ᠃    ᠊᠊᠊᠊᠊᠊᠊ ᠨᠠᠮ ᠪᠠᠶᠢᠭᠤᠯᠤᠬᠳᠠᠬᠰᠠᠨ ᠪᠠᠶᠠᠷ ᠂ ᠤᠯᠤᠰ ᠪᠠᠶᠢᠭᠤᠯᠤᠬᠳᠠᠬᠰᠠᠨ ᠪᠠᠶᠠᠷ ᠂ ᠲᠡᠯᠡᠭᠡᠢ ᠶᠢᠨ ᠡᠮᠡᠭᠳᠠᠶᠢᠴᠤᠳ  ᠤᠨ ᠪᠠᠶᠠᠷ ᠵᠡᠷᠭᠡ ᠶᠢᠨ ᠪᠠᠶᠠᠷ ᠲᠤᠷᠠᠰᠬᠠᠯ  ᠤᠨ ᠡᠳᠦᠷ ᠲᠤ 2 ᠲᠦᠮᠡ ᠭᠠᠷᠤᠢ ᠲᠦᠬᠦᠷᠢᠭ  ᠤᠨ ᠵᠠᠷᠤᠳᠠᠯ ᠮᠦᠩᠬᠦ ᠭᠠᠷᠭᠠᠵᠦ ᠂ ᠤᠳᠬ᠎ᠠ ᠬᠦᠨ ᠠᠭᠤᠯᠭ᠎ᠠ ᠪᠠᠶᠠᠯᠢᠭ ᠪᠦᠬᠦᠢ ᠤᠷᠠᠨ ᠰᠠᠶᠢᠬᠠᠨ  ᠤ ᠲᠤᠬᠯᠠᠯᠳᠠ ᠪᠡᠯᠡᠳᠭᠡᠵᠦ ᠂ ᠪᠠᠶᠠᠷ  ᠤᠨ ᠡᠳᠦᠷ  ᠢᠶᠠᠨ ᠪᠡᠯᠭᠡᠯᠡᠵᠦ ᠂ ᠠᠷᠠᠳ ᠤᠯᠠᠨ  ᠤ ᠰᠤᠶᠤᠯ  ᠤᠨ ᠠᠮᠢᠳᠤᠷᠠᠯ  ᠢ ᠪᠠᠶᠠᠯᠢᠬᠵᠢᠭᠤᠯᠵᠦ ᠪᠤᠢ ᠃    
   ᠊᠊᠊᠊᠊᠊᠊ 2019 ᠤᠨ  ᠳᠤ ᠂ ᠮᠠᠨ  ᠤ ᠭᠠᠴᠠᠭᠠᠨ  ᠤ ᠬᠠᠮᠳᠦ ᠶᠢᠨ ᠠᠵᠦ ᠠᠬᠤᠢ ᠶᠢᠨ ᠤᠷᠤᠯᠭ᠎ᠠ 35 ᠲᠦᠮᠡᠨ ᠲᠦᠬᠦᠷᠢᠭ ᠲᠤ ᠬᠦᠷᠴᠦ ᠂ ᠡᠨᠡ ᠵᠢᠯ 60 ᠲᠦᠮᠡᠨ ᠲᠦᠬᠦᠷᠢᠭ ᠲᠤ ᠬᠦᠷᠬᠦ ᠪᠤᠯᠤᠨ᠎ᠠ ᠭᠡᠵᠦ ᠮᠤᠷᠢᠨ ᠳᠠᠯ᠎ᠠ ᠭᠠᠴᠠᠭ᠎ᠠ  ᠶᠢᠨ ᠨᠠᠮ  ᠤᠨ ᠡᠬᠦᠷ  ᠤᠨ ᠱᠦᠵᠢ ᠪᠤᠤ ᠱᠠᠨ ᠪᠠ ᠮᠤᠷᠢᠨ ᠳᠠᠯ᠎ᠠ ᠭᠠᠴᠠᠭ᠎ᠠ  ᠶᠢᠨ ᠨᠢᠭᠳᠠᠯᠠᠨ ᠪᠤᠳᠤᠬᠴᠢ ᠬᠦᠸᠧ ᠱᠸᠡᠭ ᠠᠴᠠ ᠨᠠᠷᠢᠨ ᠲᠠᠩᠰᠠ ᠪᠤᠳᠤᠵᠦ ᠂ ᠮᠤᠷᠢᠨ ᠳᠠᠯ᠎ᠠ ᠭᠠᠴᠠᠭ᠎ᠠ  ᠶᠢᠨ ᠬᠤᠪᠢᠷᠠᠯᠳᠠ ᠬᠦᠭᠵᠢᠯᠳᠠ ᠶᠢᠨ ᠭᠡᠭᠡᠨ ᠬᠠᠭᠤᠳᠠᠰᠤ ᠶᠢ ᠬᠦᠮᠦᠰ  ᠤᠨ ᠨᠢᠳᠦᠨ  ᠳᠤ ᠦᠵᠡᠭᠳᠡᠵᠦ ᠭᠠᠷ ᠲᠤ ᠪᠠᠷᠢᠬᠳᠠᠳᠠᠯ᠎ᠠ ᠵᠢᠷᠤᠬᠯᠠᠵᠦ ᠪᠢᠯᠠ ᠃      ᠡᠨᠡ ᠪᠤᠯ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ  ᠤ ᠵᠢᠷᠭᠠᠯᠠᠩ ᠪᠠᠯᠭᠠᠰᠤ ᠶᠢᠨ ᠮᠤᠷᠢᠨ ᠳᠠᠯ᠎ᠠ ᠭᠠᠴᠠᠭ᠎ᠠ  ᠶᠢᠨ ᠤᠬᠤᠷᠬᠠᠨ 5 ᠵᠢᠯ  ᠤᠨ ᠬᠤᠭᠤᠴᠠᠭᠠᠨ  ᠳᠠᠬᠢ ᠯᠤᠳᠤ ᠶᠡᠭᠡ ᠬᠤᠪᠢᠷᠠᠯᠳᠠ ᠪᠤᠯᠤᠨ᠎ᠠ ᠃ 2015 ᠤᠨ  ᠳᠤ ᠂ ᠮᠤᠷᠢᠨ ᠳᠠᠯ᠎ᠠ ᠭᠠᠴᠠᠭ᠎ᠠ  ᠶᠢᠨ ᠬᠦᠮᠦᠨ ᠪᠦᠷᠢ ᠶᠢᠨ ᠳᠤᠮᠳᠠᠴᠢ ᠤᠷᠤᠯᠭ᠎ᠠ 6000 ᠭᠠᠷᠦ᠋ᠢᠬᠠᠨ ᠲᠦᠬᠦᠷᠢᠭ ᠪᠠᠶᠢᠵᠦ ᠂ 2020 ᠤᠨ ᠪᠤᠯᠬᠤ  ᠳᠤ ᠂ ᠬᠦᠮᠦᠨ ᠪᠦᠷᠢ  ᠶᠢᠨ ᠳᠤᠮᠳᠠᠴᠢ ᠤᠷᠤᠯᠭ᠎ᠠ 9000 ᠰᠢᠬᠠᠮ ᠲᠦᠬᠦᠷᠢᠭ ᠲᠤ ᠬᠦᠷᠴᠠᠢ ᠃ ᠤᠷᠤᠯᠭ᠎ᠠ ᠶᠢᠨ ᠭᠡᠮᠵᠢᠶ᠎ᠠ ᠨᠡᠮᠡᠭᠳᠡᠵᠦ ᠭᠡᠷᠡᠭ ᠵᠠᠷᠭᠤ ᠶᠡᠭᠡᠪᠡᠷ ᠪᠠᠭᠠᠰᠬᠤ ᠶᠢ ᠲᠠᠭᠠᠯᠳᠤᠨ ᠂ ᠠᠷᠠᠳ  ᠤᠨ ᠠᠮᠢᠳᠤᠷᠠᠯ  ᠤᠨ ᠬᠢᠷᠢ ᠲᠦᠪᠰᠢᠨ ᠲᠠᠰᠤᠷᠠᠯᠳᠠ ᠦᠭᠡᠢ ᠲᠡᠭᠡᠭᠰᠢᠯᠡᠵᠦ ᠂ ᠠᠮᠢᠳᠤᠷᠠᠯ  ᠤᠨ ᠤᠷᠴᠢᠨ ᠲᠤᠭᠤᠷᠢᠨ ᠨᠡᠩ ᠢᠯᠡᠬᠦᠦ ᠡᠶ᠎ᠡ ᠵᠤᠬᠢᠴᠠᠩᠭᠤᠢ ᠪᠤᠯᠪᠠ ᠃ ᠰᠤᠷᠪᠤᠯᠵᠢᠯᠠᠬᠴᠢ ᠠᠴᠠ ᠮᠤᠷᠢᠨ ᠳᠠᠯ᠎ᠠ ᠭᠠᠴᠠᠭ᠎ᠠ  ᠶᠢᠨ ᠶᠠᠳᠠᠭᠤ ᠠᠴᠠ ᠠᠩᠬᠢᠵᠢᠷᠠᠵᠦ ᠪᠠᠶᠠᠵᠢᠯ  ᠤᠨ ᠵᠠᠮ  ᠢᠶᠠᠷ ᠵᠠᠮᠨᠠᠬᠰᠠᠨ ᠦᠯᠢᠭᠡᠷ ᠤᠴᠢᠷ  ᠢ ᠲᠡᠮᠳᠡᠭᠯᠡᠵᠦ ᠂ ᠬᠤᠪᠢᠷᠠᠯᠳᠠ ᠬᠦᠭᠵᠢᠯᠳᠠ ᠶᠢᠨ ᠠᠷᠤ  ᠳᠠᠬᠢ ᠨᠢᠭᠤᠴᠠ ᠵᠤᠷ  ᠢ ᠲᠦᠮᠡᠨ  ᠤ ᠨᠢᠳᠦ ᠮᠢᠩᠭᠠᠨ  ᠤ ᠰᠤᠨᠤᠷ ᠲᠤ ᠬᠦᠷᠭᠡᠬᠦ ᠶᠢᠨ ᠲᠤᠯᠠᠳᠠ ᠂ ᠰᠤᠷᠪᠤᠯᠵᠢᠯᠠᠭ᠎ᠠ ᠪᠠᠨ ᠤᠯᠠᠮ ᠨᠢᠭᠡ ᠠᠯᠬᠤᠮ ᠬᠦᠨᠵᠡᠭᠡᠶᠢᠷᠡᠬᠦᠯᠵᠦ ᠪᠢᠯᠠ ᠃      ᠮᠤᠷᠢᠨ ᠳᠠᠯ᠎ᠠ ᠭᠠᠴᠠᠭ᠎ᠠ ᠪᠤᠯ ᠬᠦᠮᠦᠨ ᠠᠮᠠ ᠤᠯᠠᠨ ᠭᠠᠵᠠᠷ ᠨᠤᠳᠤᠭ ᠴᠦᠭᠡᠨ ᠨᠡᠶᠢᠳᠡᠯᠢᠭ ᠴᠢᠨᠠᠷᠳᠠᠢ ᠭᠠᠴᠠᠭ᠎ᠠ  ᠶᠢᠨ ᠨᠢᠭᠡ ᠨᠢ ᠃ ᠲᠠᠪᠤᠨ ᠠᠶᠢᠯ  ᠢᠶᠠᠷ  ᠢᠶᠠᠨ ᠨᠡᠶᠢᠯᠡᠭᠡᠳ 364 ᠡᠷᠦᠭᠡ 1200 ᠬᠦᠮᠦᠨ ᠠᠮᠠ  ᠲᠠᠢ ᠪᠠᠶᠢᠬᠤ  ᠳᠤ ᠂ ᠪᠦᠬᠦᠳᠠ ᠭᠠᠵᠠᠷ ᠰᠢᠷᠤᠢ ᠨᠢ ᠲᠦᠩᠭᠡᠵᠢ 57000 ᠮᠦ ᠪᠠᠶᠢᠳᠠᠭ ᠃ ᠡᠬᠦᠨ ᠠᠴᠠ ᠭᠠᠳᠠᠨ᠎ᠠ ᠂ ᠬᠦᠮᠦᠨ ᠪᠦᠷᠢ  ᠳᠤ ᠨᠤᠬᠳᠠᠬᠤ ᠲᠠᠷᠢᠶ᠎ᠠ  ᠶᠢᠨ ᠭᠠᠵᠠᠷ  ᠤᠨ ᠭᠡᠮᠵᠢᠶ᠎ᠠ ᠠᠳᠠᠯᠢ ᠪᠤᠰᠤ ᠂ ᠠᠶᠢᠯ ᠬᠤᠭᠤᠷᠤᠨᠳᠤ ᠪᠠᠨ ᠲᠠᠷᠢᠶ᠎ᠠ  ᠶᠢᠨ ᠭᠠᠵᠠᠷ  ᠤᠨ ᠭᠡᠷᠡᠭ ᠵᠠᠷᠭᠤ ᠤᠯᠠᠨᠳᠠᠢ ᠃ ᠡᠨᠡ ᠪᠦᠬᠦᠨ ᠨᠢ ᠮᠤᠷᠢᠨ ᠳᠠᠯ᠎ᠠ ᠭᠠᠴᠠᠭ᠎ᠠ  ᠶᠢᠨ ᠠᠷᠠᠳ  ᠤᠨ ᠠᠮᠢᠳᠤᠷᠠᠯ  ᠤᠨ ᠬᠢᠷᠢ ᠲᠦᠪᠰᠢᠨ  ᠤ ᠲᠡᠭᠡᠭᠰᠢᠯᠡᠬᠦ ᠶᠢ ᠨᠦᠯᠦᠭᠡᠯᠡᠵᠦ ᠪᠠᠶᠢᠬᠰᠠᠨ ᠴᠢᠬᠤᠯᠠ ᠡᠯᠧᠮᠧᠨ᠋ᠲ ᠪᠤᠯᠵᠦ ᠪᠠᠶᠢᠵᠠᠢ ᠃     ᠮᠤᠷᠢᠨ ᠳᠠᠯ᠎ᠠ ᠭᠠᠴᠠᠭ᠎ᠠ  ᠶᠢᠨ ᠬᠦᠭᠵᠢᠯᠳᠠ  ᠳᠤ ᠴᠢᠬᠤᠯᠠ ᠨᠦᠯᠦᠭᠡ ᠦᠵᠡᠬᠦᠯᠦᠭᠰᠡᠨ ᠬᠦᠮᠦᠨ ᠪᠤᠯ ᠪᠤᠤ ᠱᠠᠨ ᠪᠤᠯᠤᠨ᠎ᠠ ᠂ ᠳᠡᠷᠡ ᠪᠠᠷ ᠡᠨᠡ ᠵᠢᠯ ᠲᠦᠴᠢ ᠶᠢᠰᠦᠲᠠᠢ ᠃ ᠯᠢᠶᠤᠤᠨᠢᠩ ᠮᠤᠵᠢ  ᠳᠤ 10 ᠵᠢᠯ ᠪᠠᠷᠢᠯᠭ᠎ᠠ  ᠶᠢᠨ ᠮᠠᠲ᠋ᠧᠷᠢᠶᠠᠯ  ᠤᠨ ᠠᠷᠠᠯᠵᠢᠶ᠎ᠠ ᠮᠠᠶᠢᠮᠠᠢ ᠬᠢᠵᠦ ᠂ ᠨᠤᠳᠤᠭ ᠲᠤ ᠪᠠᠨ ᠪᠤᠴᠠᠬᠰᠠᠨ  ᠤ ᠲᠠᠷᠠᠭ᠎ᠠ ᠨᠤᠷᠠᠬᠤ ᠠᠶᠤᠯᠳᠠᠢ ᠭᠡᠷ ᠪᠠᠶᠢᠰᠢᠩ  ᠢ ᠰᠠᠯᠪᠢᠵᠦ ᠵᠠᠰᠠᠬᠤ ᠠᠵᠢᠯ  ᠢ ᠲᠠᠭᠠᠭᠠᠴᠢᠯᠠᠨ ᠬᠢᠵᠦ ᠂ ᠡᠯᠪᠡᠭ ᠲᠤᠷᠰᠢᠯᠭ᠎ᠠ ᠪᠠᠶᠠᠯᠢᠭ ᠦᠩᠭᠡᠷᠡᠭᠡᠯᠳᠠ ᠲᠠᠢ ᠬᠠᠰᠢᠷ ᠮᠠᠶᠢᠮᠠᠶᠢᠴᠢᠨ ᠪᠤᠯᠵᠠᠢ ᠃ 2015 ᠤᠨ  ᠳᠤ ᠂ ᠪᠤᠤ ᠱᠠᠨ ᠠᠷᠠᠳ ᠤᠯᠠᠨ  ᠤ ᠬᠠᠯᠠᠭᠤᠨ ᠬᠦᠷᠢᠶᠡᠯᠡᠯ ᠲᠤᠤᠷ᠎ᠠ ᠮᠤᠷᠢᠨ ᠳᠠᠯ᠎ᠠ ᠭᠠᠴᠠᠭ᠎ᠠ  ᠶᠢᠨ ᠨᠠᠮ  ᠤᠨ ᠡᠬᠦᠷ  ᠤᠨ ᠱᠦᠵᠢ ᠪᠠᠷ ᠰᠤᠩᠭᠤᠬᠳᠠᠪᠠ ᠃ ᠰᠠᠶ᠋ᠢ ᠲᠤᠰᠢᠶᠠᠯ  ᠳᠤ ᠭᠠᠷᠬᠤ ᠦᠶᠡᠰ ᠵᠠᠷᠢᠮ ᠬᠦᠮᠦᠰ ᠄ ︽ᠬᠠᠶᠢᠷᠠᠨ  ᠤ ᠭᠠᠯ ᠪᠤᠳᠠᠷᠠᠳᠠᠯ᠎ᠠ ᠬᠢᠵᠦ ᠪᠠᠶᠢᠬᠰᠠᠨ ᠮᠠᠶᠢᠮᠠᠢ ᠶᠢ ᠨᠢᠭᠡ ᠵᠠᠬ᠎ᠠ  ᠳᠤ ᠨᠢ ᠬᠠᠶᠠᠭᠠᠳ ᠶᠠᠪᠤᠴᠢᠬᠠᠯ᠎ᠠ ᠰᠢᠦ ᠂ ᠭᠠᠴᠠᠭᠠᠨ ᠱᠦᠵᠢ ᠶᠢᠨ ᠰᠠᠭᠤᠳᠠᠯ  ᠳᠤ ᠰᠠᠭᠤᠭᠠᠳ ᠶᠠᠮᠠᠷ ᠶᠡᠭᠡ ᠵᠤᠭᠤᠰ ᠮᠦᠩᠬᠦ ᠂ ᠠᠰᠢᠭ ᠬᠤᠨᠵᠢᠪᠤᠷᠢ ᠤᠯᠤᠨ᠎ᠠ ᠭᠡᠵᠦ ᠳ᠋ᠧ ︾ ᠭᠡᠬᠦ  ᠳᠤ ᠂ ᠳᠡᠷᠡ ᠪᠠᠷ ᠄ ︽ ᠡᠨᠡ ᠶᠢᠷᠳᠢᠨᠴᠦ  ᠳᠤ ᠮᠦᠩᠭᠡ ᠶᠢᠨ ᠰᠢᠳᠦ ᠶᠢ ᠤᠯᠤᠬᠰᠠᠨ ᠬᠦᠮᠦᠨ ᠦᠭᠡᠢ ᠂ ᠵᠠᠭᠤ ᠬᠦᠷᠬᠦ ᠦᠭᠡᠢ ᠪᠡᠶ᠎ᠠ  ᠶᠢ ᠵᠤᠭᠤᠰ  ᠢᠶᠠᠷ ᠵᠤᠪᠠᠭᠠᠭᠠᠳ ᠶᠠᠭᠠᠬᠢᠨ᠎ᠠ ᠳ᠋ᠠ ᠂ ᠠᠮᠢᠳᠦ  ᠳᠤ ᠪᠠᠨ ᠨᠢᠭᠡ ᠤᠳᠬ᠎ᠠ ᠠᠭᠤᠯᠭ᠎ᠠ ᠲᠠᠢ ᠶᠠᠪᠤᠳᠠᠯ ᠬᠢᠪᠡᠯ ᠨᠡᠩ ᠰᠠᠶᠢᠨ ᠪᠢᠰᠢᠦ ︕︾ ᠭᠡᠨ᠎ᠠ ᠃        
     ᠪᠤᠤ ᠱᠠᠨ ᠮᠤᠷᠢᠨ ᠳᠠᠯ᠎ᠠ ᠭᠠᠴᠠᠭ᠎ᠠ  ᠶᠢᠨ ᠨᠠᠮ  ᠤᠨ ᠡᠬᠦᠷ  ᠤᠨ ᠱᠦᠵᠢ ᠶᠢᠨ ᠲᠤᠰᠢᠶᠠᠯ  ᠳᠤ ᠭᠠᠷᠤᠬᠰᠠᠨ  ᠤ ᠲᠠᠷᠠᠭ᠎ᠠ ᠂ ᠪᠦᠬᠦ ᠭᠠᠴᠠᠭ᠎ᠠ  ᠶᠢᠨ ᠭᠠᠵᠠᠷ ᠰᠢᠷᠤᠢ  ᠳᠤ ᠪᠠᠶᠢᠴᠠᠭᠠᠯᠳᠠ ᠬᠢᠵᠦ ᠂ ᠡᠷᠦᠭᠡ ᠪᠦᠷᠢ ᠶᠢᠨ ᠡᠵᠡᠯᠡᠵᠦ ᠪᠠᠶᠢᠭ᠎ᠠ ᠭᠠᠵᠠᠷ  ᠢ ᠨᠠᠷᠢᠯᠢᠭ ᠲᠠᠩᠰᠠᠯᠠᠨ ᠲᠡᠮᠳᠡᠭᠯᠡᠵᠠᠢ ᠃ ᠡᠬᠦᠨ  ᠳᠤ ᠂ ᠭᠤᠤᠯ ᠤᠷᠤᠰᠢᠵᠦ ᠪᠠᠶᠢᠬᠰᠠᠨ ᠵᠦᠷᠢᠴᠡᠯ ᠪᠤᠯ ᠄ ᠮᠤᠷᠢᠨ ᠳᠠᠯ᠎ᠠ ᠭᠠᠴᠠᠭ᠎ᠠ  ᠶᠢᠨ ᠲᠦᠷᠪᠡ ᠂ ᠲᠠᠪᠤᠳᠤᠭᠠᠷ ᠲᠤᠭᠤᠢᠢᠯᠠᠩ  ᠨᠢ ᠭᠤᠷᠪᠠᠳᠤᠭᠠᠷ ᠲᠤᠭᠤᠢᠢᠯᠠᠩ  ᠤᠨ  ᠢᠶᠠᠨ ᠵᠡᠬᠦᠨ ᠵᠠᠬ᠎ᠠ  ᠶᠢᠨ ᠬᠢᠯᠢ  ᠳᠤ ᠬᠦᠷᠴᠦ ᠲᠠᠷᠢᠶᠠᠯᠠᠳᠠᠭ ᠃ ᠭᠤᠷᠪᠠᠳᠤᠭᠠᠷ ᠲᠤᠭᠤᠢᠢᠯᠠᠩ  ᠤᠨ ᠠᠷᠠᠳ  ᠤᠨ ᠦᠵᠡᠬᠦ ᠪᠠᠷ ᠂ ᠡᠨᠡ ᠪᠤᠯ ᠪᠤᠰᠤᠳ  ᠤᠨ ᠲᠠᠷᠢᠶ᠎ᠠ  ᠶᠢᠨ ᠭᠠᠵᠠᠷ  ᠢ ᠪᠤᠯᠢᠶᠠᠵᠦ ᠪᠠᠶᠢᠭ᠎ᠠ ᠶᠠᠪᠤᠳᠠᠯ ᠂ ᠡᠷᠭᠡᠪᠰᠢ ᠲᠡᠭᠡᠭᠰᠢ ᠪᠠᠨ ᠵᠠᠰᠠᠭ  ᠤᠨ ᠤᠷᠳᠤᠨ  ᠢ ᠡᠷᠢᠵᠦ ᠪᠠᠶᠢᠭᠠᠳ ᠲᠠᠷᠢᠶ᠎ᠠ  ᠶᠢᠨ ᠭᠠᠵᠠᠷ  ᠢᠶᠠᠨ ᠪᠤᠴᠠᠭᠠᠵᠦ ᠠᠪᠴᠢᠷᠠᠬᠤ ᠭᠡᠷᠡᠭᠳᠠᠢ ᠃ ᠲᠦᠷᠪᠡ ᠂ ᠲᠠᠪᠤᠳᠤᠭᠠᠷ ᠲᠤᠭᠤᠢᠢᠯᠠᠩ ᠨᠢ ᠡᠨᠡ ᠭᠡᠰᠡᠭ ᠲᠠᠷᠢᠶ᠎ᠠ  ᠶᠢᠨ ᠭᠠᠵᠠᠷ  ᠢ ᠡᠷᠳᠠ ᠲᠡᠭᠡᠳᠦ ᠠᠴᠠ ᠪᠠᠨ ᠲᠠᠷᠢᠵᠦ ᠢᠷᠡᠭᠰᠡᠨ ᠪᠤᠯᠬᠤᠷ ᠡᠯ᠎ᠠ ᠱᠠᠳᠤᠨ  ᠤ ᠵᠠᠰᠠᠭ  ᠤᠨ ᠤᠷᠳᠤᠨ ᠴᠦ ᠰᠢᠢᠳᠪᠦᠷᠢᠯᠡᠵᠦ ᠦᠭᠬᠦ ᠶᠢᠨ ᠠᠷᠭ᠎ᠠ ᠦᠭᠡᠢ ᠪᠠᠶᠢᠵᠠᠢ ᠃ ᠪᠤᠤ ᠱᠠᠨ ᠵᠦᠷᠢᠴᠡᠯ  ᠢ ᠦᠨᠳᠦᠰᠦᠨ ᠠᠴᠠ ᠨᠢ ᠰᠢᠢᠳᠪᠦᠷᠢᠯᠡᠬᠦ ᠶᠢᠨ ᠲᠦᠯᠦᠭᠡ ᠂ ᠠᠷᠠᠳ  ᠤᠨ ᠭᠡᠷ  ᠤᠨ ᠡᠮᠦᠨ᠎ᠠ ᠠᠷᠤ  ᠳᠤ ᠪᠠᠨ ᠬᠦᠷᠢᠶᠡᠯᠡᠵᠦ ᠲᠠᠷᠢᠵᠦ ᠪᠠᠶᠢᠭ᠎ᠠ ᠲᠠᠷᠢᠶ᠎ᠠ  ᠶᠢᠨ ᠭᠠᠵᠠᠷ  ᠢ ᠴᠦ ᠠᠮᠠᠨ ᠲᠤᠭ᠎ᠠ  ᠶᠢᠨ ᠲᠠᠷᠢᠶ᠎ᠠ  ᠳᠤ ᠤᠷᠤᠭᠤᠯᠵᠦ ᠂ ᠢᠯᠡᠬᠦᠦ ᠶᠢ ᠬᠠᠰᠤᠵᠦ ᠲᠤᠳᠠᠭᠤ ᠶᠢ ᠨᠦᠬᠦᠪᠦᠷᠢᠯᠡᠬᠦ ᠠᠷᠭ᠎ᠠ ᠪᠠᠷ ᠲᠠᠷᠢᠶ᠎ᠠ  ᠶᠢᠨ ᠭᠠᠵᠠᠷ ᠬᠠᠷᠢᠴᠠᠩᠭᠤᠢ ᠪᠠᠭ᠎ᠠ ᠪᠠᠶᠢᠬᠰᠠᠨ ᠭᠤᠷᠪᠠᠳᠤᠭᠠᠷ ᠲᠤᠭᠤᠢᠢᠯᠠᠩ  ᠤᠨ ᠵᠠᠷᠢᠮ ᠬᠦᠮᠦᠨ  ᠳᠤ ᠭᠠᠴᠠᠭ᠎ᠠ  ᠶᠢᠨ ᠨᠡᠶᠢᠳᠠ ᠶᠢᠨ ᠭᠠᠵᠠᠷ ᠠᠴᠠ ᠲᠤᠭ᠎ᠠ ᠶᠤᠰᠤᠭᠠᠷ ᠨᠦᠬᠦᠪᠦᠷᠢᠯᠡᠵᠦ ᠦᠭᠬᠦᠭᠰᠡᠨ ᠪᠠᠶᠢᠨ᠎ᠠ ᠃ ᠬᠦᠮᠦᠨ ᠪᠦᠬᠦᠳᠠ ᠶᠢᠨ ᠲᠠᠷᠢᠶ᠎ᠠ  ᠶᠢᠨ ᠭᠠᠵᠠᠷ ᠠᠳᠠᠯᠢ ᠲᠡᠭᠰᠢ ᠪᠤᠯᠤᠬᠰᠠᠨ ᠠᠴᠠ ᠭᠤᠷᠪᠠᠳᠤᠭᠠᠷ ᠲᠤᠭᠤᠢᠢᠯᠠᠩ  ᠤᠨ ᠠᠷᠠᠳ ᠲᠡᠭᠡᠭᠰᠢ ᠪᠠᠨ ᠵᠠᠰᠠᠭ  ᠤᠨ ᠤᠷᠳᠤᠨ  ᠢ ᠡᠷᠢᠬᠦ ᠪᠠᠨ ᠪᠤᠯᠢᠵᠦ ᠂ ᠲᠦᠷᠪᠡ ᠲᠠᠪᠤᠳᠤᠭᠠᠷ ᠲᠤᠭᠤᠢᠢᠯᠠᠩ  ᠤᠨ ᠠᠷᠠᠳ ᠴᠦ ᠦᠶ᠎ᠠ  ᠶᠢᠨ ᠦᠶ᠎ᠠ  ᠳᠤ ᠪᠠᠨ ᠲᠠᠷᠢᠵᠦ ᠢᠷᠡᠭᠰᠡᠨ ᠭᠠᠵᠠᠷ  ᠢᠶᠠᠨ ᠬᠠᠮᠠᠭᠠᠯᠠᠵᠦ ᠴᠢᠳᠠᠵᠠᠢ ᠃ ᠡᠨᠡ ᠠᠵᠢᠯ  ᠢ ᠬᠢᠵᠦ ᠲᠠᠭᠤᠰᠬᠠᠬᠤ  ᠳᠤ ᠮᠠᠰᠢ ᠤᠯᠠᠨ ᠬᠦᠴᠢᠷ ᠪᠡᠷᠭᠡᠰᠢᠶᠡᠯ ᠲᠤᠯᠭᠠᠷᠠᠵᠦ ᠂ ᠵᠢᠯ ᠭᠠᠷᠤᠢ ᠶᠢᠨ ᠤᠷᠳᠤ ᠬᠤᠭᠤᠴᠠᠭ᠎ᠠ  ᠶᠢ ᠭᠡᠷᠡᠭᠰᠡᠭᠰᠡᠨ ᠪᠤᠯᠪᠠᠴᠦ ᠡᠴᠦᠰ  ᠤᠨ ᠦᠷ᠎ᠠ ᠳ᠋ᠦᠩ  ᠨᠢ ᠠᠷᠠᠳ ᠤᠯᠠᠨ  ᠤ ᠰᠡᠳᠬᠢᠯ  ᠳᠤ ᠨᠡᠶᠢᠴᠡᠵᠦ ᠂ ᠭᠡᠷᠡᠭ ᠵᠠᠷᠭᠤ ᠶᠢᠨ ᠬᠤᠤᠷ  ᠤᠨ ᠦᠨᠳᠦᠰᠦ ᠶᠢ ᠲᠦᠢᠯᠪᠤᠷᠢᠳᠠᠢ ᠰᠤᠭᠤᠯᠵᠦ ᠬᠠᠶᠠᠬᠰᠠᠨ ᠪᠠᠶᠢᠨ᠎ᠠ ᠃        ᠪᠤᠤ ᠱᠠᠨ  ᠤ ᠠᠵᠢᠯ  ᠤᠨ ᠠᠮᠵᠢᠯᠳᠠ ᠨᠢ ᠮᠤᠷᠢᠨ ᠳᠠᠯ᠎ᠠ ᠭᠠᠴᠠᠭ᠎ᠠ  ᠶᠢᠨ ᠠᠷᠠᠳ  ᠤᠨ ᠬᠦᠷᠢᠶᠡᠯᠡᠯ  ᠢ ᠤᠯᠤᠬᠰᠠᠨ  ᠢᠶᠠᠷ ᠦᠯᠦ ᠪᠠᠷᠠᠮ ᠂ ᠲᠡᠭᠡᠳᠦ ᠱᠠᠳᠤᠨ  ᠤ ᠵᠠᠰᠠᠭ  ᠤᠨ ᠤᠷᠳᠤᠨ  ᠤ ᠦᠨᠳᠦᠷ ᠦᠨᠡᠯᠠᠯᠳᠠ  ᠶᠢ ᠴᠦ ᠬᠦᠷᠳᠡᠵᠠᠢ ᠃ ᠪᠤᠤ ᠱᠠᠨ ᠦᠪᠡᠷ  ᠤᠨ ᠬᠢᠵᠦ ᠪᠠᠶᠢᠭ᠎ᠠ ᠠᠵᠢᠯ  ᠳᠤ ᠪᠠᠨ ᠨᠡᠩ ᠢᠯᠡᠬᠦᠦ ᠢᠳᠡᠭᠡᠯ ᠲᠠᠢ ᠪᠤᠯᠵᠦ ᠂ ᠠᠷᠠᠳ  ᠤᠨ ᠠᠮᠢᠳᠤᠷᠠᠯ  ᠢ ᠰᠠᠶᠢᠵᠢᠷᠠᠭᠤᠯᠬᠤ  ᠳᠤ ᠠᠩᠬᠠᠷᠤᠯ  ᠢᠶᠠᠨ ᠰᠢᠯᠵᠢᠬᠦᠯᠵᠦ ᠡᠬᠢᠯᠠᠵᠠᠢ ᠃ 2016 ᠤᠨ  ᠳᠤ ᠂ ᠮᠤᠷᠢᠨ ᠳᠠᠯ᠎ᠠ ᠭᠠᠴᠠᠭ᠎ᠠ  ᠠᠴᠠ 616 ᠮᠦ ᠲᠠᠷᠢᠶ᠎ᠠ  ᠶᠢᠨ ᠭᠠᠵᠠᠷ  ᠢ ᠠᠷᠠᠳ ᠲᠤ ᠲᠦᠷᠢᠶᠡᠰᠦᠯᠡᠨ ᠦᠭᠴᠦ ᠂ 61600 ᠲᠦᠬᠦᠷᠢᠭ  ᠤᠨ ᠤᠷᠤᠯᠭ᠎ᠠ ᠡᠬᠦᠳᠴᠦ ᠂ ᠬᠠᠮᠳᠦ ᠶᠢᠨ ᠠᠵᠦ ᠠᠬᠤᠢ ᠶᠢᠨ ᠠᠩᠬᠠᠨ  ᠤ ᠪᠡᠯᠡ ᠮᠦᠩᠬᠦ ᠪᠠᠨ ᠴᠤᠬᠯᠠᠭᠤᠯᠪᠠ ᠃ ︽ᠠᠷᠪᠢᠯᠠᠬᠤ ᠶᠢ ᠠᠮᠠᠰᠠᠷ  ᠠᠴᠠ ᠂ ᠠᠰᠬᠠᠬᠤ ᠶᠢ ᠢᠷᠤᠭᠠᠷ ᠠᠴᠠ ︾ ᠭᠡᠳᠡᠭ  ᠢᠶᠠᠷ ᠂ ᠪᠤᠤ ᠱᠠᠨ ᠬᠠᠮᠳᠦ  ᠶᠢᠨ ᠠᠵᠦ ᠠᠬᠤᠢ ᠶᠢᠨ ᠪᠡᠯᠡ ᠮᠦᠩᠬᠦ ᠶᠢ ᠠᠷᠪᠢᠯᠠᠬᠤ ᠶᠢᠨ ᠲᠦᠯᠦᠭᠡ ᠂ ᠭᠠᠴᠠᠭᠠᠨ  ᠤ ᠺᠠᠳ᠋ᠷ ᠤᠳᠤᠷᠢᠳᠤᠯᠭ᠎ᠠ ᠂ ᠨᠠᠮ  ᠤᠨ ᠭᠡᠰᠢᠬᠦᠨ  ᠢᠶᠠᠨ ᠲᠠᠭᠠᠭᠤᠯᠵᠦ ᠂ ᠬᠠᠭᠤᠴᠢᠨ ᠲᠤᠭᠤᠰᠬ᠎ᠠ ᠂ ᠮᠤᠳᠤ ᠴᠢᠯᠠᠭᠤ ᠵᠡᠷᠭᠡ ᠶᠢ ᠵᠦᠭ ᠪᠦᠷᠢ ᠠᠴᠠ ᠴᠤᠬᠯᠠᠭᠤᠯᠵᠦ ᠂ 370 ᠲᠡᠭᠰᠢ ᠲᠦᠷᠪᠡᠯᠵᠢᠨ ᠮᠧᠲᠷ  ᠤᠨ ᠦᠭᠡᠷ  ᠤᠨ ᠫᠸᠡᠭ ᠂ 360 ᠲᠡᠭᠰᠢ ᠲᠦᠷᠪᠡᠯᠵᠢᠨ ᠮᠧᠲᠷ  ᠤᠨ ᠡᠪᠡᠰᠦ ᠪᠤᠷᠳᠤᠭ᠎ᠠ ᠬᠠᠳᠠᠭᠠᠯᠠᠬᠤ ᠭᠡᠷ  ᠢ ᠪᠠᠶᠢᠭᠤᠯᠪᠠ ᠃ 2017 ᠤᠨ  ᠤ 7 ᠰᠠᠷ᠎ᠠ  ᠳᠤ ᠂ ᠪᠤᠤ ᠱᠠᠨ ᠵᠢᠷᠭᠠᠯᠠᠩ ᠪᠠᠯᠭᠠᠰᠤ ᠶᠢᠨ ᠵᠠᠰᠠᠭ  ᠤᠨ ᠤᠷᠳᠤᠨ  ᠠᠴᠠ 10 ᠲᠦᠮᠡᠨ ᠲᠦᠬᠦᠷᠢᠭ  ᠤᠨ ᠶᠠᠳᠠᠭᠤ ᠠᠴᠠ ᠠᠩᠬᠢᠵᠢᠷᠠᠭᠤᠯᠬᠤ ᠪᠡᠯᠡ ᠮᠦᠩᠬᠦ ᠡᠷᠡᠮᠡᠯᠵᠡᠯᠡᠨ ᠤᠯᠵᠠᠢ ᠂ ᠭᠡᠷᠪᠡ ᠰᠢᠭᠤᠳ 28 ᠶᠠᠳᠠᠭᠤ ᠬᠦᠴᠢᠷᠳᠠᠯᠳᠠᠢ ᠡᠷᠦᠭᠡ  ᠳᠤ ᠬᠤᠪᠢᠶᠠᠵᠦ ᠦᠭᠪᠡᠯ ᠂ ᠡᠷᠦᠭᠡ ᠪᠦᠷᠢ ᠭᠤᠷᠪᠠᠨ ᠮᠢᠩᠭ᠎ᠠ ᠭᠠᠷᠤᠢ ᠯᠡ ᠲᠦᠬᠦᠷᠢᠭ ᠤᠯᠵᠦ ᠂ ᠶᠠᠳᠠᠭᠤ ᠠᠴᠠ ᠠᠩᠬᠢᠵᠢᠷᠠᠬᠤ  ᠳᠤ ᠲᠤᠰᠠ ᠲᠡᠮ ᠪᠤᠯᠵᠦ ᠲᠡᠶᠢᠯᠬᠦ ᠦᠭᠡᠢ ᠃ ᠪᠤᠤ ᠱᠠᠨ ᠭᠠᠴᠠᠭ᠎ᠠ  ᠶᠢᠨ ᠤᠳᠤᠷᠢᠳᠤᠯᠭ᠎ᠠ ᠪᠠ ᠶᠠᠳᠠᠭᠤ ᠬᠦᠴᠢᠷᠳᠠᠯᠳᠠᠢ ᠡᠷᠦᠭᠡ ᠶᠢᠨ ᠲᠦᠯᠦᠭᠡᠯᠡᠭᠴᠢ ᠂ ᠠᠷᠠᠳ  ᠤᠨ ᠲᠦᠯᠦᠭᠡᠯᠡᠭᠴᠢ ᠶᠢᠨ ᠬᠤᠷᠠᠯ  ᠢ ᠬᠤᠷᠠᠯᠳᠤᠭᠤᠯᠵᠦ ᠂ 10 ᠲᠦᠮᠡᠨ ᠲᠦᠬᠦᠷᠢᠭ  ᠤᠨ ᠪᠡᠯᠡ ᠮᠦᠩᠬᠦ ᠶᠢ ᠬᠠᠮᠳᠦ ᠶᠢᠨ ᠠᠵᠦ ᠠᠬᠤᠢ  ᠳᠤ ᠤᠷᠤᠭᠤᠯᠵᠦ ᠂ ᠲᠦᠮᠡᠨ ᠲᠦᠬᠦᠷᠢᠭ  ᠤᠨ ᠠᠰᠢᠭ ᠤᠷᠤᠯᠭ᠎ᠠ  ᠠᠴᠠ 2500 ᠲᠦᠬᠦᠷᠢᠭ ᠭᠠᠷᠭᠠᠬᠤ ᠬᠠᠷᠢᠴᠠᠯ  ᠢᠶᠠᠷ ᠶᠠᠳᠠᠭᠤ ᠬᠦᠴᠢᠷᠳᠠᠯᠳᠠᠢ ᠡᠷᠦᠭᠡ  ᠳᠤ ᠴᠠᠯᠢᠩ ᠬᠤᠪᠢᠶᠠᠬᠤ ᠪᠠᠷ ᠲᠤᠬᠳᠠᠵᠠᠢ ᠃ 2018 ᠤᠨ ᠠᠴᠠ 2020 ᠤᠨ ᠪᠤᠯᠳᠠᠯ᠎ᠠ ᠂ ᠭᠠᠴᠠᠭᠠᠨ  ᠤ ᠬᠠᠮᠳᠦ ᠶᠢᠨ ᠠᠵᠦ ᠠᠬᠤᠢ ᠶᠢᠨ ᠤᠷᠤᠯᠭ᠎ᠠ ᠠᠴᠠ ᠶᠠᠳᠠᠭᠤ ᠬᠦᠴᠢᠷᠳᠠᠯᠳᠠᠢ ᠡᠷᠦᠭᠡ ᠪᠦᠷᠢ  ᠳᠤ ᠵᠢᠯ  ᠤᠨ 1093 ᠲᠦᠬᠦᠷᠢᠭ ᠬᠤᠪᠢᠶᠠᠵᠦ ᠂ ᠬᠠᠮᠳᠦ ᠶᠢᠨ ᠠᠵᠦ ᠠᠬᠤᠢ ᠶᠢᠨ ᠦᠭᠡᠷ  ᠤᠨ ᠲᠤᠭ᠎ᠠ ᠲᠤᠯᠤᠭᠠᠢ ᠨᠢ ᠴᠦ ᠭᠡᠳᠦᠭᠡᠨ ᠪᠠᠶᠢᠬᠰᠠᠨ ᠠᠴᠠ ᠪᠠᠨ ᠬᠦᠭᠵᠢᠭᠡᠳ 64 ᠲᠤᠯᠤᠭᠠᠢ  ᠳᠤ ᠬᠦᠷᠦᠭᠰᠡᠨ ᠠᠵᠢ ᠃        ᠊᠊᠊᠊᠊᠊ ᠮᠠᠨ  ᠤ ᠬᠢᠨ ᠭᠠᠳᠠᠬᠰᠢ ᠭᠠᠷᠴᠤ ᠬᠦᠯᠦᠰᠦᠨ ᠠᠵᠢᠯ ᠬᠢᠬᠦ ᠠᠴᠠ ᠪᠢᠰᠢ ᠭᠡᠷ ᠲᠤ ᠪᠠᠨ ᠦᠯᠡᠳᠡᠵᠦ ᠲᠠᠷᠢᠶ᠎ᠠ ᠪᠠᠨ ᠲᠠᠷᠢᠬᠤ ᠲᠤᠷ᠎ᠠ ᠦᠭᠡᠢ ᠂ ᠪᠦᠳᠦᠨ ᠵᠢᠯ  ᠢᠶᠠᠷ ᠲᠠᠷᠢᠶ᠎ᠠ ᠲᠠᠷᠢᠵᠦ ᠬᠦᠶᠦᠭᠡᠳ ᠲᠡᠮᠡᠢ ᠶᠠᠭᠤᠮ᠎ᠠ ᠤᠯᠬᠤ ᠦᠭᠡᠢ ᠭᠡᠨ᠎ᠠ ᠃ ᠡᠨᠡ ᠠᠰᠠᠭᠤᠳᠠᠯ  ᠢ ᠰᠢᠢᠳᠪᠦᠷᠢᠯᠡᠬᠦ ᠶᠢᠨ ᠲᠦᠯᠦᠭᠡ ᠂ ︿ᠮᠤᠷᠢᠨ ᠲᠠᠯ᠎ᠠ ᠲᠠᠷᠢᠶᠠᠯᠠᠩ  ᠤᠨ ᠲᠠᠷᠢᠮᠠᠯ  ᠤᠨ ᠲᠤᠰᠬᠠᠢ ᠬᠤᠷᠰᠢᠶᠠᠵᠢᠯ ﹀ ᠢᠶᠠᠨ ᠪᠠᠶᠢᠭᠤᠯᠵᠦ ᠂ ᠶᠠᠳᠠᠭᠤ ᠬᠦᠴᠢᠷᠳᠠᠯᠳᠠᠢ ᠡᠷᠦᠭᠡ ᠪᠤᠯᠤᠨ ᠭᠠᠳᠠᠬᠰᠢ ᠭᠠᠷᠴᠤ ᠬᠦᠯᠦᠰᠦᠨ ᠠᠵᠢᠯ ᠬᠢᠵᠦ ᠪᠠᠶᠢᠭ᠎ᠠ ᠬᠦᠮᠦᠰ  ᠲᠤ ᠠᠰᠢᠭ ᠲᠤᠰᠠ ᠬᠦᠷᠳᠡᠭᠡᠬᠦ  ᠶᠢ ᠪᠤᠳᠤᠵᠠᠢ ᠃ ᠠᠩᠬ᠎ᠠ ᠡᠬᠢᠯᠡᠬᠦ  ᠳᠤ ᠪᠠᠨ ᠬᠤᠷᠰᠢᠶᠠᠵᠢᠯ  ᠢᠶᠠᠨ ᠠᠵᠢᠯᠯᠠᠭᠤᠯᠬᠤ ᠪᠡᠯᠡ ᠮᠦᠩᠬᠦ ᠦᠭᠡᠢ ᠭᠠᠷ  ᠢᠶᠠᠨ ᠨᠤᠬᠤᠯᠠᠨ ᠭᠠᠴᠢᠬᠳᠠᠵᠦ ᠪᠠᠶᠢᠵᠠᠢ ᠃ ᠡᠴᠦᠰ ᠲᠤ ᠂ ᠭᠠᠴᠠᠭᠠᠨ  ᠤ ᠤᠳᠤᠷᠢᠳᠬᠤ ᠪᠠᠭ  ᠢᠶᠠᠨ ᠢᠳᠬᠠᠵᠦ ᠬᠤᠷᠰᠢᠶᠠᠵᠢᠯ  ᠳᠤ ᠪᠠᠨ ᠬᠤᠪᠢ ᠤᠷᠤᠭᠤᠯᠵᠦ ᠂ ᠵᠤᠭᠤᠰ ᠮᠦᠩᠬᠦ ᠬᠦᠷᠦᠯᠴᠡᠬᠦ ᠦᠭᠡᠢ ᠬᠦᠮᠦᠰ ᠲᠤ  ᠨᠢ ᠵᠤᠭᠤᠰ ᠤᠯᠵᠦ ᠦᠭᠴᠦ ᠪᠠᠶᠢᠭᠠᠳ ᠂ 18 ᠬᠦᠮᠦᠨ  ᠤ ᠬᠤᠪᠢ ᠤᠷᠤᠭᠤᠯᠤᠬᠰᠠᠨ ᠬᠤᠷᠰᠢᠶᠠᠵᠢᠯ ᠪᠤᠯᠵᠦ ᠪᠦᠷᠢᠯᠳᠦᠭᠰᠡᠨ ᠪᠠᠶᠢᠨ᠎ᠠ ᠭᠡᠵᠦ ᠪᠤᠤ ᠱᠠᠨ ᠠᠴᠠ ᠲᠠᠨᠢᠯᠴᠠᠭᠤᠯᠵᠦ ᠪᠠᠶᠢᠪᠠ ᠃     ᠤᠳᠤᠬᠠᠨ  ᠳᠤ ᠂ ᠮᠤᠷᠢᠨ ᠲᠠᠯ᠎ᠠ ᠲᠠᠷᠢᠶᠠᠯᠠᠩ  ᠤᠨ ᠲᠠᠷᠢᠮᠠᠯ  ᠤᠨ ᠳᠤᠰᠬᠠᠢ ᠬᠤᠷᠰᠢᠶᠠᠵᠢᠯ ᠨᠢ ᠮᠤᠷᠢᠨ ᠲᠠᠯ᠎ᠠ ᠭᠠᠴᠠᠭ᠎ᠠ  ᠶᠢ ᠪᠠᠭᠳᠠᠭᠠᠬᠰᠠᠨ 11 ᠭᠠᠴᠠᠭ᠎ᠠ ᠲᠤᠰᠬᠤᠨ  ᠤ 61000 ᠮᠦ ᠲᠠᠷᠢᠶ᠎ᠠ ᠶᠢ ᠲᠠᠷᠢᠵᠦ ᠠᠷᠠᠴᠢᠯᠠᠵᠦ ᠂ ᠭᠠᠵᠠᠷ ᠤᠷᠪᠠᠭᠤᠯᠬᠤ ᠂ ᠲᠠᠷᠢᠶ᠎ᠠ ᠲᠠᠷᠢᠬᠤ ᠂ ᠡᠮ ᠰᠦᠷᠴᠢᠬᠦ ᠠᠴᠠ ᠲᠠᠷᠢᠶ᠎ᠠ ᠬᠤᠷᠢᠶᠠᠬᠤ ᠬᠦᠷᠳᠡᠯᠡᠬᠢ ᠪᠦᠬᠦ ᠶᠠᠪᠤᠴᠠ  ᠳᠤ ᠨᠢᠭᠡ ᠮᠦ ᠠᠴᠠ ᠵᠦᠪᠭᠡᠨ 76 ᠲᠦᠬᠦᠷᠢᠭ ᠬᠤᠷᠢᠶᠠᠳᠠᠭ ᠃ ᠮᠤᠷᠢᠨ ᠲᠠᠯ᠎ᠠ ᠲᠠᠷᠢᠶᠠᠯᠠᠩ  ᠤᠨ ᠲᠠᠷᠢᠮᠠᠯ  ᠤᠨ ᠳᠤᠰᠬᠠᠢ ᠬᠤᠷᠰᠢᠶᠠᠵᠢᠯ ᠨᠢ ᠮᠦ ᠪᠦᠷᠢ ᠶᠢᠨ ᠠᠵᠢᠯ  ᠳᠤ ᠪᠠᠨ 24 ᠲᠦᠬᠦᠷᠢᠭ  ᠤᠨ ᠤᠯᠤᠰ ᠠᠴᠠ ᠬᠠᠩᠭᠠᠬᠰᠠᠨ ᠨᠦᠬᠦᠪᠦᠷᠢ ᠮᠦᠩᠬᠦ ᠤᠯᠳᠠᠭ ᠠᠴᠠ ᠬᠤᠪᠢ ᠶᠢᠨ ᠤᠷᠤᠯᠭ᠎ᠠ ᠪᠠᠨ ᠴᠦ ᠪᠠᠳᠤᠯᠠᠵᠦ ᠲᠡᠶᠢᠯᠳᠡᠭ ᠃ ᠲᠠᠷᠢᠶᠠᠴᠢᠳ ᠦᠪᠡᠷ  ᠢᠶᠠᠨ ᠭᠠᠷ ᠬᠦᠳᠡᠯᠵᠦ ᠬᠢᠪᠡᠯ ᠂ ᠲᠠᠷᠢᠶ᠎ᠠ ᠲᠠᠷᠢᠬᠤ ᠠᠴᠠ ᠲᠠᠷᠢᠶ᠎ᠠ ᠬᠤᠷᠢᠶᠠᠬᠤ ᠬᠦᠷᠳᠡᠯᠡᠬᠢ ᠪᠦᠬᠦ ᠠᠵᠢᠯ  ᠳᠤ ᠂ ᠨᠢᠭᠡ ᠮᠦ  ᠳᠤ ᠲᠡᠭᠰᠢᠳᠭᠡᠭᠡᠳ 130 ᠲᠦᠬᠦᠷᠢᠭ ᠤᠷᠤᠭᠤᠯᠳᠠᠭ ᠃ ᠶᠠᠳᠠᠭᠤ ᠬᠦᠴᠢᠷᠳᠠᠯᠳᠠᠢ ᠡᠷᠦᠭᠡ  ᠳᠤ ᠲᠠᠷᠢᠶᠠᠯᠠᠩ  ᠤᠨ ᠮᠠᠰᠢᠨ ᠬᠦᠢᠴᠡᠳ ᠦᠭᠡᠢ ᠂ ᠬᠠᠪᠤᠷ  ᠤᠨ ᠪᠤᠷᠤᠭᠠᠨ ᠤᠷᠤᠬᠤ ᠲᠤᠬᠢᠷᠠᠮᠵᠢᠳᠠᠢ ᠴᠠᠭ ᠲᠤ ᠮᠠᠰᠢᠨ ᠡᠷᠢᠵᠦ ᠲᠠᠷᠢᠶ᠎ᠠ  ᠪᠠᠨ ᠲᠠᠷᠢᠭᠤᠯᠬᠤ  ᠳᠤ ᠬᠦᠴᠢᠷ ᠃ ᠲᠠᠷᠢᠶᠠᠴᠢᠳ  ᠤᠨ ᠵᠢᠵᠢᠭ ᠭᠡᠯᠪᠡᠷᠢ ᠶᠢᠨ ᠲᠠᠷᠢᠶ᠎ᠠ ᠲᠠᠷᠢᠬᠤ ᠮᠠᠰᠢᠨ  ᠢᠶᠠᠷ ᠲᠠᠷᠢᠬᠰᠠᠨ ᠲᠠᠷᠢᠶ᠎ᠠ  ᠶᠢᠨ ᠴᠢᠬᠢ ᠭᠠᠷᠬᠤ ᠨᠤᠷᠮ᠎ᠠ ᠨᠢ 60% ᠠᠴᠠ 70% ᠬᠦᠷᠴᠦ ᠂ ᠬᠤᠷᠰᠢᠶᠠᠵᠢᠯ  ᠤᠨ ᠲᠤᠮᠤ ᠭᠡᠯᠪᠡᠷᠢ ᠶᠢᠨ ᠮᠠᠰᠢᠨ  ᠢᠶᠠᠷ ᠲᠠᠷᠢᠪᠡᠯ ᠲᠠᠷᠢᠶ᠎ᠠ  ᠶᠢᠨ ᠴᠢᠬᠢ ᠭᠠᠷᠬᠤ ᠨᠤᠷᠮ᠎ᠠ ᠨᠢ 80% ᠠᠴᠠ 90% ᠬᠦᠷᠴᠦ ᠲᠡᠶᠢᠯᠦᠨ᠎ᠠ ᠃ ᠡᠨᠡ ᠨᠢ ᠪᠠᠭ᠎ᠠ  ᠳᠤ ᠪᠠᠨ ᠮᠦ ᠪᠦᠷᠢ ᠠᠴᠠ 100 ᠵᠢᠩ ᠡᠷᠳᠡᠨᠢ ᠰᠢᠰᠢ ᠢᠯᠡᠬᠦᠦ ᠬᠤᠷᠢᠶᠠᠵᠦ ᠂ ᠡᠷᠳᠡᠨᠢ ᠰᠢᠰᠢ ᠵᠢᠩ ᠪᠦᠷᠢ  ᠳᠤ ᠪᠠᠨ 0.8 ᠲᠦᠬᠦᠷᠢᠭ ᠬᠦᠷᠬᠦ ᠪᠠᠷ ᠪᠤᠳᠤᠪᠠᠯ ᠂ 61000 ᠮᠦ ᠭᠠᠵᠠᠷ ᠠᠴᠠ 488 ᠲᠦᠮᠡᠨ ᠲᠦᠬᠦᠷᠢᠭ  ᠤᠨ ᠤᠷᠤᠯᠭ᠎ᠠ ᠢᠯᠡᠬᠦᠦ ᠤᠯᠤᠨ᠎ᠠ ᠃ ᠮᠤᠷᠢᠨ ᠲᠠᠯ᠎ᠠ ᠲᠠᠷᠢᠶᠠᠯᠠᠩ  ᠤᠨ ᠲᠠᠷᠢᠮᠠᠯ  ᠤᠨ ᠳᠤᠰᠬᠠᠢ ᠬᠤᠷᠰᠢᠶᠠᠵᠢᠯ ᠠᠴᠠ ᠲᠠᠷᠢᠶᠠᠴᠢᠳ  ᠤᠨ ᠡᠷᠡᠭᠡᠯᠵᠡᠭᠡ ᠶᠢ ᠠᠷᠢᠯᠭᠠᠬᠤ  ᠶᠢᠨ ᠲᠦᠯᠦᠭᠡ ᠂ ᠲᠠᠷᠢᠶ᠎ᠠ  ᠶᠢᠨ ᠴᠢᠬᠢ ᠭᠠᠷᠬᠤ ᠨᠤᠷᠮ᠎ᠠ 80% ᠠᠴᠠ ᠪᠠᠭᠤᠷᠠᠬᠤ  ᠳᠤ ᠬᠦᠷᠪᠡᠯ ᠵᠠᠬ᠎ᠠ ᠲᠡᠯᠭᠡᠬᠦᠷ  ᠤᠨ ᠦᠨ᠎ᠠ ᠬᠠᠩᠰᠢ ᠪᠠᠷ ᠲᠦᠯᠦᠪᠦᠷᠢ ᠦᠭᠬᠦ ᠪᠠᠷ ᠲᠠᠷᠢᠶᠠᠴᠢᠳ ᠲᠠᠢ ᠭᠡᠷ᠎ᠠ ᠲᠤᠬᠳᠠᠵᠦ ᠪᠤᠢ ᠃ ᠤᠳᠤᠬᠠᠨ  ᠳᠤ ᠂ ᠮᠤᠷᠢᠨ ᠲᠠᠯ᠎ᠠ ᠲᠠᠷᠢᠶᠠᠯᠠᠩ  ᠤᠨ ᠲᠠᠷᠢᠮᠠᠯ  ᠤᠨ ᠳᠤᠰᠬᠠᠢ ᠬᠤᠷᠰᠢᠶᠠᠵᠢᠯ ᠨᠢ ᠨᠢᠭᠡᠨᠳᠠ ᠪᠦᠬᠦ ᠬᠤᠳᠠ  ᠳᠤ ᠪᠠᠨ ᠨᠡᠷᠡᠳᠠᠢ ᠬᠤᠷᠰᠢᠶᠠᠵᠢᠯ ᠪᠤᠯᠤᠨ ᠬᠦᠭᠵᠢᠵᠦ ᠂ ᠤᠷᠤᠨ  ᠤ ᠲᠡᠰ  ᠤᠨ ᠵᠢᠱᠢᠶᠡᠴᠢ ᠬᠤᠷᠰᠢᠶᠠᠵᠢᠯ  ᠤᠨ ᠢᠷᠠᠭᠤ ᠠᠯᠳᠠᠷ  ᠢ ᠲᠤᠰᠤᠬᠰᠡᠨ ᠪᠠᠶᠢᠨ᠎ᠠ ᠃      ᠡᠨᠡ ᠵᠢᠯ  ᠤᠨ 7 ᠰᠠᠷ᠎ᠠ  ᠳᠤ ᠂ ᠪᠤᠤ ᠱᠠᠨ ᠭᠠᠴᠠᠭ᠎ᠠ  ᠶᠢᠨ ᠬᠠᠮᠳᠦ ᠶᠢᠨ ᠠᠵᠦ ᠠᠬᠤᠢ  ᠳᠤ ᠪᠠᠨ ᠴᠢᠬᠢᠭ  ᠤᠨ ᠤᠯᠠᠭᠠᠨ ᠬᠤᠷᠤᠬᠠᠢ ᠲᠡᠵᠢᠭᠡᠬᠦ ᠲᠦᠷᠦᠯ ᠵᠦᠢᠯ  ᠢ ᠤᠷᠤᠭᠤᠯᠪᠠ ᠃ ᠭᠡᠪᠡᠴᠦ ᠂ ᠴᠢᠬᠢᠭ  ᠤᠨ ᠤᠯᠠᠭᠠᠨ ᠬᠤᠷᠤᠬᠠᠢ ᠲᠡᠵᠢᠭᠡᠬᠦ ᠮᠡᠷᠭᠡᠵᠢᠯ  ᠤᠨ ᠬᠤᠷᠠᠮᠳᠤᠭᠤᠯᠭ᠎ᠠ ᠲᠤᠳᠠᠮᠠᠭ ᠂ ᠨᠠᠮᠤᠷ  ᠤᠨ ᠪᠤᠷᠤᠭᠠᠨ ᠶᠡᠭᠡ ᠵᠡᠷᠭᠡ ᠶᠢᠨ ᠰᠢᠯᠳᠠᠭᠠᠨ ᠠᠴᠠ ᠪᠤᠯᠵᠦ ᠂ ᠶᠡᠭᠡ ᠭᠡᠮᠵᠢᠶᠠᠨ  ᠤ ᠴᠢᠬᠢᠭ  ᠤᠨ ᠤᠯᠠᠭᠠᠨ ᠬᠤᠷᠤᠬᠠᠢ ᠨᠢ ᠭᠠᠳᠠᠬᠰᠢ ᠲᠤᠳᠠᠭᠠᠵᠦ ᠤᠷᠤᠯᠭ᠎ᠠ ᠡᠬᠦᠳᠴᠦ ᠲᠡᠶᠢᠯᠦᠭᠰᠡᠨ ᠦᠭᠡᠢ ᠃ ᠭᠡᠪᠡᠴᠦ ᠂ ᠲᠠᠷᠠᠭ᠎ᠠ ᠵᠢᠯ ᠠᠴᠠ ᠦᠷᠬᠦᠯᠵᠢᠯᠡᠨ ᠴᠢᠬᠢᠭ  ᠤᠨ ᠤᠯᠠᠭᠠᠨ ᠬᠤᠷᠤᠬᠠᠢ ᠲᠡᠵᠢᠭᠡᠬᠦ  ᠳᠤ ᠲᠤᠷᠰᠢᠯᠭ᠎ᠠ ᠲᠠᠢ ᠪᠤᠯᠵᠦ ᠂ ᠮᠦ ᠪᠦᠷᠢ ᠶᠢᠨ ᠴᠢᠬᠢᠭ  ᠤᠨ ᠤᠯᠠᠭᠠᠨ ᠬᠤᠷᠤᠬᠠᠢ ᠶᠢᠨ ᠤᠷᠤᠯᠭ᠎ᠠ ᠪᠠᠨ 2 ᠲᠦᠮᠡᠨ ᠲᠦᠬᠦᠷᠢᠭ ᠲᠤ ᠬᠦᠷᠭᠡᠬᠦ ᠪᠠᠷ ᠲᠦᠯᠦᠪᠯᠡᠵᠦ ᠪᠤᠢ ᠃ ᠡᠬᠦᠨ  ᠤ ᠲᠠᠭᠠᠤ  ᠳᠤ ᠂ ᠲᠠᠷᠠᠭ᠎ᠠ ᠵᠢᠯ ᠲᠠᠷᠢᠶᠠᠴᠢᠨ  ᠤ ᠭᠠᠷ ᠠᠴᠠ 1000 ᠮᠦ ᠲᠠᠷᠢᠶ᠎ᠠ  ᠶᠢᠨ ᠭᠠᠵᠠᠷ ᠲᠦᠷᠢᠶᠡᠰᠦᠯᠡᠵᠦ ᠂ ᠪᠤᠬᠢᠷᠳᠤᠯ ᠦᠭᠡᠢ ᠪᠤᠭᠤᠳᠠᠢ ᠲᠠᠷᠢᠵᠦ ᠂ 7 ᠰᠠᠷ᠎ᠠ  ᠳᠤ ᠪᠤᠭᠤᠳᠠᠢ ᠪᠠᠨ ᠬᠤᠷᠢᠶᠠᠬᠰᠠᠨ  ᠤ ᠰᠡᠬᠦᠯᠡᠷ ᠲᠠᠬᠢᠨ ᠪᠦᠬᠦᠨ  ᠢ ᠪᠤᠬᠢᠷᠳᠤᠯ ᠦᠭᠡᠢ ᠴᠠᠭᠠᠨ ᠨᠤᠭᠤᠭ᠎ᠠ ᠲᠠᠷᠢᠬᠤ ᠪᠠᠷ ᠪᠤᠢ ᠃ ᠭᠠᠴᠠᠭ᠎ᠠ  ᠶᠢᠨ ᠬᠠᠮᠳᠦ ᠶᠢᠨ ᠠᠵᠦ ᠠᠬᠤᠢ ᠶᠢᠨ ᠪᠡᠯᠡ ᠮᠦᠩᠬᠦ ᠬᠦᠢᠴᠡᠳ ᠪᠤᠯ ᠨᠤᠭᠤᠭ᠎ᠠ ᠬᠠᠳᠠᠭᠠᠯᠠᠬᠤ ᠵᠤᠭᠤᠷᠢ ᠪᠠᠶᠢᠭᠤᠯᠵᠦ ᠂ ᠴᠠᠭᠠᠨ ᠨᠤᠭᠤᠭ᠎ᠠ ᠪᠠᠨ ᠡᠪᠦᠯ  ᠤᠨ ᠤᠯᠠᠷᠢᠯ  ᠳᠤ ᠵᠠᠬ᠎ᠠ ᠲᠡᠯᠭᠡᠬᠦᠷ ᠲᠤ ᠭᠠᠷᠭᠠᠵᠦ ᠦᠨᠳᠦᠷ ᠦᠨ᠎ᠠ ᠪᠠᠷ ᠬᠤᠳᠠᠯᠳᠤᠬᠤ ᠶᠢᠨ ᠵᠡᠷᠭᠡ ᠪᠠᠷ ᠬᠦᠯᠦᠰᠦᠨ ᠠᠵᠢᠯ ᠬᠢᠬᠦ ᠰᠠᠨᠠᠭ᠎ᠠ ᠲᠠᠢ ᠬᠦᠮᠦᠰ ᠲᠤ ᠠᠵᠢᠯ  ᠤᠨ ᠪᠠᠶᠢᠷᠢ ᠬᠠᠩᠭᠠᠵᠦ ᠦᠭᠬᠦ ᠪᠠᠷ ᠲᠦᠯᠦᠪᠯᠡᠵᠦ ᠪᠠᠶᠢᠨ᠎ᠠ ᠃     ᠊᠊᠊᠊᠊᠊ ᠮᠠᠨ  ᠤ ᠬᠦᠮᠦᠨ ᠠᠷᠢᠬᠢᠨ  ᠳᠤ ᠤᠷᠤᠬᠰᠠᠨ ᠠᠴᠠ ᠠᠵᠢᠯ ᠬᠢᠵᠦ ᠲᠡᠶᠢᠯᠬᠦ ᠦᠭᠡᠢ ᠪᠤᠯᠵᠠᠢ ᠂ ᠬᠤᠶᠠᠷ ᠭᠡᠤᠭᠡᠨ ᠪᠦᠷ ᠰᠤᠷᠭᠠᠭᠤᠯᠢ  ᠳᠤ ᠶᠠᠪᠤᠵᠦ ᠪᠠᠶᠢᠨ᠎ᠠ ᠃ ᠪᠢ ᠭᠠᠭᠴᠠᠭᠠᠷ  ᠢᠶᠠᠨ ᠭᠡᠷ  ᠢᠶᠠᠨ ᠲᠤᠯᠵᠦ ᠶᠠᠪᠤᠳᠠᠭ ᠠᠴᠠ ᠠᠳᠠᠯ ᠠᠮᠢᠳᠤᠷᠠᠯᠭ᠎ᠠ ᠬᠦᠴᠢᠷᠳᠠᠢ ᠂ ᠭᠠᠴᠢᠬᠳᠠᠬᠤ  ᠳᠤ ᠪᠠᠨ ᠪᠠᠭ᠎ᠠ ᠭᠡᠤᠭᠡᠨ  ᠢᠶᠠᠨ ᠰᠤᠷᠭᠠᠭᠤᠯᠢ ᠠᠴᠠ ᠭᠠᠷᠭᠠᠬᠤ ᠭᠡᠵᠠᠢ ᠃ ᠪᠤᠤ ᠱᠠᠨ ᠱᠦᠵᠢ ᠪᠤᠯᠤᠨ ᠭᠠᠴᠠᠭ᠎ᠠ  ᠶᠢᠨ ᠺᠠᠳ᠋ᠷ ᠤᠳᠤᠷᠢᠳᠤᠯᠭ᠎ᠠ ᠡᠷᠡᠰ ᠲᠠᠰᠤ ᠵᠦᠪᠰᠢᠶᠡᠷᠡᠬᠦ ᠦᠭᠡᠢ ᠂ ᠮᠠᠨ  ᠤ ᠠᠮᠢᠳᠤᠷᠠᠯ  ᠤᠨ ᠲᠠᠷᠤᠭᠠᠰᠤ ᠶᠢ ᠬᠦᠩᠭᠡᠯᠡᠬᠦ ᠶᠢᠨ ᠲᠦᠯᠦᠭᠡ ᠂ 2017 ᠤᠨ  ᠳᠤ ᠵᠠᠰᠠᠭ  ᠤᠨ ᠤᠷᠳᠤᠨ ᠲᠠᠢ ᠬᠠᠷᠢᠴᠠᠵᠦ ᠪᠠᠶᠢᠭᠠᠳ 2 ᠦᠭᠡᠷ ᠬᠤᠳᠠᠯᠳᠤᠨ ᠠᠪᠴᠤ ᠦᠭᠴᠠᠢ ᠃ ᠡᠨᠡ ᠵᠢᠯ ᠬᠤᠶᠠᠷ  ᠢ ᠨᠢ ᠬᠤᠳᠠᠯᠳᠤᠭᠠᠳ ᠪᠠᠰᠠ 5 ᠦᠯᠡᠳᠡᠵᠦ ᠪᠠᠶᠢᠨ᠎ᠠ ᠃ ᠲᠠᠷᠢᠶ᠎ᠠ ᠲᠠᠷᠢᠬᠤ  ᠳᠤ ᠪᠠᠨ ᠴᠦ ᠵᠤᠪᠠᠭ᠋ᠤ ᠶᠠᠪᠤᠳᠠᠯ ᠦᠭᠡᠢ ᠪᠤᠯᠵᠠᠢ ᠂ ᠬᠤᠷᠰᠢᠶᠠᠵᠢᠯ ᠠᠴᠠ ᠲᠠᠷᠢᠶ᠎ᠠ  ᠶᠢᠨ ᠤᠨᠠᠯᠳᠠ ᠶᠢ ᠪᠠᠳᠤᠯᠠᠵᠦ ᠦᠭᠬᠦ ᠪᠠᠷ ᠪᠠᠷᠠᠬᠤ ᠦᠭᠡᠢ ᠂ ᠬᠢᠮᠳᠠ ᠦᠨ᠎ᠠ ᠪᠠᠷ ᠲᠠᠷᠢᠶ᠎ᠠ  ᠶᠢᠨ ᠪᠦᠬᠦ ᠠᠵᠢᠯ  ᠢ ᠬᠢᠵᠦ ᠦᠭᠬᠦᠨ᠎ᠠ ᠃ ᠪᠢ ᠦᠪᠡᠷ  ᠢᠶᠠᠨ ᠦᠭᠡᠷ  ᠢᠶᠠᠨ ᠰᠠᠶᠢᠨ ᠲᠡᠵᠢᠭᠡᠪᠡᠯ ᠪᠤᠯᠴᠢᠬᠠᠨ᠎ᠠ ︾ ᠭᠡᠵᠦ ᠮᠤᠷᠢᠨ ᠳᠠᠯ᠎ᠠ ᠭᠠᠴᠠᠭ᠎ᠠ  ᠶᠢᠨ ᠶᠠᠳᠠᠭᠤ ᠬᠦᠴᠢᠷᠳᠠᠯᠳᠠᠢ ᠡᠷᠦᠭᠡ ᠰᠡᠷᠬᠦᠯᠡᠩ ᠠᠴᠠ ᠰᠡᠳᠬᠢᠯ ᠲᠤᠬᠳᠤᠯᠤᠨ ᠬᠠᠷᠢᠭᠤᠯᠵᠦ ᠪᠠᠶᠢᠯ᠎ᠠ ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号