ᠡᠮᠴᠢᠯᠡᠭᠡᠨ ᠤ ᠠᠵᠢᠯ ᠤᠨ ᠹᠧᠷᠤᠨᠲ ᠳᠠᠬᠢ ︽ᠨᠢᠭᠤᠴᠠᠭᠠᠢ ᠪᠠᠶᠢᠯᠳᠤᠬᠴᠢ︾ | — — — — ᠰᠢᠯᠭᠠᠨ ᠪᠠᠶᠢᠴᠭᠠᠭᠴᠢ | ᠬᠢᠵᠢᠭ ᠤᠨ ᠪᠠᠶᠢᠳᠠᠯ ᠪᠤᠯ ᠵᠠᠷᠯᠢᠭ᠂ ᠰᠡᠷᠭᠡᠶᠢᠯᠡᠨ ᠡᠵᠡᠮᠳᠡᠬᠦ ᠪᠤᠯ ᠬᠠᠷᠢᠭᠤᠴᠠᠯᠭ᠎ᠠ᠃ ᠰᠢᠨ᠎ᠡ ᠲᠢᠳᠢᠮᠯᠢᠭ | ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠷᠢᠭᠯᠠᠯᠳᠠ ᠶᠢᠨ ᠲᠠᠶᠢᠯᠠᠯᠳᠤᠭᠠᠨ | ᠲᠤᠮᠳᠠ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠰᠢᠯᠭᠠᠨ ᠪᠠᠶᠢᠴᠭᠠᠬᠤ ᠰᠠᠯᠠᠭ᠎ᠠ᠂ ᠰᠢᠨᠵᠢᠯᠡᠭᠡᠨ ᠤ | ᠰᠠᠯᠠᠭ᠎ᠠ ᠶᠢᠨ ᠲᠠᠭᠠᠭᠤᠯᠤᠬᠴᠢ᠂ ᠰᠠᠯᠠᠭ᠎ᠠ ᠶᠢᠨ ᠡᠷᠬᠢᠯᠡᠭᠴᠢ ᠪᠤᠤ ᠵᠢᠶᠠᠨ ᠬᠤᠸᠠ ᠶᠢᠨ ᠲᠠᠭᠠᠭᠤᠯᠭ᠎ᠠ ᠲᠤᠤᠷ᠎ᠠ ᠤᠭ | ᠰᠨᠠᠠᠭ᠎ᠠ ᠪᠠ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠵᠥ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ | ᠬᠢᠵᠢᠭ ᠤᠨ ᠪᠠᠶᠢᠳᠠᠯ ᠢ ᠡᠰᠡᠷᠬᠦᠴᠡᠬᠦ ᠡᠮᠦᠨ᠎ᠡ ᠹᠧᠷᠤᠨᠲ ᠳᠤ ᠪᠦᠬᠦ ᠬᠦᠴᠦᠨ ᠢᠶᠠᠷ ᠠᠵᠢᠯᠯᠠᠵᠥ ᠪᠠᠶᠢᠨ᠎ᠠ᠃ | | ᠰᠢᠯᠭᠠᠨ ᠪᠠᠶᠢᠴᠭᠠᠬᠴᠢ ᠪᠤᠯ ᠡᠮᠴᠢᠯᠡᠭᠡᠨ ᠤ ᠠᠵᠢᠯ ᠤᠨ ᠹᠧᠷᠤᠨᠲ ᠳᠠᠬᠢ ︽ᠨᠢᠭᠤᠴᠠᠭᠠᠢ ᠪᠠᠶᠢᠯᠳᠤᠬᠴᠢ︾ | ᠪᠤᠯᠤᠨ᠎ᠠ᠂ ᠲᠡᠳᠡᠨ ᠤ ᠭᠠᠷᠭᠠᠭᠰᠠᠨ ᠰᠢᠯᠭᠠᠨ ᠪᠠᠶᠢᠴᠠᠭᠠᠯᠳᠠ ᠶᠢᠨ ᠦᠷ᠎ᠡ ᠳ᠋ᠦᠩ ᠨᠢ ᠡᠮᠴᠢᠯᠡᠭᠡᠨ ᠤ ᠡᠮᠴᠢ ᠶᠢᠨ | ᠡᠮᠨᠡᠨ ᠵᠠᠰᠬᠠᠤ ᠲᠦᠰᠦᠪ ᠲᠤᠬᠳᠠᠭᠠᠬᠤ ᠳᠤ ᠴᠢᠬᠤᠯᠠ ᠦᠨᠳᠦᠰᠦᠯᠡᠯ ᠪᠠ ᠲᠤᠯᠭᠠᠭᠤᠷᠢᠭᠤᠯᠤᠯ ᠪᠤᠯᠳᠠᠭ᠃ | ᠪᠠᠶᠢᠯᠳᠤᠭᠠᠨ ᠤ ᠨᠢᠭᠡᠳᠦᠭᠡᠷ ᠹᠧᠷᠤᠨᠲ ᠳᠤ ᠠᠵᠢᠯᠯᠠᠵᠥ ᠪᠠᠶᠢᠭ᠎ᠠ ᠡᠮᠴᠢ ᠰᠤᠪᠢᠯᠠᠬᠴᠢ ᠲᠠᠢ ᠬᠠᠷᠢᠭᠤᠴᠠᠭᠤᠯᠪᠠᠯ | ᠭᠡᠳᠦᠶᠢᠪᠡᠷ ᠲᠡᠳᠡᠨᠡᠷ ᠡᠪᠡᠳᠴᠢᠳᠡᠨ ᠲᠠᠢ ᠰᠢᠭᠤᠳ ᠨᠢᠭᠤᠷᠳᠠᠬᠤ ᠦᠬᠡᠢ ᠴᠦ ᠪᠠᠶᠢᠳᠠᠯ ᠢ ᠨᠢ ᠤᠶᠢᠯᠭᠠᠠᠬᠤ ᠦᠬᠡᠢ | ᠸᠢᠷᠦ᠋ᠰ ᠲᠠᠢ ᠴᠢᠳᠠᠯ ᠡᠷᠳᠡᠮ ᠢᠶᠠᠨ ᠦᠵᠡᠯᠴᠡᠳᠡᠭ᠃ ᠲᠡᠳᠡᠨᠡᠷ ᠡᠳᠦᠷᠵᠢᠨ ᠲᠡᠭᠡᠳᠦ ᠲᠦᠭᠭᠰᠢᠬᠦᠷᠢᠳᠦ | ᠡᠪᠡᠳᠴᠢᠳᠡᠨ ᠤ ᠴᠢᠰᠦ᠂ ᠪᠡᠶ᠎ᠡ ᠶᠢᠨ ᠢᠯᠳᠠᠰᠦ ᠵᠢᠴᠢ ᠢᠯᠭᠠᠷᠠᠭᠤᠯᠤᠭᠰᠠᠨ ᠪᠤᠳᠠᠰ ᠤᠨ ᠦᠯᠢᠭᠡᠷ ᠶᠠᠩᠵᠥ ᠲᠠᠢ | ᠬᠠᠷᠢᠯᠴᠠᠵᠥ᠂ ᠮᠢᠨᠦ᠋ᠲ ᠰᠧᠺᠦ᠋ᠨᠲ ᠪᠦᠷᠢ ᠪᠠᠭ᠋ᠠᠨ ᠬᠢᠴᠢᠶᠡᠮᠵᠢ ᠦᠬᠡᠢ ᠪᠤᠯ ᠬᠠᠯᠳᠠᠪᠤᠷᠢᠳᠦ ᠸᠢᠷᠦ᠋ᠰ ᠠᠮᠢᠰᠬᠤᠯ ᠤᠨ | ᠵᠠᠮ ᠢᠶᠠᠷ ᠬᠠᠯᠳᠠᠪᠤᠷᠢᠯᠠᠵᠥ᠂ ᠬᠦᠨᠳᠦ ᠨᠤᠴᠢᠳᠠᠢ ᠦᠷ᠎ᠡ ᠳ᠋ᠦᠩ ᠡᠬᠦᠰᠳᠡᠭ᠃ ᠲᠦᠭᠰᠢᠬᠦᠷᠢᠳᠦ ᠪᠠᠶᠢᠳᠠᠯ ᠳᠤ | ᠬᠠᠨᠳᠤᠬᠤ ᠲᠠᠭᠠᠨ ᠰᠢᠯᠭᠠᠨ ᠪᠠᠶᠢᠴᠠᠭᠠᠬᠴᠢ᠂ ᠠᠶᠤᠬᠤ ᠦᠬᠡᠢ᠂ ᠵᠢᠷᠦᠭᠡᠰᠢᠶᠡᠬᠦ ᠦᠬᠡᠢ᠂ ᠤᠬᠤᠷᠢᠬᠤ ᠦᠬᠡᠢ ᠪᠠᠷ | ᠴᠠᠭ ᠢᠮᠠᠬᠠᠳᠠ ᠬᠠᠯᠠᠭᠤᠷᠠᠯ ᠤᠨ ᠡᠬᠦᠳᠡᠨ ᠡᠮᠨᠡᠯᠭᠡ ᠵᠢᠴᠢ ᠲᠤᠰᠠᠭᠠᠷᠠᠯᠠᠬᠤ ᠦᠷᠦᠭᠡᠨ ᠤ ᠡᠮᠴᠢ ᠰᠤᠪᠢᠯᠠᠬᠴᠢ ᠶᠢᠨ | ᠵᠢᠭᠠᠪᠤᠷᠢ ᠢᠶᠠᠷ ᠨᠢᠭᠡᠳᠦᠭᠡᠷ ᠴᠠᠭ ᠲᠤ ᠦᠯᠢᠭᠡᠷ ᠶᠠᠩᠵᠥ ᠶᠢ ᠠᠮᠦᠷ ᠲᠦᠪᠰᠢᠨ᠂ ᠲᠦᠷᠢᠮᠵᠢᠯ ᠲᠠᠢ ᠠᠪᠴᠦ | ᠴᠤᠬᠯᠠᠭᠤᠯᠤᠨ᠂ ᠦᠯᠢᠭᠡᠷ ᠶᠠᠩᠵᠥ ᠶᠢᠨ ᠰᠢᠯᠭᠠᠨ ᠪᠠᠶᠢᠴᠭᠠᠬᠠᠤ ᠪᠦᠬᠦ ᠶᠠᠪᠤᠴᠠ ᠲᠤᠮᠳᠠᠬᠢ ᠠᠮᠢᠳᠤ ᠪᠤᠳᠠᠰ ᠤᠨ | ᠠᠮᠦᠷ ᠲᠦᠪᠰᠢᠨ ᠤ ᠬᠠᠮᠢᠶᠠᠷᠤᠯᠳᠠ ᠶᠢ ᠴᠢᠩᠭᠠᠳᠬᠠᠨ᠂ ᠴᠢᠩᠭ᠎ᠠ ᠨᠢᠮᠪᠠᠢ ᠬᠤᠤᠷ ᠦᠬᠡᠢ ᠠᠷᠭ᠎ᠠ ᠪᠠᠷᠢᠯ ᠪᠠᠷ | ᠦᠯᠢᠭᠡᠷ ᠶᠠᠩᠵᠦ ᠨᠢᠭᠡᠪᠦᠷᠢ ᠶᠢ ᠬᠢᠴᠢᠶᠡᠭᠰᠡᠨ ᠠᠴᠠ ᠬᠡᠴᠢᠶᠡᠵᠥ᠂ ᠨᠠᠷᠢᠨ ᠠᠴᠠ ᠨᠠᠷᠢᠨ ᠵᠦᠪ ᠤᠨᠤᠪᠴᠢᠳᠠᠢ | ᠰᠢᠯᠭᠠᠨ ᠪᠠᠶᠢᠴᠭᠠᠭᠳᠠᠭ᠃ ᠲᠡᠳᠡᠨᠡᠷ ᠬᠢᠨᠠᠭᠤᠷ ᠪᠤᠯᠭᠤᠮᠵᠢ᠂ ᠦᠨᠳᠡᠭᠡᠨ ᠠᠴᠠ ᠦ ᠡᠷᠢᠬᠦ ᠠᠵᠢᠯ ᠤᠨ ᠤᠪᠤᠷ | ᠢᠶᠠᠷ ᠬᠠᠮᠤᠭ ᠤᠬᠤᠷᠬᠠᠨ ᠴᠠᠭ ᠲᠤ ᠬᠠᠮᠤᠭ ᠲᠡᠭᠡᠳᠦ ᠲᠦᠭᠰᠢᠬᠦᠷᠢᠳᠦ ᠡᠪᠡᠳᠴᠢᠳᠠᠨ ᠤ ᠦᠯᠢᠭᠡᠷ ᠶᠠᠩᠵᠥ ᠶᠢ | ᠰᠢᠯᠭᠠᠨ ᠪᠠᠶᠢᠴᠭᠠᠬᠤ ᠶᠢ ᠪᠡᠶᠡᠯᠡᠬᠦᠯᠵᠥ᠂ ᠰᠢᠯᠭᠠᠨ ᠪᠠᠶᠢᠴᠭᠠᠯᠳᠠ ᠶᠢᠨ ᠦᠷ᠎ᠡ ᠳ᠋ᠦᠩ ᠢ ᠠᠯᠢ ᠲᠦᠷᠭᠡᠨ ᠢᠶᠠᠷ | ᠬᠠᠯᠠᠭᠤᠷᠠᠯ ᠤᠨ ᠡᠬᠦᠳᠡᠨ ᠡᠮᠨᠡᠯᠭᠡ ᠵᠢᠴᠢ ᠲᠤᠰᠠᠭᠠᠷᠯᠠᠬᠤ ᠡᠪᠡᠳᠴᠢᠳᠡᠨ ᠤ ᠭᠡᠷ ᠤᠨ ᠡᠮᠴᠢ ᠳᠤ ᠲᠠᠮᠵᠢᠭᠤᠯᠵᠥ | ᠯᠠᠪᠯᠠᠯᠳᠠ ᠶᠢᠨ ᠦᠨᠳᠦᠰᠦᠯᠡᠯ ᠬᠠᠩᠭᠠᠳᠠᠭ᠃ | | ᠰᠢᠯᠭᠠᠨ ᠪᠠᠶᠢᠴᠭᠠᠬᠤ ᠶᠠᠪᠤᠴᠠ ᠳᠤ ᠡᠮᠨᠡᠯᠭᠡ ᠶᠢᠨ ᠬᠤᠷᠢᠶᠠᠨ ᠳᠠᠬᠢ ᠬᠠᠯᠳᠠᠪᠤᠷᠢᠯᠠᠯ ᠢ ᠰᠡᠷᠭᠡᠶᠢᠯᠡᠬᠦ ᠶᠢᠨ | ᠲᠦᠯᠦᠭᠡ ᠰᠢᠯᠭᠠᠨ ᠪᠠᠶᠢᠴᠭᠠᠬᠤ ᠠᠵᠢᠯᠳᠠᠨ ᠡᠮᠦᠨ᠎ᠡ ᠹᠧᠷᠤᠨᠲ ᠳᠤ ᠠᠵᠢᠯᠯᠠᠵᠥ ᠪᠠᠶᠢᠭ᠎ᠠ ᠡᠮᠴᠢ ᠰᠤᠪᠢᠯᠠᠬᠴᠢ ᠲᠠᠢ | ᠠᠳᠠᠯᠢ ᠪᠠᠷ ᠨᠢᠬᠳᠠ ᠪᠢᠳᠡᠬᠦᠮᠵᠢᠯᠡᠭᠰᠡᠨ ᠠᠭᠠᠷ ᠨᠡᠪᠳᠡᠷᠡᠬᠦ ᠦᠬᠡᠢ ᠲᠤᠰᠠᠭᠠᠷᠯᠠᠯ ᠤᠨ ᠬᠤᠪᠴᠠᠰᠦ ᠡᠮᠦᠰᠴᠦ᠂ ᠨᠢᠳᠦ | ᠬᠠᠮᠠᠭᠠᠯᠠᠬᠤ ᠰᠢᠯ ᠂ ᠲᠠᠪᠬᠤᠷ ᠠᠮᠠᠪᠴᠢ᠂ ᠬᠤᠶᠠᠷ ᠲᠠᠪᠬᠤᠷ ᠭᠤᠮ ᠪᠡᠭᠡᠯᠡᠢ ᠵᠡᠬᠦᠵᠥ᠂ ᠡᠳᠡᠭᠡᠷ ᠲᠠᠭᠠᠯᠳᠠ | ᠡᠮᠦᠰᠭᠡᠯ ᠨᠢ ᠠᠵᠢᠯᠯᠠᠬᠤ ᠬᠦᠴᠢᠷ ᠢ ᠨᠡᠮᠡᠭᠳᠡᠬᠦᠯᠳᠡᠭ᠃ ᠡᠶᠢᠮᠦ ᠪᠠᠶᠢᠬᠰᠠᠨ ᠴᠦ ᠲᠡᠳᠡᠨᠡᠷ ᠶᠡᠷᠦᠨᠢ ᠰᠢᠯᠭᠠᠨ | ᠪᠠᠶᠢᠴᠭᠠᠬᠤ ᠦᠯᠢᠭᠡᠷ ᠶᠠᠩᠵᠥ ᠪᠦᠷᠢ ᠶᠢᠨ ᠤᠨᠤᠪᠴᠢ ᠴᠢᠨᠠᠷ ᠢ ᠪᠠᠳᠤᠯᠠᠳᠠᠭ᠃ ᠡᠨᠡ ᠪᠤᠯ ᠰᠢᠯᠭᠠᠨ | ᠪᠠᠶᠢᠴᠭᠠᠠᠭᠴᠢ ᠶᠢᠨ ᠬᠠᠷᠢᠭᠤᠴᠠᠯᠭ᠎ᠠ᠂ ᠮᠦᠨᠴᠦ ᠢᠷᠠᠭᠤ ᠠᠯᠳᠠᠷ ᠪᠤᠯᠤᠨ᠎ᠠ᠃ | | ᠡᠨᠡᠬᠦ ᠡᠩ ᠵᠢᠷ ᠤᠨ ᠠᠵᠢᠯ ᠤᠨ ᠪᠠᠶᠢᠷᠢ ᠲᠡᠭᠡᠷ᠎ᠡ᠂ ᠪᠦᠬᠦ ᠰᠢᠯᠭᠠᠨ ᠪᠠᠶᠢᠴᠭᠠᠭᠴᠢ ᠠᠵᠢᠯᠳᠠᠨ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠬᠤᠷᠢᠬᠯᠠᠯᠳᠠ ᠶᠢᠨ ᠲᠠᠶᠢᠯᠠᠯᠳᠤᠭᠠᠨ ᠳᠤ ᠪᠦᠬᠦ ᠭᠡᠰᠢᠬᠦᠳ ᠤᠷᠤᠯᠴᠠᠵᠥ᠂ ᠦᠬᠡ | ᠲᠠᠭᠤᠨ ᠦᠬᠡᠢ ᠠᠵᠢᠯᠯᠠᠵᠥ᠂ ᠪᠤᠳᠠᠳᠠᠢ ᠦᠢᠯᠡ ᠠᠵᠢᠯᠯᠠᠭ᠎ᠠ ᠢᠶᠠᠷ ᠢᠶᠠᠨ ᠡᠮᠴᠢ ᠠᠵᠢᠯᠳᠠᠨ ᠤ ᠤᠭ ᠰᠠᠨᠠᠭ᠎ᠠ ᠪᠠ | ᠡᠬᠦᠷᠭᠡ ᠬᠠᠷᠢᠭᠤᠴᠠᠯᠭ᠎ᠠ ᠶᠢ ᠦᠢᠯᠡᠳᠦᠯᠭᠡᠵᠢᠬᠦᠯᠵᠥ᠂ ᠡᠮᠦᠨ᠎ᠡ ᠹᠧᠷᠤᠨᠲ ᠶᠢᠨ ᠡᠯ᠎ᠡ ᠲᠤᠰᠬᠠᠢ ᠮᠡᠷᠭᠡᠵᠢᠯ ᠤᠨ ᠡᠮᠴᠢ | ᠰᠤᠪᠢᠯᠠᠬᠴᠢ ᠲᠠᠢ ᠬᠠᠮᠳᠤᠪᠠᠷ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠠᠶᠢᠯᠠᠯᠳᠤᠭᠠᠨ ᠤ ᠠᠮᠵᠢᠯᠳᠠ ᠶᠢ | ᠤᠯᠬᠤ ᠢᠶᠠᠷ ᠰᠢᠨᠳᠠᠷᠠᠰᠢ ᠦᠬᠡᠢ ᠴᠢᠷᠮᠠᠶᠢᠵᠥ ᠶᠠᠪᠤᠨ᠎ᠠ᠃ | |