ᠬᠤᠯᠤᠤᠪᠠᠨᠭ᠌ ᠬᠦᠷᠭᠡᠭᠴᠢ ᠨᠢᠭᠡᠳᠤᠭᠡᠷ ᠱᠦᠵᠢ ᠊᠊᠊᠊᠊᠊ ᠯᠢ ᠷᠦᠢ | | ᠵᠣᠬᠢᠶᠠᠭᠴᠢ᠄ ᠄ᠬᠤᠨᠭ᠌ ᠰᠢᠶᠠ ᠦᠵᠡᠰᠬᠦᠯᠡᠩ | ᠤᠢᠢᠷ᠎ᠠ ᠶᠢᠨ ᠡᠳᠤᠷ ᠲᠤ᠂ ᠬᠤᠷᠴᠢᠨ ᠵᠡᠬᠦᠨ ᠭᠠᠷᠤᠨ ᠬᠤᠶᠢᠲᠤ ᠬᠤᠰᠢᠭᠤᠨ ᠤ ᠪᠠᠭᠠᠳᠠᠯ᠎ᠠ ᠰᠤᠮᠤ ᠶᠢᠨ ᠶᠡᠭᠡ | ᠪᠤᠯᠠᠭ ᠭᠠᠴᠠᠭ᠎ᠠ ᠶᠢᠨ ᠨᠢᠬᠡᠳᠦᠬᠡᠷ ᠱᠦᠵᠢ ᠯᠢ ᠷᠦᠢ ᠬᠤᠯᠤᠤᠪᠠᠨᠭ᠌ ᠬᠦᠷᠭᠡᠭᠡᠳ ᠤᠨᠴᠠ ᠶᠢᠨ ᠶᠠᠭᠠᠷᠠᠤ︕ | ᠲᠡᠷᠡ ᠪᠠᠷ ᠬᠤᠷᠴᠢᠨ ᠲᠤᠭᠤᠷᠢᠭ ᠲᠤ ᠲᠡᠷᠬᠡ ᠵᠢᠯᠤᠭᠤᠳᠤᠨ ᠬᠦᠷᠴᠦ ᠶᠠᠳᠠᠭᠤ ᠬᠦᠴᠢᠷᠲᠠᠢ ᠡᠷᠦᠬᠡ ᠪᠦᠷᠢᠨᠳᠡᠯᠬᠡᠷ ᠤᠨ | ᠲᠠᠷᠢᠭᠰᠠᠨ 1500 ᠭᠠᠷᠤᠢ ᠵᠢᠩ ᠬᠤᠯᠤᠤᠪᠠᠨᠭ᠌ ᠢ ᠵᠠᠬᠢᠶᠠᠯᠠᠭᠰᠠᠳ ᠲᠤ ᠡᠷᠦᠬᠡ ᠲᠠᠷᠠᠭᠠᠯᠠᠨ ᠬᠦᠷᠬᠡᠨ ᠦᠭᠬᠦᠭᠰᠡᠨ | ᠪᠠᠶᠢᠨ᠎ᠠ᠃ | | | ︽ᠬᠠᠪᠤᠷ ᠪᠤᠯᠬᠤ ᠪᠠᠷ ᠵᠤᠭᠤᠷᠢ ᠳᠤ ᠬᠤᠯᠤᠤᠪᠠᠨᠭ᠌ ᠬᠠᠳᠠᠭᠠᠯᠠᠵᠦ ᠲᠡᠶᠢᠯᠬᠦ ᠦᠬᠡᠢ ᠪᠤᠯᠵᠤ᠂ ᠤᠳᠤ | ᠬᠤᠳᠠᠯᠳᠤᠵᠦ ᠲᠡᠶᠢᠯᠬᠦ ᠦᠬᠡᠢ ᠪᠤᠯ ᠦᠬᠡᠷ ᠲᠡᠵᠢᠬᠡᠬᠦ ᠯᠡ ᠡᠳ᠋ ᠪᠤᠯᠵᠠᠢ᠃ ᠪᠢ ᠡᠳᠡᠬᠡᠷ ᠬᠤᠯᠤᠤᠪᠠᠨᠭ᠌ ᠢᠶᠠᠨ | ᠬᠤᠳᠠᠯᠳᠤᠭᠠᠳ ᠬᠠᠪᠤᠷ ᠤᠨ ᠲᠠᠷᠢᠶᠠᠯᠠᠭ᠎ᠠ ᠶᠢᠨ ᠦᠷ᠎ᠡ ᠪᠤᠷᠳᠤᠭᠤᠷ ᠬᠤᠳᠠᠯᠳᠤᠵᠦ ᠠᠪᠬᠤ ᠪᠠᠷ ᠲᠦᠯᠦᠪᠯᠡᠵᠦ | ᠪᠠᠶᠢᠭᠰᠠᠨ᠂ ᠤᠳᠤ ᠴᠤᠬᠤᠮ ᠶᠠᠭᠠᠬᠢᠳᠠᠭ ᠪᠢᠯᠡ︾ ᠭᠡᠰᠡᠨ ᠬᠦᠨᠳᠤ ᠪᠤᠳᠤᠯ ᠳᠠᠭᠠᠨ ᠲᠠᠷᠤᠭᠲᠠᠨ ᠪᠦᠷᠢᠨᠳᠡᠯᠬᠡᠷ | ᠨᠢᠬᠡᠳᠦᠬᠡᠷ ᠱᠦᠵᠢ ᠯᠢ ᠷᠦᠢ ᠠᠴᠠ ᠲᠡᠮᠵᠢᠯᠬᠡ ᠬᠦᠰᠡᠪᠡ᠃ ᠤᠤᠯ ᠨᠢ ᠪᠦᠷᠢᠨᠳᠡᠯᠬᠡᠷ ᠤᠨ ᠬᠢᠨ ᠨᠢᠳᠤᠨᠤᠨ | ᠤᠷᠤᠯᠭ᠎ᠠ ᠪᠠᠨ ᠨᠡᠮᠡᠭᠳᠡᠬᠦᠯᠬᠦ ᠶᠢᠨ ᠲᠤᠰᠠᠳᠠ᠂ ᠯᠢ ᠷᠦᠢ ᠶᠢᠨ ᠬᠠᠪᠰᠤᠷᠤᠯᠭ᠎ᠠ ᠪᠠᠷ ᠬᠦᠷᠢᠶ᠎ᠠ ᠬᠠᠰᠢᠶᠠᠨ ᠳᠠᠭᠠᠨ | ᠬᠤᠯᠤᠤᠪᠠᠨᠭ᠌ ᠲᠠᠷᠢᠭᠠᠳ ᠡᠯᠪᠡᠭ ᠬᠤᠷᠢᠶᠠᠯᠲᠠ ᠤᠯᠵᠠᠢ᠃ ᠨᠢᠳᠤᠨᠤᠨ ᠡᠪᠦᠯ 1000 ᠭᠠᠷᠤᠢ ᠵᠢᠩ ᠬᠤᠳᠠᠯᠳᠤᠵᠤ᠂ | ᠦᠯᠡᠳᠡᠭᠰᠡᠨ 2000 ᠭᠠᠷᠤᠢ ᠵᠢᠩ ᠬᠤᠯᠤᠤᠪᠠᠨᠭ᠌ ᠢᠶᠠᠨ ᠵᠢᠯ ᠭᠠᠷᠤᠭᠰᠠᠭᠠᠷ ᠬᠤᠲᠠᠯᠳᠤᠬᠤ ᠭᠡᠵᠤ ᠲᠦᠯᠦᠪᠯᠡᠵᠤ | ᠪᠠᠶᠢᠭᠰᠠᠨ᠂ ᠭᠡᠳᠡᠯ᠎ᠠ ᠬᠢᠵᠢᠭ ᠲᠡᠯᠬᠡᠷᠡᠭᠰᠡᠨ ᠠᠴᠠ ᠪᠤᠯᠵᠦ᠂ ᠦᠯᠡᠳᠡᠭᠰᠡᠨ ᠬᠤᠯᠤᠤᠪᠠᠨᠭ᠌ ᠨᠢ ᠪᠤᠷᠤᠯᠠᠭᠤᠯᠵᠤ ᠲᠡᠶᠢᠯᠬᠦ | ᠦᠬᠡᠢ ᠪᠦᠷᠢᠨᠳᠡᠯᠬᠡᠷ ᠤᠨ ᠬᠢᠨ ᠢ ᠵᠤᠪᠠᠭᠠᠵᠦ ᠪᠠᠶᠢᠯ᠎ᠠ᠃ | | | ᠯᠢ ᠷᠦᠢ ᠪᠤᠯ ᠲᠦᠡᠭᠯᠢᠶᠤᠤ ᠬᠤᠳᠠ ᠶᠢᠨ ᠬᠠᠤᠯᠢ ᠴᠠᠭᠠᠵᠠ ᠶᠢᠨ ᠲᠤᠪᠴᠢᠶ᠎ᠠ ᠠᠴᠠ ᠪᠠᠭᠠᠳᠠᠯ᠎ᠠ ᠰᠤᠮᠤ ᠶᠢᠨ | ᠶᠡᠭᠡ ᠪᠤᠯᠠᠭ ᠭᠠᠴᠠᠭ᠎ᠠ ᠳᠤ ᠲᠤᠮᠢᠯᠠᠭᠰᠠᠨ ᠨᠢᠬᠡᠳᠦᠬᠡᠷ ᠱᠦᠵᠢ ᠪᠤᠯᠬᠤ ᠶᠤᠮ᠃ ᠲᠡᠷᠡ ᠪᠠᠷ ᠪᠦᠷᠢᠨᠳᠡᠯᠬᠡᠷ ᠤᠨ ᠬᠢᠨ | ᠬᠦᠴᠢᠷᠳᠡᠯ ᠢ ᠤᠢᠢᠯᠠᠭᠠᠭᠰᠠᠨ ᠤ ᠲᠠᠷᠠᠭ᠎ᠠ᠂ ᠲᠡᠷᠡ ᠲᠠᠷᠤᠢ ᠸᠢᠴᠠᠲ ᠴᠤᠭᠯᠠᠷᠠᠯ᠂ ᠨᠠᠶᠢᠵᠠ ᠶᠢᠨ ᠲᠤᠭᠤᠷᠢᠭ | ᠵᠡᠷᠬᠡ ᠶᠢ ᠠᠰᠢᠭᠯᠠᠨ ᠬᠤᠯᠤᠤᠪᠠᠨᠭ᠌ ᠬᠤᠳᠠᠯᠳᠤᠭᠠᠯᠠᠬᠤ ᠮᠡᠳᠡᠭᠡ ᠲᠠᠷᠬᠠᠭᠠᠵᠦ᠂ ᠬᠠᠮᠲᠤ ᠠᠵᠢᠯᠯᠠᠭᠰᠠᠳ᠂ ᠨᠠᠶᠢᠵᠠ | ᠨᠦᠬᠦᠳ ᠤᠨ ᠢᠶᠠᠨ ᠬᠠᠪᠰᠤᠷᠤᠯᠭ᠎ᠠ ᠲᠡᠮᠵᠢᠯᠬᠡ ᠲᠤᠤᠷ᠎ᠠ ᠤᠳᠠᠯ ᠦᠬᠡᠢ 1510 ᠵᠢᠩ ᠬᠤᠯᠤᠤᠪᠠᠨᠭ᠌ ᠢ ᠵᠠᠬ᠎ᠠ | ᠳᠡᠯᠬᠡᠬᠦᠷ ᠤᠨ ᠦᠨ᠎ᠠ 2 ᠲᠦᠬᠦᠷᠢᠭ ᠢᠶᠠᠷ ᠬᠤᠲᠡᠯᠲᠦᠵᠤ ᠲᠠᠭᠤᠰᠬᠠᠭᠰᠠᠨ ᠪᠠᠶᠢᠨ᠎ᠠ᠃ ᠤᠢᠢᠷ᠎ᠠ ᠶᠢᠨ ᠬᠡᠳᠤᠨ | ᠡᠳᠤᠷ ᠲᠤ ᠯᠢ ᠷᠦᠢ ᠪᠦᠷᠢᠨᠳᠡᠯᠬᠡᠷ ᠡᠷ᠎ᠡ ᠡᠮ᠎ᠡ ᠬᠤᠶᠠᠭᠤᠯᠠ ᠶᠢ ᠬᠠᠪᠰᠤᠷᠤᠨ ᠵᠢᠩᠯᠡᠬᠦ᠂ ᠰᠠᠪᠠᠯᠠᠬᠤ᠂ ᠬᠦᠷᠬᠡᠬᠦ | ᠵᠡᠷᠬᠡ ᠠᠵᠢᠯ ᠢ ᠲᠠᠭᠠᠭᠠᠴᠢᠯᠠᠵᠦ᠂ ᠵᠠᠬᠢᠶᠠᠯᠠᠭᠰᠠᠳ ᠬᠤᠷᠴᠢᠨ ᠲᠤᠭᠤᠷᠢᠭ ᠤᠨ ᠡᠯ᠎ᠡ ᠨᠡᠶᠢᠬᠡᠮ ᠲᠤᠭᠤᠷᠢᠭ ᠲᠤ | ᠰᠠᠭᠤᠵᠦ ᠪᠠᠶᠢᠬᠤ ᠤᠴᠢᠷ ᠠᠴᠠ ᠲᠡᠷᠡ ᠪᠠᠷ ᠲᠡᠷᠭᠡ ᠵᠢᠯᠤᠭᠤᠳᠤᠨ ᠡᠷᠤᠬᠡ ᠲᠠᠷᠠᠭᠠᠯᠠᠨ ᠬᠦᠷᠭᠡᠵᠤ ᠶᠠᠭᠠᠷᠠᠨ᠎ᠠ᠃ | ᠪᠦᠷᠢᠨᠳᠡᠯᠬᠡᠷ᠄ ︽ᠯᠢ ᠱᠦᠵᠢ ᠶᠢᠨ ᠬᠠᠪᠰᠤᠷᠤᠯᠭ᠎ᠠ ᠪᠠᠷ ᠬᠤᠯᠤᠤᠪᠠᠨᠭ᠌ ᠢᠶᠠᠨ ᠬᠤᠲᠠᠯᠳᠤᠵᠤ᠂ ᠦᠷ᠎ᠡ ᠪᠤᠷᠳᠤᠭᠤᠷ | ᠠᠪᠬᠤ ᠮᠦᠡᠭᠬᠦ ᠲᠠᠢ ᠪᠤᠯᠵᠠᠢ᠂ ᠯᠢ ᠱᠦᠵᠢ ᠳᠡᠭᠡᠨ ᠲᠠᠯᠠᠷᠬᠠᠵᠦ ᠪᠠᠶᠢᠨ᠎ᠠ᠂ ᠨᠠᠮ ᠤᠨ ᠲᠦᠷᠦ ᠶᠢᠨ ᠪᠤᠳᠤᠯᠭ᠎ᠠ ᠳᠤ | ᠲᠠᠯᠠᠷᠬᠠᠵᠦ ᠪᠠᠶᠢᠨ᠎ᠠ︾ ᠬᠡᠮᠡᠨ ᠲᠤᠭᠳᠤᠯᠤᠭᠰᠠᠨ ᠰᠡᠳᠬᠢᠯ ᠢᠶᠠᠨ ᠲᠠᠷᠤᠵᠦ ᠶᠠᠳᠠᠨ ᠶᠠᠷᠢᠨ᠎ᠠ᠃ | ᠢᠷᠡᠯᠳᠡ ᠲᠦᠩᠯᠢᠶᠤᠤ ᠮᠤᠩᠭᠤᠯ ᠰᠦᠯᠵᠢᠶ᠎ᠡ |