︽ᠨᠠᠮ ᠵᠠᠰᠠᠭ ᠤᠨ ᠰᠠᠶᠢᠨ ᠢᠶᠠᠷ ᠬᠦᠮᠦᠨ ᠲᠦᠷᠢ ᠲᠠᠢ ᠠᠮᠢᠳᠤᠷᠠᠵᠤ ᠪᠠᠶᠢᠨ᠎ᠠ︾ | ᠵᠤᠬᠢᠶᠠᠬᠴᠢ ᠶᠦᠡᠭ ᠱᠦᠨ ᠰᠤᠷᠭᠠᠯᠳᠤ ᠪᠤᠤ ᠯᠢᠦ ᠱᠧᠡᠭ | | ︽ᠶᠠᠲᠠᠭᠤ ᠠᠴᠠ ᠠᠩᠬᠢᠵᠢᠷᠠᠵᠤ ᠪᠠᠶᠠᠵᠢᠨ ᠴᠢᠨᠡᠭᠡᠯᠢᠭᠵᠢᠬᠦ ᠳᠤ ᠪᠢᠲᠠ ᠦᠪᠡᠷᠲᠡᠭᠡᠨ ᠴᠢᠷᠮᠠᠶᠢᠵᠤ ᠠᠵᠢᠯᠯᠠᠬᠤ | ᠬᠡᠷᠡᠭᠲᠠᠢ᠂ ᠲᠠᠩ ᠭᠠᠭᠴᠠ ᠨᠠᠮ ᠵᠠᠰᠠᠭ ᠤᠨ ᠲᠡᠮᠵᠢᠯᠬᠡ᠂ ᠪᠤᠰᠤᠳ ᠤᠨ ᠬᠦᠴᠤᠨ ᠳᠤ ᠲᠦᠰᠢᠭᠯᠡᠭᠡᠳ ᠠᠮᠢᠳᠤᠷᠠᠯ | ᠲᠦᠷ ᠴᠠᠭ ᠰᠠᠶᠢᠵᠢᠷᠠᠭᠰᠠᠨ ᠴᠤ ᠤᠲᠠᠬᠤ ᠦᠬᠡᠢ ᠪᠠᠰᠠ ᠶᠠᠲᠠᠭᠤᠷᠠᠨ ᠬᠤᠭᠤᠰᠤᠷᠠᠨ᠎ᠠ᠂ ᠡᠶᠢᠮᠤ ᠠᠴᠠ ᠬᠠᠰᠢ ᠯᠠ | ᠦᠪᠡᠷᠲᠡᠭᠡᠨ ᠢᠯᠡᠬᠦᠦ ᠰᠢᠭ ᠴᠢᠷᠮᠠᠶᠢᠶ᠎ᠠ︾ ᠭᠡᠵᠤ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠪᠠᠶᠠᠨᠮᠤᠳᠤ | ᠰᠤᠮᠤ ᠶᠢᠨ ᠬᠤᠶᠢᠳᠤ ᠪᠠᠶᠠᠨᠮᠤᠳᠤ ᠭᠠᠴᠠᠭ᠎ᠠ ᠶᠢᠨ ᠤᠶᠤᠨ᠎ᠠ ᠨᠠᠰᠤᠳᠠᠨ ᠤᠴᠢᠷᠲᠡᠶᠢᠬᠠᠨ ᠶᠠᠷᠢᠨ᠎ᠠ᠃ | ᠤᠶᠤᠨ᠎ᠠ ᠨᠠᠰᠤᠲᠠᠨ ᠡᠨᠡ ᠵᠢᠯ 59 ᠨᠠᠰᠤᠲᠠᠢ᠂ ᠭᠡᠷ ᠲᠡᠭᠡᠨ ᠬᠦᠦ ᠲᠠᠢ ᠪᠠᠨ ᠬᠤᠶᠠᠭᠤᠯᠠ ᠪᠠᠨ ᠠᠮᠢᠳᠤᠷᠠᠵᠤ | ᠪᠤᠢ᠃ ᠤᠶᠤᠨ᠎ᠠ ᠨᠠᠰᠤᠲᠠᠨ ᠲᠦᠷᠦᠯᠬᠢ ᠬᠦᠯ ᠨᠢ ᠵᠡᠮᠳᠡᠭ ᠪᠠᠶᠢᠵᠤ᠂ ᠬᠡᠬᠡᠷ᠎ᠠ ᠭᠠᠲᠠᠨ᠎ᠠ ᠶᠢᠨ ᠬᠦᠨᠳᠤ ᠠᠵᠢᠯ ᠢ | ᠬᠢᠵᠤ ᠲᠡᠶᠢᠯᠬᠦ ᠦᠬᠡᠢ ᠪᠤᠯᠪᠠᠴᠤ ᠬᠡᠳᠤᠨ ᠦᠬᠡᠷ ᠢᠶᠠᠨ ᠠᠷᠠᠴᠢᠯᠠᠨ ᠲᠤᠳᠤᠮᠲᠠᠵᠤ᠂ ᠭᠡᠷ ᠵᠠᠭᠤᠷ᠎ᠠ ᠶᠢᠨ ᠠᠵᠢᠯ ᠢᠶᠠᠨ | ᠬᠢᠯᠠᠶᠢᠲᠠᠯᠠ ᠰᠠᠶᠢᠬᠠᠨ ᠬᠢᠳᠡᠭ ᠪᠠᠶᠢᠨ᠎ᠠ᠃ | 16 ᠵᠢᠯ ᠤᠨ ᠡᠮᠤᠨ᠎ᠠ᠂ ᠲᠡᠳᠡᠨ ᠤ ᠬᠢᠨ ᠬᠦᠦ ᠦᠬᠢᠨ ᠲᠠᠢ ᠪᠠᠨ ᠲᠦᠷᠪᠡᠨ ᠠᠮᠠᠭᠤᠯᠠ ᠡᠯᠢᠬᠡ ᠪᠦᠳᠤᠨ | ᠠᠮᠢᠳᠤᠷᠠᠵᠤ ᠪᠠᠶᠢᠭᠰᠠᠨ ᠶᠤᠮ᠃ ᠭᠡᠳᠡᠯ᠎ᠠ᠂ ᠭᠠᠢ ᠭᠠᠵᠠᠷ ᠲᠤᠤᠷ᠎ᠠ ᠠᠴᠠ ᠭᠡᠳᠡᠭᠴᠢᠯᠡᠨ ᠡᠪᠤᠭᠡᠨ ᠨᠢ ᠭᠡᠨᠡᠳᠲᠠ | ᠦᠮᠠᠨ ᠡᠪᠡᠳᠴᠢᠨ ᠤᠯᠤᠭᠰᠠᠨ ᠨᠢ ᠤᠶᠤᠨ᠎ᠠ ᠶᠢᠨ ᠲᠤᠯᠤᠭᠠᠢ ᠤᠷᠤᠭᠤ ᠬᠦᠨᠳᠤ ᠮᠠᠨᠴᠤᠷᠭ᠎ᠠ ᠪᠠᠷ ᠮᠠᠨᠴᠤᠷᠳᠠᠭᠰᠠᠨ | ᠰᠢᠭ᠋ ᠪᠤᠯᠵᠤ᠂ ᠨᠢᠬᠡ ᠭᠡᠷ ᠤᠨ ᠨᠢᠷᠤᠭᠤ ᠲᠤᠯᠭᠠᠭᠤᠷᠢ ᠨᠢ ᠬᠤᠭᠤᠷᠠᠭᠰᠠᠨ ᠪᠠᠶᠢᠨ᠎ᠠ᠃ ᠡᠪᠤᠭᠡᠨ ᠤ ᠪᠠᠨ | ᠡᠪᠡᠳᠴᠢᠨ ᠢ ᠨᠢ ᠵᠠᠰᠠᠵᠤ ᠡᠳᠡᠭᠡᠷᠡᠬᠦᠯᠬᠦ ᠭᠡᠵᠤ ᠪᠠᠶᠢᠳᠠᠭ ᠬᠦᠷᠦᠩᠭᠡ ᠪᠠᠨ ᠬᠦᠨᠲᠦᠷᠴᠦ᠂ ᠠᠷᠭ᠎ᠠ ᠪᠠᠨ | ᠪᠠᠷᠠᠬᠤ ᠳᠠᠭᠠᠨ ᠪᠤᠰᠤᠳ ᠠᠴᠠ ᠦᠨᠳᠤᠷ ᠬᠦᠦ ᠲᠠᠢ ᠵᠢᠭᠡᠯᠡᠯᠭᠡ ᠵᠢᠭᠡᠯᠡᠵᠤ ᠪᠠᠶᠢᠭᠠᠳ ᠲᠦᠡᠭᠯᠢᠶᠤᠤ ᠱᠧᠨᠶᠠᠩ ᠢᠶᠠᠷ | ᠵᠠᠰᠠᠭᠤᠯᠵᠤ ᠶᠠᠪᠤᠭᠰᠠᠨ ᠪᠤᠯᠪᠠᠴᠤ ᠡᠪᠤᠬᠡᠨ ᠨᠢ ᠡᠬᠡ ᠬᠦᠦ ᠦᠬᠢᠨ ᠭᠤᠷᠪᠠᠭᠤᠯᠠ ᠶᠢ ᠬᠠᠶᠠᠭᠠᠳ ᠶᠠᠪᠤᠭᠰᠠᠨ ᠪᠠᠶᠢᠨ᠎ᠠ | ᠃ ᠢᠡᠭᠬᠢᠭᠡᠳ ᠨᠢᠬᠡ ᠭᠡᠷ ᠤᠨ ᠡᠬᠦᠷᠬᠡ ᠲᠠᠷᠤᠭᠠᠰᠤ ᠭᠠᠭᠴᠠ ᠤᠶᠤᠨ᠎ᠠ ᠶᠢᠨ ᠮᠦᠷᠦᠨ ᠲᠡᠭᠡᠷ᠎ᠠ ᠲᠠᠯᠪᠢᠭᠲᠠᠵᠠᠢ᠃ | ᠤᠶᠤᠨ᠎ᠠ ᠲᠦᠷᠦᠯᠬᠢ ᠵᠡᠮᠳᠡᠭ ᠠᠴᠠ ᠲᠠᠷᠢᠶ᠎ᠠ ᠲᠦᠮᠦᠰᠤ ᠪᠠᠨ ᠲᠠᠷᠢᠵᠤ ᠲᠡᠶᠢᠯᠬᠦ ᠦᠬᠡᠢ ᠪᠠᠶᠢᠵᠤ᠂ ᠠᠮᠢᠳᠤᠷᠠᠯ ᠨᠢ | ᠡᠳᠤᠷ ᠠᠴᠠ ᠡᠳᠤᠷ ᠤᠷᠤᠭᠤᠳᠠᠨ ᠮᠠᠭᠤᠲᠠᠭᠰᠠᠨ ᠪᠠᠶᠢᠨ᠎ᠠ᠃ | ᠬᠤᠰᠢᠭᠤ ᠰᠤᠮᠤᠨ ᠤ ᠵᠠᠰᠠᠭ ᠤᠨ ᠤᠷᠳᠤᠨ ᠤᠶᠤᠨ᠎ᠠ ᠶᠢᠨ ᠭᠡᠷ ᠤᠨ ᠪᠠᠶᠢᠳᠠᠯ ᠢ ᠤᠢᠢᠯᠠᠭᠠᠭᠰᠠᠨ ᠤ ᠲᠠᠷᠠᠭ᠎ᠠ | ᠪᠦᠬᠦ ᠬᠦᠴᠤᠨ ᠢᠶᠠᠷ ᠢᠶᠠᠨ ᠬᠠᠪᠰᠤᠷᠤᠨ᠂ ᠡᠯ᠎ᠠ ᠲᠠᠯ᠎ᠠ ᠶᠢᠨ ᠬᠠᠷᠠᠭᠠᠯᠵᠠᠯ ᠲᠡᠮᠵᠢᠯᠬᠡ ᠦᠵᠡᠬᠦᠯᠦᠭᠰᠡᠨ ᠪᠠᠶᠢᠨ᠎ᠠ᠃ | 2013 ᠤᠨ ᠳᠤ ᠨᠤᠷᠠᠬᠤ ᠠᠶᠤᠯᠲᠠᠢ ᠭᠡᠷ ᠪᠠᠶᠢᠰᠢᠩ ᠤᠨ ᠨᠦᠬᠦᠪᠦᠷᠢ ᠦᠭᠴᠤ 30 ᠲᠡᠭᠰᠢ ᠲᠦᠷᠪᠡᠯᠵᠢᠨ ᠮᠧᠲᠷ | ᠤᠨ ᠲᠤᠭᠤᠰᠬᠠᠨ ᠭᠡᠷ ᠪᠠᠷᠢᠨ ᠦᠭᠴᠤ ᠬᠠᠭᠤᠴᠢᠨ ᠮᠠᠭᠤ ᠭᠡᠷ ᠠᠴᠠ ᠨᠢ ᠰᠠᠯᠭᠠᠵᠠᠢ᠃ 2014 ᠤᠨ ᠤ 5 | ᠰᠠᠷ᠎ᠠ ᠳᠤ ᠨᠠᠭᠠᠳᠤ ᠵᠠᠬ᠎ᠠ ᠶᠢᠨ ᠪᠠᠳᠤᠯᠠᠭᠠᠳᠤ ᠡᠷᠤᠭᠡ ᠳᠤ ᠤᠷᠤᠭᠤᠯᠵᠤ᠂ ᠪᠠᠰᠠ ᠨᠢᠬᠡ ᠬᠤᠪᠢ ᠤᠷᠤᠯᠭ᠎ᠠ ᠲᠠᠢ | ᠪᠤᠯᠭᠠᠵᠤ᠂ 2017 ᠤᠨ ᠳᠤ 3 ᠲᠤᠯᠤᠭᠠᠢ ᠦᠬᠡᠷ ᠦᠭᠬᠦ ᠶᠢᠨ ᠬᠠᠮᠳᠤ ᠲᠠᠷᠢᠶᠠᠯᠠᠩ ᠤᠨ ᠪᠠᠩᠬᠢ ᠲᠠᠢ ᠬᠠᠷᠢᠴᠠᠨ | 5 ᠲᠦᠮᠡᠨ ᠲᠦᠬᠦᠷᠢᠭ ᠤᠨ ᠲᠠᠮ ᠬᠦᠦ ᠲᠠᠢ ᠵᠢᠭᠡᠯᠡᠯᠭᠡ ᠭᠤᠶᠤᠴᠢᠯᠠᠨ ᠦᠭᠬᠦᠭᠰᠡᠨ ᠪᠠᠶᠢᠨ᠎ᠠ᠃ | ︽ᠨᠠᠮ ᠵᠠᠰᠠᠭ ᠠᠴᠠ ᠪᠤᠯ ᠦᠨᠡᠭᠡᠷ ᠤᠯᠠᠨ ᠲᠡᠮᠵᠢᠯᠭᠡ ᠲᠤᠰᠠᠯᠠᠮᠵᠢ ᠦᠵᠡᠬᠦᠯᠵᠠᠢ᠂ ᠨᠠᠭᠠᠳᠤ ᠵᠠᠬ᠎ᠠ ᠨᠢ | ᠲᠡᠵᠢᠭᠡᠬᠦ ᠭᠠᠭ᠋ᠠᠢ ᠶᠢ ᠬᠦᠷᠳᠠᠯ᠎ᠠ ᠬᠤᠲᠠᠯᠳᠤᠨ ᠠᠪᠴᠤ ᠦᠭᠭᠦᠭᠰᠡᠨ ᠰᠢᠦ︕ ᠦᠨᠡᠨ ᠳᠡᠭᠡᠨ ᠮᠢᠨᠤ ᠦᠬᠡᠷ | ᠬᠤᠲᠠᠯᠳᠤᠭᠰᠠᠨ ᠦᠬᠡᠢ ᠪᠤᠯ ᠤᠳᠤ ᠪᠦᠷ ᠬᠤᠷᠢᠭᠠᠳ ᠲᠤᠯᠤᠭᠠᠢ ᠪᠤᠯᠤᠨ ᠦᠰᠴᠢᠭᠡᠵᠠᠢ᠃ ᠭᠡᠳᠡᠯ᠎ᠠ᠂ ᠨᠢᠳᠤᠨᠤᠨ | ᠮᠢᠨᠤ ᠬᠦᠦ ᠡᠪᠡᠳᠴᠢᠯᠡᠭᠡᠳ ᠪᠠᠰᠠ ᠬᠡᠳᠤ ᠶᠢ ᠬᠤᠳᠠᠯᠳᠤᠵᠤ ᠱᠧᠨᠶᠠᠩ ᠳᠤ ᠤᠴᠢᠵᠤ ᠮᠡᠰᠡ ᠵᠠᠰᠠᠯ ᠬᠢᠯᠭᠡᠭᠰᠡᠨ ᠶᠤᠮ | ᠂ ᠦᠬᠡᠷ ᠢᠶᠠᠨ ᠬᠤᠳᠠᠯᠳᠤᠬᠤ ᠳᠤ ᠦᠨᠡᠨ ᠬᠠᠶᠢᠷᠠᠯᠠᠬᠰᠡᠨ︾ ᠭᠡᠵᠤ ᠤᠶᠤᠨ᠎ᠠ ᠨᠠᠰᠤᠲᠠᠨ ᠶᠠᠷᠢᠬᠤ ᠳᠤ ᠬᠤᠭᠤᠯᠠᠢ ᠨᠢ | ᠵᠠᠩᠬᠢᠷᠠᠭ᠎ᠠ ᠲᠠᠢ᠃ | 2018 ᠤᠨ ᠳᠤ ᠤᠶᠤᠨ᠎ᠠ ᠶᠢᠨ ᠬᠢᠨ ᠵᠢᠯ ᠤᠨ ᠴᠡᠪᠡᠷ ᠤᠷᠤᠯᠭ᠎ᠠ 1.8 ᠲᠦᠮᠡᠨ ᠲᠦᠬᠦᠷᠢᠭ | ᠬᠦᠷᠦᠭᠰᠡᠨ ᠠᠴᠠ ᠨᠠᠭᠠᠳᠤ ᠵᠠᠬ᠎ᠠ ᠶᠢᠨ ᠪᠠᠳᠤᠯᠠᠭᠠᠳᠤ ᠡᠷᠤᠭᠡ ᠠᠴᠠ ᠪᠠᠨ ᠭᠠᠷᠤᠭᠰᠠᠨ ᠪᠠᠶᠢᠨ᠎ᠠ᠃ ᠮᠦᠨ ᠵᠢᠯ ᠤᠨ | 11 ᠰᠠᠷ᠎ᠠ ᠳᠤᠨᠢ ᠲᠡᠲᠡᠨ ᠤ ᠬᠢᠨ ᠠᠮᠵᠢᠯᠳᠠᠲᠠᠢ ᠪᠠᠷ ᠶᠠᠲᠠᠭᠤ ᠠᠴᠠ ᠠᠩᠬᠢᠵᠢᠷᠠᠭᠰᠠᠨ ᠪᠠᠶᠢᠨ᠎ᠠ᠃ ᠤᠳᠤ ᠪᠤᠯᠬᠤ ᠳᠤ | ᠤᠶᠤᠨ᠎ᠠ ᠨᠠᠰᠤᠲᠠᠨ ᠤ ᠬᠢᠨ ᠴᠡᠪᠡᠷ ᠲᠤᠬᠢᠯᠢᠭ ᠲᠤᠭᠤᠰᠬᠠᠨ ᠪᠠᠶᠢᠰᠢᠩ ᠲᠠᠢ᠂ ᠵᠠᠭᠤ ᠭᠠᠷᠤᠢ ᠲᠡᠭᠰᠢ ᠲᠦᠷᠪᠡᠯᠵᠢᠨ | ᠮᠧᠲᠷ ᠤᠨ ᠫᠧᠡᠭ ᠰᠠᠷᠠᠪᠴᠢ ᠲᠠᠢ᠂ 7 ᠲᠤᠯᠤᠭᠠᠢ ᠪᠦᠳᠦᠬᠦᠨ ᠦᠬᠡᠷ᠂ 5 ᠲᠤᠭᠤᠯ ᠲᠠᠢ ᠵᠦᠭᠡᠷ ᠰᠢᠭ | ᠠᠮᠢᠳᠤᠷᠠᠯ ᠲᠠᠢ ᠠᠶᠢᠯ ᠭᠡᠷ ᠪᠤᠯᠤᠭᠰᠠᠨ ᠪᠠᠶᠢᠨ᠎ᠠ᠃ | | |