| ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠳᠠᠬᠢ ᠱᠠᠩᠰᠢ ᠮᠣᠳᠣᠨ ᠤ ᠰᠢᠳᠤᠯᠭᠡ | ᠦᠨᠢᠷ | | | | ᠬᠤᠷᠴᠢᠨᠴᠣᠳ ᠣᠣᠯ ᠠᠴᠠ ᠡᠬᠢᠯᠡᠨ ᠤᠪᠣᠭ᠎ᠠ ᠶᠢ ᠲᠡᠭᠷᠢ ᠲᠠᠢ ᠨᠡᠪᠲᠡᠷᠡᠯᠴᠡᠨ ᠠᠷᠠᠳ ᠤᠨ ᠪᠠᠶᠢᠳᠠᠯ ᠢ | ᠳᠠᠮᠵᠢᠭᠤᠯᠤᠨ ᠥᠭᠳᠡᠭ ᠭᠡᠵᠣ ᠦᠵᠡᠬᠦ ᠲᠠᠢ ᠠᠳᠠᠯᠢ ᠪᠠᠷ ᠱᠠᠩᠰᠢ ᠮᠤᠳᠤ ᠶᠢ ᠯᠣᠣᠰ ᠲᠠᠢ ᠨᠡᠪᠲᠡᠷᠡᠯᠴᠡᠨ ᠠᠷᠠᠳ | ᠣᠯᠠᠨ ᠤ ᠬᠤᠷ᠎ᠠ ᠪᠣᠷᠣᠭᠠᠨ ᠤ ᠱᠠᠭᠠᠷᠳᠠᠯᠭ᠎ᠠ ᠶᠢ ᠳᠠᠮᠵᠢᠭᠤᠯᠳᠠᠭ ᠭᠡᠵᠣ ᠢᠲᠡᠭᠡᠨ ᠢᠷᠡᠵᠡᠢ᠃ ᠡᠶᠢᠮᠦᠷᠬᠦᠦ | ᠦᠵᠡᠯᠲᠡ ᠠᠴᠠ ᠪᠣᠯᠵᠤ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠳᠤ ᠱᠠᠩᠰᠢ ᠮᠣᠳᠣ ᠶᠢ ᠰᠢᠳᠤᠨ ᠲᠠᠬᠢᠬᠤ | ᠦᠵᠡᠭᠳᠡᠯ ᠪᠤᠢ ᠪᠤᠯᠵᠤ᠂ ᠡᠭᠦᠨ ᠤ ᠡᠷᠬᠢᠨ ᠳᠤ ᠦᠪᠡᠷᠮᠢᠴᠡ ᠲᠠᠬᠢᠯᠭ᠎ᠠ ᠶᠢᠨ ᠵᠡᠩ ᠦᠢᠯᠡ ᠶᠢᠨ ᠶᠠᠪᠤᠴᠠ ᠶᠢ | ᠪᠦᠷᠢᠯᠳᠦᠭᠦᠯᠦᠭᠰᠡᠨ ᠪᠠᠶᠢᠨ᠎ᠠ᠃ ︽ᠬᠤᠶᠢᠲᠤ ᠬᠤᠰᠢᠭᠤᠨ ᠳᠠᠬᠢ ᠱᠠᠩᠰᠢ ᠮᠤᠳᠤ ᠭᠡᠭᠴᠢ ᠠᠭᠤᠳᠠᠮ ᠲᠠᠯ᠎ᠠ᠂ ᠤᠷᠤᠢ | ᠵᠤ ᠬᠠᠪᠢ ᠪᠠᠷ ᠭᠠᠭᠴᠠᠭᠠᠷ ᠰᠦᠭᠯᠡᠶᠢᠨ ᠰᠡᠭᠦ᠋ᠢᠵᠤ ᠤᠷᠭᠤᠭᠰᠠᠨ ᠨᠠᠪᠴᠢ ᠨᠠᠮᠠᠭ᠎ᠠ ᠰᠠᠬᠤᠯᠢᠭ᠂ ᠰᠦᠷᠯᠢᠭ | ᠦᠵᠡᠮᠵᠢᠲᠡᠢ᠂ ᠦᠨᠳᠦᠷ ᠲᠤᠮᠤ ᠪᠠᠶᠢᠬᠤ ᠶᠢᠨ ᠳᠠᠭᠠᠤ ᠵᠠᠪᠠᠯ 30 ᠵᠢᠯ ᠠᠴᠠ ᠳᠡᠭᠡᠭᠰᠢ ᠪᠤᠯᠤᠭᠰᠠᠨ ᠮᠤᠳᠤ ᠶᠢ | ᠵᠢᠭᠠᠨ᠎ᠠ︾ ᠬᠡᠵᠤ ᠬᠤᠶᠢᠲᠤ ᠬᠤᠰᠢᠭᠤᠨ ᠤ ᠦᠨᠳᠦᠰᠦᠲᠡᠨ ᠱᠠᠰᠢᠨ ᠰᠤᠷᠲᠠᠬᠤᠨ ᠤ ᠬᠡᠷᠡᠭ ᠡᠷᠬᠢᠯᠡᠬᠦ ᠲᠤᠪᠴᠢᠶᠠᠨ ᠤ | ᠠᠵᠢᠯᠲᠠᠨ ᠷᠠᠳᠨᠠᠪᠠᠽᠠᠷ ᠶᠠᠷᠢᠵᠤ ᠪᠠᠶᠢᠯ᠎ᠠ᠃ ᠤᠢᠢᠯᠠᠭᠠᠬᠰᠠᠨ ᠢᠶᠠᠷ᠂ ᠬᠤᠶᠢᠲᠤ ᠬᠤᠰᠢᠭᠤᠨ ᠤ ᠲᠠᠬᠢᠵᠤ ᠪᠠᠶᠢᠭ᠎ᠠ | ᠱᠠᠩᠰᠢ ᠮᠤᠳᠤ ᠨᠢ ᠬᠠᠶᠢᠯᠠᠰᠤᠨ ᠮᠤᠲᠣ ᠪᠠ ᠤᠳᠠ ᠮᠤᠳᠤ ᠪᠠᠷ ᠭᠤᠣᠯᠯᠠᠵᠤ ᠪᠠᠶᠢᠳᠠᠭ᠃ | | | | | ᠱᠠᠩᠰᠢ ᠮᠣᠳᠣ ᠨᠢ ᠬᠤᠷᠴᠢᠨ ᠵᠡᠭᠦᠨ ᠭᠠᠷᠣᠨ ᠬᠤᠶᠢᠲᠤ ᠬᠤᠰᠢᠭᠤᠨ ᠤ ᠣᠯᠠᠨ ᠰᠣᠮᠣ ᠭᠠᠵᠠᠷ ᠲᠤ ᠲᠠᠷᠬᠠᠵᠣ᠂ | ᠬᠤᠶᠢᠲᠤ ᠬᠤᠰᠢᠭᠤᠨ ᠤ ᠮᠣᠩᠭᠤᠯᠴᠣᠳ ᠣᠣᠯ ᠡᠷᠲᠡ ᠠᠴᠠ ᠱᠠᠩᠰᠢ ᠶᠢᠨ ᠮᠤᠳᠤ ᠪᠠᠨ ᠰᠢᠳᠤᠭᠡᠨ ᠮᠤᠳᠤ ᠪᠤᠯᠭᠠᠵᠤ | ᠲᠡᠭᠦᠨ ᠳᠤ ᠪᠠᠨ ᠠᠯᠢᠪᠠ ᠪᠠᠨ ᠵᠠᠯᠪᠠᠷᠢᠵᠤ ᠲᠠᠭᠠᠳᠬᠠᠨ ᠨᠢᠳᠤᠨ ᠡᠮᠤᠨ᠎ᠠ ᠲᠤᠯᠭᠠᠷᠠᠬᠰᠠᠨ ᠤᠴᠢᠷ ᠶᠠᠪᠤᠳᠠᠯ ᠢᠶᠠᠨ | ᠬᠢᠯᠪᠠᠷᠬᠠᠨ ᠰᠢᠢᠳᠪᠤᠷᠢᠯᠡᠭᠦ ᠶᠢ ᠠᠶᠢᠯᠠᠳᠬᠠᠨ ᠰᠦᠰᠦᠭᠯᠡᠨ ᠨᠠᠶᠢᠳᠠᠳᠠᠭ ᠪᠠᠶᠢᠪᠠ᠃ | ᠬᠤᠶᠢᠲᠣ ᠬᠤᠰᠢᠭᠤᠨ ᠤ ᠱᠠᠩᠰᠢ ᠮᠣᠳᠣᠨ ᠤ ᠲᠠᠬᠢᠯᠭ᠎ᠠ ᠨᠢ ᠣᠣᠯ ᠳᠤ ᠪᠠᠨ ᠴᠠᠭᠠᠨ ᠢᠳᠡᠭᠡ ᠪᠠᠷ ᠲᠠᠬᠢᠵᠤ | ᠪᠠᠶᠢᠭᠰᠠᠨ ᠠᠴᠠ ᠪᠠᠶᠢᠭᠠᠯᠢ ᠤᠷᠴᠢᠨ᠂ ᠣᠷᠣᠨ ᠨᠣᠲᠤᠭ ᠤᠨ ᠰᠣᠶᠣᠯ ᠤᠨ ᠣᠯᠠᠮᠵᠢᠯᠠᠯ ᠤᠨ ᠠᠳᠠᠯᠢ ᠪᠣᠰᠤ ᠠᠴᠠ | ᠪᠣᠯᠵᠤ᠂ ᠣᠯᠠᠭᠠᠨ ᠴᠠᠭᠠᠨ ᠢᠳᠡᠭᠡ ᠶᠢ ᠬᠤᠯᠢᠯᠳᠣᠭᠤᠯᠣᠭᠰᠠᠨ ᠦᠪᠡᠷᠮᠢᠴᠡ ᠲᠠᠬᠢᠯᠭ᠎ᠠ ᠶᠢᠨ ᠵᠡᠩ ᠦᠢᠯᠡ ᠶᠢ | ᠡᠭᠦᠰᠭᠡᠨ ᠪᠦᠷᠢᠯᠳᠦᠭᠦᠯᠵᠡᠢ᠃ | ᠬᠤᠶᠢᠲᠤ ᠬᠤᠰᠢᠭᠤᠨ ᠳᠤ ᠣᠯᠠᠩᠬᠢ ᠳᠤ ᠪᠠᠨ ᠱᠠᠩᠰᠢ ᠮᠤᠳᠤ ᠪᠠᠨ ᠲᠤᠭᠳᠠᠭᠰᠠᠨ ᠡᠳᠦᠷ ︵ᠪᠢᠯᠢᠭ ᠤᠨ | ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠ ᠊᠊᠊᠊᠊ ᠠᠷᠪᠠᠨ ᠵᠢᠷᠭᠤᠭᠠᠨ ᠤ ᠡᠳᠦᠷ︶ ᠲᠠᠬᠢᠬᠤ ᠠᠴᠠ ᠭᠠᠳᠠᠨ᠎ᠠ᠂ | ᠪᠠᠰᠠ ᠤᠷᠤᠨ ᠨᠤᠲᠤᠭ ᠲᠤ ᠭᠠᠩ ᠬᠠᠭᠰᠠᠷᠠᠭᠠᠨ ᠪᠤᠯᠬᠤ᠂ ᠲᠠᠷᠢᠶ᠎ᠠ ᠲᠦᠮᠦᠰᠦ ᠬᠤᠷᠤᠬᠠᠶᠢᠳᠤᠬᠤ ᠪᠠ ᠡᠪᠡᠳᠴᠢᠨ | ᠬᠢᠵᠢᠭ ᠬᠡᠴᠡᠭᠦᠳᠡᠬᠦ ᠦᠶ᠎ᠡ ᠳᠤ ᠱᠠᠩᠰᠢ ᠮᠣᠳᠣ ᠪᠠᠨ ︽ᠭᠠᠵᠠᠷ ᠤᠰᠤᠨ ᠤ ᠡᠵᠡᠳ᠂ ᠨᠠᠪᠳᠠᠭ ᠰᠠᠪᠳᠠᠭ︾ ᠬᠡᠮᠡᠨ | ᠰᠢᠲᠦᠨ ᠲᠠᠬᠢᠳᠠᠭ᠃ ︽ᠮᠠᠨ ᠤ ᠠᠶᠢᠯ ᠤᠨ ᠱᠠᠩᠰᠢ ᠮᠤᠳᠣᠨ ᠤ ᠲᠠᠬᠢᠯᠭ᠎ᠠ ᠪᠢᠯᠢᠭ ᠤᠨ ᠤᠯᠠᠷᠢᠯ ᠤᠨ ᠭᠤᠷᠪᠠᠨ | ᠰᠠᠷ᠎ᠠ ᠶᠢᠨ ᠭᠤᠷᠪᠠᠨ᠂ ᠵᠢᠷᠭᠤᠭᠠᠨ ᠰᠠᠷ᠎ᠠ ᠶᠢᠨ ᠵᠢᠷᠭᠤᠭᠠᠨ ᠪᠠ ᠶᠢᠰᠦᠨ ᠰᠠᠷ᠎ᠠ ᠶᠢᠨ ᠶᠢᠰᠦᠨ ᠤ ᠡᠳᠦᠷ ᠲᠤ | ᠶᠠᠪᠤᠭᠳᠠᠳᠠᠭ᠃ ᠡᠭᠦᠨ ᠳᠤ ᠭᠤᠷᠪᠠᠨ ᠰᠠᠷ᠎ᠠ ᠶᠢᠨ ᠭᠤᠷᠪᠠᠨ ᠪᠠ ᠵᠢᠷᠭᠤᠭᠠᠨ ᠰᠠᠷ᠎ᠠ ᠶᠢᠨ ᠵᠢᠷᠭᠤᠭᠠᠨ ᠤ ᠡᠳᠦᠷ ᠤᠨ | ᠲᠠᠬᠢᠯᠭ᠎ᠠ ᠶᠢ ᠮᠠᠨᠠᠶᠢᠬᠢᠨ ᠭᠤᠣᠯᠯᠠᠨ ᠡᠷᠬᠢᠯᠠᠵᠤ᠂ ᠶᠢᠰᠦᠨ ᠰᠠᠷ᠎ᠠ ᠶᠢᠨ ᠶᠢᠰᠦᠨ ᠤ ᠲᠠᠬᠢᠯᠭ᠎ᠠ ᠶᠢ ᠭᠤᠣᠯ ᠲᠠᠬᠢᠯᠭ᠎ᠠ | ᠬᠡᠮᠡᠨ ᠠᠶᠢᠯ ᠠᠶᠢᠮᠠᠭ ᠤᠨ ᠪᠦᠭᠦᠳᠡᠭᠡᠷ ᠢᠶᠠᠨ ᠤᠷᠤᠯᠴᠠᠳᠠᠭ︾ ᠬᠡᠵᠤ ᠬᠤᠶᠢᠲᠤ ᠬᠤᠰᠢᠭᠤᠨ ᠤ ᠵᠢᠷᠭᠠᠯᠠᠩ | ᠪᠠᠯᠭᠠᠰᠤᠨ ᠤ ᠰᠤᠳᠤᠨ ᠠᠶᠢᠯ ᠤᠨ ᠯᠠᠩ ᠹᠦ᠋ ᠴᠢᠶᠤᠸᠠᠨ ᠶᠠᠷᠢᠯ᠎ᠠ᠃ ᠬᠤᠶᠢᠲᠤ ᠬᠤᠰᠢᠭᠤᠨ ᠤ ᠬᠡᠪᠴᠢᠶᠡᠨ ᠳᠠᠬᠢ | ᠱᠠᠩᠰᠢ ᠮᠣᠳᠣᠨ ᠤ ᠲᠠᠬᠢᠯᠭ᠎ᠠ ᠶᠢᠨ ᠶᠡᠪᠤᠴᠠ ᠨᠢ ᠶᠡᠭᠡ ᠲᠦᠯᠦᠪ ᠲᠤ ᠪᠠᠨ ᠲᠤᠤᠷᠠᠬᠢ ᠮᠡᠲᠦ ᠭᠤᠷᠪᠠᠨ ᠠᠳᠠᠯᠢ ᠪᠤᠰᠤ | ᠪᠡᠯᠡᠳᠭᠡᠯ ᠱᠠᠲᠤ ᠲᠠᠢ ᠪᠠᠶᠢᠳᠠᠭ᠄ ᠲᠠᠬᠢᠯᠭ᠎ᠠ ᠶᠢᠨ ᠡᠮᠦᠨ᠎ᠡ ᠡᠳᠦᠷ ᠲᠤ ᠱᠠᠩᠰᠢ ᠮᠤᠳᠤᠨ ᠤ ᠳᠤᠤᠷ᠎ᠠ | ᠬᠤᠷᠴᠢᠨᠴᠤᠳ ᠤᠨ ᠡᠷᠬᠢᠮᠯᠡᠳᠡᠭ ᠬᠦᠭᠡ᠂ ᠴᠠᠭᠠᠨ᠂ ᠤᠯᠠᠭᠠᠨ ᠦᠩᠭᠡ ᠲᠠᠢ ᠭᠤᠷᠪᠠᠨ ᠴᠢᠯᠠᠭᠤ ᠪᠠᠨ ᠤᠯᠵᠤ | ᠲᠠᠯᠪᠢᠨ᠎ᠠ᠃ ᠳᠡᠭᠡᠭᠡᠳ ᠭᠤᠷᠪᠠᠨ ᠴᠢᠯᠠᠭᠤᠨ ᠤ ᠳᠡᠭᠡᠷ᠎ᠡ ᠨᠢ ᠬᠦᠮᠦᠨ ᠤ ᠲᠤᠯᠤᠭᠠᠢ ᠶᠢᠨ ᠲᠦᠷᠰᠦ ᠪᠤᠯᠬᠤ ᠬᠦᠮᠦᠰᠭᠡ | ᠨᠢᠳᠤ᠂ ᠴᠢᠬᠢ ᠬᠠᠮᠠᠷ ᠪᠤᠯᠤᠨ ᠠᠮᠠ ᠶᠢ ᠰᠡᠶᠢᠯᠡᠨ ᠵᠢᠷᠤᠵᠣ ᠡᠭᠦᠨ ᠢᠶᠠᠨ ︽ᠱᠠᠩᠰᠢ ᠡᠪᠦᠭᠡᠨ︾ ᠭᠡᠵᠤ ᠨᠡᠷᠡᠯᠡᠨ᠎ᠡ︔ | ᠲᠠᠬᠢᠯᠭ᠎ᠠ ᠶᠢᠨ ᠡᠮᠦᠨ᠎ᠡ ᠡᠳᠦᠷ ᠤᠯᠠᠨ ᠢᠶᠠᠷ ᠢᠶᠠᠨ ᠴᠤᠭᠯᠠᠷᠠᠵᠤ᠂ ᠠᠶᠢᠯ ᠠᠶᠢᠮᠠᠭ ᠳᠤᠲᠤᠷ᠎ᠠ ᠪᠠᠨ ᠬᠦᠨᠳᠦᠳᠭᠡᠯ ᠲᠠᠢ᠂ | ᠪᠡᠶ᠎ᠡ ᠴᠢᠬᠢᠷᠠᠭ ᠪᠦᠭᠡᠳ ᠭᠡᠷ ᠪᠦᠯᠢ ᠪᠦᠲᠦᠨ ᠨᠠᠰᠤᠲᠠᠨ ᠢ ᠰᠤᠩᠭᠤᠨ ᠮᠠᠷᠭᠠᠰᠢ ᠶᠢᠨ ᠱᠠᠩᠰᠢ ᠮᠣᠳᠣᠨ ᠤ | ᠲᠠᠬᠢᠯᠭ᠎ᠠ ᠶᠢᠨ ᠦᠶ᠎ᠡ ᠳᠤ ︽ᠱᠠᠩᠰᠢ ᠡᠪᠦᠭᠡᠨ︾ ᠪᠤᠯᠭᠠᠨ᠎ᠠ︔ ᠲᠠᠬᠢᠯᠭ᠎ᠠ ᠶᠢᠨ ᠡᠮᠦᠨ᠎ᠡ ᠡᠳᠦᠷ ᠠᠶᠢᠯ ᠠᠶᠢᠮᠠᠭ ᠤᠨ | ᠡᠷᠡᠭᠲᠡᠶᠢᠴᠦᠳ ᠮᠤᠳᠤᠨ ᠤ ᠳᠡᠷᠭᠡᠲᠡ ᠴᠤᠭᠯᠠᠷᠠᠨ ᠮᠠᠷᠭᠠᠰᠢ ᠶᠢᠨ ᠲᠠᠬᠢᠯᠭ᠎ᠠ ᠶᠠᠪᠤᠭᠳᠠᠭᠤᠯᠬᠤ ᠬᠡᠪᠴᠢᠶ᠎ᠡ ᠪᠠᠨ | ᠲᠣᠭᠲᠠᠭᠠᠨ᠂ ᠲᠠᠬᠢᠯᠭ᠎ᠠ ᠶᠢᠨ ᠡᠷᠭᠦᠴᠡ ᠡᠷᠭᠦᠬᠦ ᠬᠦᠮᠦᠨ ︵ᠳᠠᠭᠠᠭᠠᠮᠠᠯ︶ ᠢᠶᠠᠨ ᠰᠣᠩᠭᠤᠨ᠎ᠠ᠃ ᠡᠭᠦᠨ ᠤ ᠳᠠᠷᠠᠭ᠎ᠠ | ᠱᠠᠩᠰᠢ ᠮᠤᠳᠤᠨ ᠤ ᠡᠮᠦᠨ᠎ᠡ ᠲᠤᠭᠤᠰᠬ᠎ᠠ ᠪᠠᠷ ᠢᠨᠳᠡᠷ ᠵᠤᠬᠢᠶᠠᠵᠤ ᠲᠠᠬᠢᠯᠭ᠎ᠠ ᠶᠢᠨ ᠡᠷᠭᠦᠴᠡ ᠲᠠᠯᠪᠢᠬᠤ ᠰᠢᠷᠡᠭᠡ | ᠪᠤᠯᠭᠠᠨ᠂ ᠳᠠᠬᠢᠨ ᠱᠠᠩᠰᠢ ᠮᠣᠳᠣᠨ ᠤ ᠤᠶᠢᠷᠠᠯᠴᠠᠭ᠎ᠠ ᠬᠠᠪᠢ ᠶᠢᠨ ᠪᠤᠵᠠᠷ ᠪᠤᠳᠠᠰ ᠢ ᠴᠡᠪᠡᠷᠯᠡᠨ᠎ᠡ᠃ ᠢᠩᠬᠢᠭᠡᠳ | ᠠᠶᠢᠯ ᠠᠶᠢᠮᠠᠭ ᠤᠨ ᠪᠦᠭᠦᠳᠡᠭᠡᠷ ᠲᠤ ᠲᠠᠬᠢᠬᠤ ᠡᠳᠦᠷ ᠪᠠ ᠲᠠᠬᠢᠬᠤ ᠴᠠᠭ ᠢᠶᠠᠨ ᠮᠡᠳᠡᠭᠳᠡᠨ ᠱᠠᠩᠰᠢ ᠮᠣᠳᠣᠨ ᠤ | ᠲᠠᠬᠢᠯᠭ᠎ᠠ ᠪᠠᠨ ᠡᠬᠢᠯᠡᠭᠦᠯᠳᠡᠭ᠃ | ᠲᠠᠬᠢᠯᠭ᠎ᠠ ᠶᠢᠨ ᠡᠳᠦᠷ ᠲᠤ᠂ ᠠᠶᠢᠯ ᠠᠶᠢᠮᠠᠭ ᠢᠶᠠᠷ ᠢᠶᠠᠨ ᠨᠠᠰᠣᠨ ᠤ ᠢᠯᠭᠠᠯ ᠦᠭᠡᠢ ᠪᠦᠷ ᠤᠷᠭᠤᠬᠤ ᠨᠠᠷᠨ ᠲᠠᠢ | ᠵᠡᠷᠭᠡ ᠪᠠᠷ ᠱᠠᠩᠰᠢ ᠮᠤᠳᠤᠨ ᠤ ᠳᠡᠷᠭᠡᠲᠡ ᠴᠤᠭᠯᠠᠷᠠᠨ᠎ᠠ᠃ ᠠᠶᠢᠯ ᠠᠶᠢᠮᠠᠭ ᠤᠨ ᠬᠢᠨ ᠪᠦᠷᠢᠨ ᠴᠤᠭᠯᠠᠷᠠᠵᠣ | ᠢᠷᠡᠭᠰᠡᠨ ᠤ ᠰᠡᠭᠦᠯᠡᠷ᠂ ᠤᠯᠠᠨ ᠤ ᠳᠤᠮᠳᠠ ᠠᠴᠠ ᠢᠳᠡᠭᠡᠯ ᠬᠦᠨᠳᠦᠲᠡᠢ ᠨᠠᠰᠤᠲᠠᠨ ᠠᠴᠠ ᠲᠠᠬᠢᠯᠭ᠎ᠠ ᠶᠢᠨ ᠦᠭᠡ | ᠶᠠᠷᠢᠵᠣ ᠶᠤᠰᠤᠯᠠᠯ ᠢ ᠡᠬᠢᠯᠡᠭᠦᠯᠦᠨ᠎ᠡ᠃ ᠲᠡᠭᠡᠭᠡᠳ ᠳᠠᠭᠠᠭᠠᠮᠠᠯ ᠠᠴᠠ ᠲᠠᠬᠢᠯᠭ᠎ᠠ ᠶᠢᠨ ᠡᠷᠭᠦᠴᠡ ᠲᠡᠪᠰᠢᠭᠦᠯᠦᠭᠰᠡᠨ ᠤ | ᠳᠠᠷᠠᠭ᠎ᠠ᠂ ᠨᠠᠰᠣᠨ ᠤ ᠳᠠᠷᠠᠭᠠᠯᠠᠯ ᠢᠶᠠᠷ ᠪᠦᠭᠦᠳᠡᠭᠡᠷ ᠬᠤᠪᠢ ᠶᠢᠨ ᠠᠪᠴᠢᠷᠠᠭᠰᠡᠨ ᠲᠠᠬᠢᠯᠭ᠎ᠠ ᠶᠢᠨ ᠡᠷᠭᠦᠴᠡ ᠪᠠᠨ | ᠡᠷᠭᠦᠨ ᠳᠡᠪᠰᠢᠭᠦᠯᠦᠨ᠎ᠡ᠃ ᠳᠠᠭᠠᠭᠠᠮᠠᠯ ᠤᠯᠠᠨ ᠢ ᠲᠦᠯᠦᠭᠡᠯᠡᠨ ᠱᠠᠩᠰᠢ ᠮᠤᠳᠤᠨ ᠳᠤ ᠲᠠᠪᠤᠨ ᠦᠩᠭᠡ ᠶᠢᠨ ᠪᠥᠰ | ᠦᠭᠡᠳᠡᠰᠦ ᠪᠠ ᠬᠡᠶᠢᠮᠤᠷᠢ ᠶᠢᠨ ᠳᠠᠷᠴᠤᠭ ᠡᠯᠭᠦᠨ ᠣᠶᠠᠵᠣ ᠱᠠᠩᠰᠢ ᠮᠣᠳᠣ ᠪᠠᠨ ᠴᠢᠮᠡᠳᠡᠭ᠃ ᠳᠠᠬᠢᠨ ᠲᠠᠬᠢᠯᠭ᠎ᠠ ᠶᠢᠨ | ᠬᠤᠭᠤᠯᠠ ᠪᠤᠳᠠᠭ᠎ᠠ ᠪᠤᠯᠤᠭᠰᠠᠨ ᠤ ᠳᠠᠷᠠᠭ᠎ᠠ᠂ ᠳᠠᠭᠠᠭᠠᠮᠠᠯ ᠠᠴᠠ ᠬᠤᠭᠤᠯᠠ ᠤᠮᠳᠠ ᠶᠢᠨ ᠳᠡᠭᠡᠵᠢ ᠶᠢ ᠠᠪᠴᠤ | ᠳᠦᠷᠪᠡᠨ ᠵᠦᠭ ᠲᠤ ᠰᠠᠴᠤᠯᠢ ᠡᠷᠭᠦᠨ ᠱᠠᠩᠰᠢ ᠮᠤᠳᠤ ᠶᠢ ᠮᠢᠯᠢᠶᠡᠨᠡ᠃ ᠳᠠᠷᠠᠭ᠎ᠠ ᠨᠢ ᠡᠮᠦᠨ᠎ᠡ ᠡᠳᠦᠷ ᠰᠣᠩᠭᠤᠨ | ᠭᠠᠷᠭᠠᠭᠰᠠᠨ ︽ᠱᠠᠩᠰᠢ ᠡᠪᠦᠭᠡᠨ︾ ᠢᠶᠠᠨ ᠱᠠᠩᠰᠢ ᠮᠤᠳᠤᠨ ᠳᠤᠤᠷ᠎ᠠ ᠰᠠᠭᠤᠯᠭᠠᠵᠤ᠂ ᠤᠯᠠᠨ ᠢᠶᠠᠷ ᠢᠶᠠᠨ ︽ᠱᠠᠩᠰᠢ | ᠡᠪᠦᠭᠡᠨ︾ ᠳᠡᠭᠡᠷ᠎ᠡ ᠤᠰᠤ ᠰᠦᠷᠴᠢᠨ ᠰᠠᠴᠤᠨ᠎ᠠ᠃ ᠱᠠᠩᠰᠢ ᠡᠪᠦᠭᠡᠨ ᠤ ᠳᠡᠭᠡᠷ᠎ᠡ ᠤᠰᠤ ᠰᠠᠴᠤᠬᠤ ᠨᠢ ᠬᠤᠷ᠎ᠠ | ᠪᠤᠷᠤᠭᠠᠨ ᠲᠡᠭᠰᠢᠬᠡᠨ ᠤᠷᠤᠭᠠᠰᠤᠢ ᠬᠡᠳᠡᠭ ᠢ ᠪᠡᠯᠭᠡᠳᠡᠵᠤ ᠪᠠᠶᠢᠨ᠎ᠠ᠃ ᠬᠠᠮᠤᠭ ᠰᠡᠭᠦᠯ ᠳᠤ ᠨᠢ ᠱᠠᠩᠰᠢ ᠮᠤᠳᠤ ᠪᠠᠨ | ᠨᠠᠷᠠᠨ ᠡᠷᠬᠢᠯᠲᠡ ᠪᠠᠷ ᠭᠤᠷᠪᠠ ᠡᠷᠬᠢᠬᠦ ᠶᠢᠨ ᠲᠠᠭᠠᠤ ᠠᠷᠢᠬᠢ ᠪᠠ ᠰᠦ ᠪᠠᠨ ᠱᠠᠩᠰᠢ ᠮᠤᠳᠤᠨ ᠳᠤ ᠡᠷᠭᠦᠨ᠎ᠡ᠃ | ᠢᠩᠬᠢᠵᠤ ᠡᠷᠬᠢᠯᠲᠡ ᠪᠠᠷᠠᠭᠰᠠᠨ ᠤ ᠰᠡᠭᠦᠯᠡᠷ᠂ ᠪᠦᠭᠦᠳᠡᠭᠡᠷ ᠱᠠᠩᠰᠢ ᠮᠣᠳᠣᠨ ᠤ ᠡᠮᠦᠨ᠎ᠡ ᠰᠦᠭᠦᠳᠣᠨ ᠰᠠᠭᠤᠵᠤ᠂ | ᠬᠦᠵᠢ ᠵᠤᠯᠠ ᠠᠰᠠᠭᠠᠨ ᠣᠩᠰᠠᠷᠠᠭᠤᠯᠣᠨ᠂ ᠳᠠᠭᠠᠭᠠᠮᠠᠯ ᠠᠴᠠ ᠲᠠᠬᠢᠯᠭ᠎ᠠ ᠶᠢᠨ ᠶᠣᠰᠣᠯᠠᠯ ᠡᠷᠬᠢᠯᠡᠭᠰᠡᠨ ᠵᠤᠷᠢᠯᠭ᠎ᠠ | ᠬᠠᠷᠠᠯᠲᠠ ᠪᠠᠨ ᠶᠠᠷᠢᠨ ᠢᠯᠡᠳᠭᠡᠬᠦ ᠶᠢᠨ ᠳᠠᠭᠠᠤ᠂ ᠪᠦᠭᠦᠳᠡᠭᠡᠷ ︽ᠱᠠᠩᠰᠢ ᠡᠪᠦᠭᠡᠨ︾ ᠳᠤ ᠪᠠᠨ ᠨᠠᠮᠡᠨᠴᠢᠯᠡᠨ | ᠮᠦᠷᠭᠦᠨ᠎ᠡ᠃ ᠡ᠊ᠨᠳᠠ ᠢᠯᠡᠷᠡᠭᠰᠡᠨ ᠱᠠᠩᠰᠢ ᠡᠪᠦᠭᠡᠨ ᠪᠣᠯ ᠡᠮᠦᠨ᠎ᠡ ᠡᠳᠦᠷ ᠤᠨ ᠣᠯᠠᠨ ᠢᠶᠠᠷ ᠢᠶᠠᠨ ᠰᠣᠩᠭᠤᠨ | ᠭᠠᠷᠭᠠᠭᠰᠠᠨ ᠠᠶᠢᠯ ᠠᠶᠢᠮᠠᠭ ᠤᠨ ᠳᠤᠮᠳᠠ ᠬᠦᠨᠳᠦᠳᠭᠡᠯ ᠲᠠᠢ᠂ ᠪᠡᠶ᠎ᠡ ᠡᠷᠡᠭᠦᠯ ᠴᠢᠬᠢᠷᠠᠭ᠂ ᠭᠡᠷ ᠪᠦᠯᠢ ᠪᠦᠲᠦᠨ | ᠨᠠᠰᠤᠲᠠᠨ ᠢ ᠵᠢᠭᠠᠵᠣ ᠪᠠᠶᠢᠨ᠎ᠠ᠃ | ᠢᠩᠬᠢᠭᠡᠳ ᠪᠦᠭᠦᠲᠡ ᠲᠠᠬᠢᠯᠭ᠎ᠠ ᠶᠢᠨ ᠶᠤᠰᠤᠯᠠᠯ ᠳᠠᠭᠤᠰᠤᠭᠰᠠᠨ ᠤ ᠳᠠᠷᠠᠭ᠎ᠠ᠂ ᠪᠦᠭᠦᠳᠡᠭᠡᠷ ᠱᠠᠩᠰᠢ ᠮᠣᠳᠣ ᠪᠠᠨ | ᠲᠤᠭᠤᠷᠢᠵᠣ ᠳᠠᠭᠤᠯᠠᠵᠣ ᠪᠦᠵᠢᠭᠯᠡᠨ ᠨᠠᠶᠢᠷᠠᠯᠳᠤᠬᠤ ᠪᠠ ᠱᠠᠩᠰᠢ ᠮᠤᠳᠤᠨ ᠤ ᠳᠡᠷᠭᠡᠲᠡ ᠰᠠᠭᠤᠵᠤ᠂ ᠰᠢᠩᠬᠡᠨ ᠪᠤᠳᠠᠭ᠎ᠠ | ᠂ ᠠᠷᠢᠬᠢ ᠪᠠ ᠮᠢᠬ᠎ᠠ ᠵᠡᠷᠬᠡ ᠲᠠᠬᠢᠯᠭ᠎ᠠ ᠶᠢᠨ ᠵᠦᠢᠯᠡᠰ ᠢᠶᠠᠨ ᠬᠤᠪᠢᠶᠠᠯᠴᠠᠨ ᠢᠳᠡᠵᠣ᠂ ᠦᠯᠡᠳᠡᠭᠰᠡᠨ ᠲᠠᠬᠢᠯᠭ᠎ᠠ ᠶᠢᠨ | ᠢᠳᠡᠭᠡ ᠪᠤᠳᠠᠭ᠎ᠠ ᠶᠢ ᠳᠠᠶᠠᠭᠠᠷ ᠲᠤ ᠬᠦᠷᠲᠡᠭᠡᠬᠦ ᠭᠡᠵᠤ ᠢᠷᠡᠭᠰᠡᠨ ᠪᠤᠯᠭᠠᠨ ᠳᠤ ᠬᠤᠪᠢ ᠬᠤᠪᠢᠶᠠᠨ ᠦᠭᠴᠦ | ᠶᠠᠪᠤᠭᠤᠯᠤᠨ᠎ᠠ᠃ | ᠬᠤᠶᠢᠲᠣ ᠬᠤᠰᠢᠭᠤᠨ ᠤ ᠱᠠᠩᠰᠢ ᠮᠣᠳᠣᠨ ᠤ ᠲᠠᠬᠢᠯᠭ᠎ᠠ ᠶᠢᠨ ᠶᠤᠰᠤ ᠵᠠᠩᠰᠢᠯ ᠨᠢ ᠦᠨᠳᠤᠰᠤᠨ ᠳᠤ ᠪᠠᠨ | ᠠᠳᠠᠯᠢᠪᠳᠤᠷ ᠪᠠᠶᠢᠳᠠᠭ᠃ ᠬᠡᠪᠠᠴᠤ ᠤᠯᠠᠮᠵᠢᠯᠠᠯ ᠤᠨ ᠶᠠᠪᠤᠴᠠ ᠳᠣᠮᠳᠠ ᠴᠠᠭ ᠡᠷᠡᠨ ᠤ ᠪᠠᠶᠢᠳᠠᠯ ᠢ ᠳᠠᠭᠠᠯᠳᠣᠨ ᠵᠠᠷᠢᠮ | ᠠᠶᠢᠯ ᠭᠠᠴᠠᠭᠠᠨ ᠤ ᠱᠠᠩᠰᠢ ᠮᠣᠳᠣᠨ ᠤ ᠲᠠᠬᠢᠯᠭ᠎ᠠ ᠳᠤ ᠵᠢᠭᠠᠬᠠᠨ ᠣᠨᠴᠠᠭᠠᠢ ᠪᠠᠶᠢᠳᠠᠯ ᠲᠠᠢ᠃ ᠡᠭᠦᠨ ᠳᠤ ᠵᠢᠷᠭᠠᠯᠠᠩ | ᠪᠠᠯᠭᠠᠰᠤᠨ ᠤ ᠰᠤᠳᠤᠨ ᠠᠶᠢᠯ ᠤᠨ ᠱᠠᠩᠰᠢ ᠮᠣᠳᠣᠨ ᠤ ᠲᠠᠬᠢᠯᠭ᠎ᠠ ᠨᠢ ᠤᠪᠤᠭᠳᠠᠨ ᠠᠶᠢᠮᠠᠭ ᠢᠶᠠᠷ ᠭᠤᠤᠯᠴᠢᠯᠡᠨ ᠠᠶᠢᠯ | ᠬᠤᠳᠠᠯᠠ ᠪᠠᠷ ᠢᠶᠠᠨ ᠤᠷᠤᠯᠴᠠᠨ ᠲᠠᠬᠢᠳᠠᠭ᠃ ︽ᠲᠠᠬᠢᠯᠭ᠎ᠠ ᠶᠢᠨ ᠡᠮᠦᠨ᠎ᠡ ᠡᠳᠦᠷ ᠲᠤ ᠱᠤᠩᠬᠤᠷ ᠰᠦᠮ᠎ᠡ ᠠᠴᠠ ᠯᠠᠮᠠ | ᠵᠠᠯᠠᠨ᠎ᠠ᠃ ᠵᠠᠯᠠᠭᠰᠡᠨ ᠯᠠᠮᠠ ᠨᠠᠷ ᠠᠴᠠ ᠲᠠᠬᠢᠯᠭ᠎ᠠ ᠶᠢᠨ ᠶᠣᠰᠣᠯᠠᠯ ᠡᠬᠢᠯᠡᠭᠰᠡᠨ ᠤ ᠳᠠᠷᠠᠭ᠎ᠠ ︿ᠡᠬᠡ ᠪᠢᠯᠢᠭ ᠪᠢᠷᠠᠮᠢᠳ᠂ | ᠯᠣᠣᠰ ᠤᠨ ᠰᠠᠩ᠂ ᠰᠦᠯᠲᠡ ᠶᠢᠨ ᠰᠠᠩ᠂ ᠮᠠᠭᠳᠠᠭᠠᠯ﹀ ᠵᠡᠷᠭᠡ ᠲᠠᠬᠢᠯᠭ᠎ᠠ ᠶᠢᠨ ᠨᠣᠮ ᠢ ᠣᠩᠰᠢᠬᠤ ᠶᠢᠨ ᠵᠡᠷᠭᠡ ᠪᠠᠷ | ᠠᠷᠢᠭᠤᠨ ᠴᠠᠭᠠᠨ ᠰᠦ ᠪᠠᠷ ᠴᠠᠶᠢᠯᠭᠠᠨ ᠴᠠᠭᠠᠪᠤᠷ ᠰᠡᠳᠬᠢᠯ ᠢᠶᠠᠨ ᠢᠯᠡᠳᠬᠡᠨ ᠱᠠᠩᠰᠢ ᠮᠤᠳᠤ ᠪᠠᠨ ᠮᠢᠯᠢᠶᠡᠨᠡ᠃ | ᠡᠷᠬᠢᠬᠦ ᠳᠤ ᠪᠠᠨ ᠤᠷᠢᠳ ᠢᠶᠠᠷ ᠡᠷᠡᠭᠲᠡᠶᠢᠴᠤᠳ ᠨᠠᠰᠣᠨ ᠤ ᠳᠠᠷᠠᠭ᠎ᠠ ᠪᠠᠷ ᠡᠷᠬᠢᠨ᠂ ᠳᠠᠷᠠᠭ᠎ᠠ ᠨᠢ ᠡᠮᠡᠭᠲᠡᠶᠢᠴᠣᠳ | ᠨᠠᠰᠣᠨ ᠤ ᠳᠠᠷᠠᠭ᠎ᠠ ᠪᠠᠷ ᠡᠷᠬᠢᠳᠡᠭ ᠪᠦᠭᠡᠳ ᠱᠠᠩᠰᠢ ᠮᠣᠳᠣᠨ ᠳᠤ ᠡᠷᠭᠦᠴᠡ ᠪᠣᠯᠭᠠᠨ ᠡᠷᠭᠦᠭᠰᠡᠨ ᠬᠤᠨᠢᠨ | ᠰᠢᠭᠦᠰᠦ ᠪᠠᠨ ᠪᠦᠭᠦᠳᠡᠭᠡᠷ ᠢᠶᠠᠨ ᠢᠳᠡᠵᠤ ᠪᠠᠷᠠᠭᠰᠠᠨ ᠤ ᠳᠠᠷᠠᠭ᠎ᠠ ᠬᠤᠨᠢᠨ ᠮᠢᠬᠠᠨ ᠤ ᠶᠠᠰᠦ ᠶᠢ ᠨᠢ ᠭᠤᠷᠪᠠᠨ ᠭᠠᠵᠠᠷ | ᠬᠤᠯᠠ ᠠᠷᠢᠭᠤᠨ ᠴᠡᠪᠡᠷ ᠭᠠᠵᠠᠷ ᠲᠤ ᠪᠤᠯᠠᠳᠠᠭ︾ ᠬᠡᠵᠤ ᠯᠠᠩ ᠹᠦ᠋ ᠴᠢᠶᠤᠸᠠᠨ ᠰᠤᠳᠤᠨ ᠠᠶᠢᠯ ᠬᠢᠨ ᠢᠶᠠᠨ ᠱᠠᠩᠰᠢ | ᠮᠤᠳᠤᠨ ᠤ ᠲᠠᠬᠢᠯᠭ᠎ᠠ ᠶᠢᠨ ᠦᠢᠯᠡ ᠶᠢ ᠲᠠᠨᠢᠯᠴᠠᠭᠤᠯᠵᠤ ᠪᠠᠶᠢᠯ᠎ᠠ᠃ | ᠬᠤᠷᠴᠢᠨ ᠮᠤᠩᠭᠤᠯᠴᠤᠳ ᠱᠠᠩᠰᠢ ᠮᠤᠳᠤ ᠶᠢ ᠰᠢᠳᠤᠳᠡᠭ ᠤᠴᠢᠷ ᠠᠴᠠ ᠰᠢᠳᠤᠯᠭᠡ ᠳᠤ ᠬᠠᠷᠰᠢᠯᠠᠯ ᠲᠠᠢ ᠦᠢᠯᠡ | ᠬᠡᠷᠡᠭ ᠢ ᠲᠤᠩ ᠴᠡᠭᠡᠷᠯᠡᠳᠡᠭ᠃ ᠱᠠᠩᠰᠢ ᠮᠤᠳᠤᠨ ᠤ ᠳᠡᠭᠡᠷ᠎ᠡ ᠠᠪᠠᠷᠢᠵᠤ ᠪᠣᠯᠬᠤ ᠦᠭᠡᠢ᠂ ᠳᠡᠭᠡᠷᠡᠬᠢ ᠰᠢᠪᠠᠭᠤ | ᠱᠠᠭᠠᠵᠠᠭᠠᠢ ᠶᠢᠨ ᠡᠭᠦᠷ ᠢ ᠴᠦ ᠠᠭᠤᠳᠠᠯᠳᠠᠭ ᠦᠭᠡᠢ ᠮᠦᠷᠲᠡᠭᠡᠨ ᠱᠠᠩᠰᠢ ᠮᠤᠳᠤᠨ ᠤ ᠤᠶᠢᠷᠠᠯᠴᠠᠭ᠎ᠠ ᠬᠠᠪᠢ ᠪᠠᠷ | ᠬᠦᠯᠦᠭ ᠤᠨᠤᠭ᠎ᠠ ᠪᠠᠷ ᠳᠤᠪᠲᠤᠯᠵᠤ ᠭᠠᠷᠴᠤ ᠪᠤᠯᠬᠤ ᠦᠭᠡᠢ ᠪᠦᠭᠡᠳ ᠱᠠᠩᠰᠢ ᠮᠤᠳᠤᠠ ᠤ ᠰᠠᠯᠠᠭ᠎ᠠ ᠨᠠᠮᠠᠭ᠎ᠠ ᠶᠢ ᠨᠢ | ᠰᠢᠲᠠᠭᠠᠵᠤ ᠪᠤᠯᠬᠤ ᠦᠭᠡᠢ ᠵᠡᠷᠭᠡ ᠨᠡᠯᠢᠶᠡᠳ ᠤᠯᠠᠨ ᠴᠡᠭᠡᠷ ᠶᠤᠰᠤ ᠪᠠᠶᠢᠳᠠᠭ᠃ ᠰᠢᠳᠤᠯᠭᠡ ᠶᠢᠨ ᠮᠤᠳᠤ ᠪᠤᠯ | ᠤᠡᠭᠭᠤᠨ ᠮᠤᠳᠤ ᠲᠤᠯᠠ᠂ ᠮᠤᠩᠭᠤᠯᠴᠤᠳ ᠲᠡᠭᠦᠨ ᠢ ᠬᠠᠯᠳᠠᠵᠤ ᠪᠤᠯᠤᠰᠢ ᠦᠭᠡᠢ ᠲᠠᠷᠬᠠᠨ᠂ ᠪᠤᠵᠠᠷᠯᠠᠵᠤ ᠪᠤᠯᠤᠰᠢ | ᠦᠭᠡᠢ ᠠᠷᠢᠭᠤᠨ ᠴᠡᠪᠡᠷ ᠢᠶᠠᠷ ᠦᠵᠡᠳᠡᠭ ᠠᠴᠠ ᠡᠭᠦᠨ ᠳᠤ ᠬᠤᠯᠪᠤᠬᠳᠠᠬᠰᠠᠨ ᠴᠡᠭᠡᠷ ᠪᠤᠢ ᠪᠤᠯᠤᠬᠰᠠᠨ ᠪᠠᠶᠢᠨ᠎ᠠ᠃ | ᠱᠠᠩᠰᠢ ᠮᠣᠳᠣᠨ ᠤ ᠲᠠᠬᠢᠯᠭ᠎ᠠ ᠶᠢᠨ ᠵᠡᠩ ᠦᠢᠯᠡ ᠨᠢ ᠬᠤᠷᠴᠢᠨᠴᠣᠳ ᠤᠨ ᠪᠠᠶᠢᠭᠠᠯᠢ ᠰᠢᠲᠦᠯᠭᠡ ᠪᠠ ᠡᠪᠦᠭᠡ | ᠳᠡᠭᠡᠳᠦᠰ ᠤᠨ ᠰᠢᠲᠦᠯᠭᠡ ᠶᠢᠨ ᠠᠭᠤᠯᠬᠤᠨ ᠡᠯᠪᠡᠭ ᠬᠠᠳᠠᠭᠠᠯᠠᠭᠳᠠᠭᠰᠠᠨ ᠤᠵᠤᠭᠤᠷ ᠰᠤᠶᠤᠯ ᠪᠣᠯᠣᠭᠰᠠᠨ ᠤ | ᠬᠤᠪᠢ ᠳᠤ ᠬᠦᠮᠦᠰ ᠤᠨ ᠠᠮᠢᠳᠣᠷᠠᠯ ᠳᠣᠮᠳᠠ ᠴᠢᠬᠤᠯᠠ ᠨᠦᠯᠦᠭᠡ ᠦᠵᠠᠬᠦᠯᠦᠭᠰᠠᠬᠡᠷ ᠢᠷᠡᠵᠡᠢ᠃ ᠪᠡᠶ᠎ᠡ | ᠰᠡᠳᠬᠢᠴᠡ ᠶᠢᠨ ᠲᠠᠯ᠎ᠠ ᠳᠤ᠂ ᠬᠦᠮᠦᠰ ᠪᠠᠶᠢᠭᠠᠯᠢ ᠶᠢᠨ ᠦᠵᠡᠭᠳᠡᠯ ᠢ ᠲᠠᠨᠢᠵᠤ ᠴᠢᠳᠠᠬᠤ ᠦᠭᠡᠢ ᠠᠴᠠ ᠠᠶᠤᠨ | ᠰᠦᠷᠳᠡᠵᠣ᠂ ᠪᠠᠶᠢᠭᠠᠯᠢ ᠲᠠᠢ ᠡᠶ᠎ᠡ ᠵᠤᠬᠢᠴᠠᠩᠭᠤᠢ ᠣᠷᠣᠰᠢᠬᠤ ᠰᠠᠨᠠᠭ᠎ᠠ ᠪᠣᠳᠣᠯᠭ᠎ᠠ ᠠᠴᠠ ᠭᠠᠵᠠᠷ ᠤᠰᠤᠨ ᠤ ᠨᠠᠪᠳᠠᠭ | ᠰᠠᠪᠳᠠᠭ ᠢᠶᠠᠨ ᠪᠠᠶᠠᠰᠬᠠᠬᠤ ᠶᠢᠨ ᠡᠷᠴᠢᠮ ᠳᠤ ᠰᠠᠶᠢᠨ ᠰᠠᠶᠢᠬᠠᠨ ᠨᠦᠬᠦᠷᠯᠡᠯ ᠬᠠᠷᠢᠴᠠᠭ᠎ᠠ ᠪᠠᠶᠢᠭᠤᠯᠣᠨ᠂ ᠲᠡᠳᠡ | ᠨᠠᠷ ᠠᠴᠠ ᠬᠠᠮᠠᠭᠠᠯᠠᠯᠲᠠ ᠪᠠ ᠬᠠᠪᠰᠣᠷᠤᠯ ᠲᠣᠰᠠᠯᠠᠮᠵᠢ ᠥᠭᠬᠦ ᠶᠢ ᠬᠦᠰᠡᠳᠡᠭ᠃ ᠱᠠᠩᠰᠢ ᠮᠣᠳᠣᠨ ᠤ ᠡᠵᠡᠳ | ᠰᠠᠬᠢᠭᠤᠯᠰᠣᠨ ᠠᠴᠠ ᠦᠨᠡᠨ ᠬᠦ ᠬᠠᠪᠰᠣᠷᠤᠯᠭᠠ ᠳᠠᠮᠵᠢᠯᠭᠡ ᠥᠭᠳᠡᠭ ᠤᠨ ᠲᠤᠬᠠᠢ ᠬᠦᠮᠦᠰ ᠬᠡᠵᠢᠶᠡᠳᠡ | ᠲᠦᠰᠦᠭᠡᠯᠡᠵᠣ ᠲᠡᠶᠢᠯᠬᠦ ᠦᠭᠡᠢ᠃ ᠭᠡᠪᠡᠴᠦ ᠡᠨᠡ ᠪᠣᠯ ᠨᠢᠭᠡ ᠦᠨᠳᠦᠰᠦᠲᠡᠨ ᠤ ᠰᠢᠲᠦᠯᠭᠡ ᠪᠢᠰᠢᠷᠡᠯ ᠤᠨ ᠵᠡᠩ | ᠦᠢᠯᠡ ᠪᠤᠯᠤᠭᠰᠠᠨ ᠤ ᠬᠤᠪᠢ ᠳᠤ ᠠᠷᠠᠳ ᠤᠯᠠᠨ ᠤ ᠠᠵᠣ ᠠᠮᠢᠳᠣᠷᠠᠯ ᠪᠠ ᠤᠶᠤᠨ ᠰᠠᠨᠠᠭ᠎ᠠ ᠳᠤ ᠬᠦᠰᠡᠯ ᠡᠷᠡᠮᠡᠯᠵᠡᠯ | ᠪᠠ ᠲᠠᠶᠢᠳᠬᠤᠷᠠᠭᠤᠯᠣᠯ ᠠᠪᠴᠢᠷᠠᠵᠣ ᠥᠭᠳᠡᠭ᠃ ᠰᠣᠷᠭᠠᠨ ᠬᠦᠮᠦᠵᠢᠯ ᠤᠨ ᠲᠠᠯ᠎ᠠ ᠳᠤ᠂ ᠱᠠᠩᠰᠢ ᠮᠣᠳᠣ ᠲᠠᠬᠢᠬᠤ | ᠵᠡᠩ ᠦᠢᠯᠡ ᠨᠢ ᠬᠦᠮᠦᠰ ᠲᠤ ᠪᠠᠶᠢᠭᠠᠯᠢ ᠠᠬᠤᠢ ᠪᠠᠨ ᠬᠠᠶᠢᠷᠠᠯᠠᠨ᠂ ᠡᠬᠡ ᠪᠠᠶᠢᠭᠠᠯᠢ ᠲᠠᠢ ᠡᠶ᠎ᠡ ᠵᠣᠬᠢᠴᠠᠩᠭᠤᠢ | ᠣᠷᠣᠰᠢᠬᠤ ᠪᠤᠳᠣᠯᠭ᠎ᠠ ᠶᠢ ᠰᠣᠷᠭᠠᠨ ᠬᠦᠮᠦᠵᠢᠭᠦᠯᠭᠦ ᠶᠢᠨ ᠳᠠᠭᠠᠤ ᠵᠡᠩ ᠦᠢᠯᠡ ᠶᠢᠨ ᠶᠠᠪᠤᠴᠠ ᠳᠣᠮᠳᠠ | ᠣᠷᠣᠯᠴᠠᠭᠤᠯᠬᠤ ᠪᠠᠷ ᠳᠠᠮᠵᠢᠭᠤᠯᠣᠨ ᠤᠯᠠᠮᠵᠢᠯᠠᠯᠲᠤ ᠰᠢᠯᠢᠳᠡᠭ ᠵᠡᠩ ᠵᠠᠩᠰᠢᠯ ᠢᠶᠠᠨ ᠣᠯᠠᠮᠵᠢᠯᠠᠬᠤ ᠦᠢᠯᠡᠳᠦᠯ ᠢ | ᠭᠠᠷᠭᠠᠵᠣ ᠪᠠᠶᠢᠨ᠎ᠠ᠃ | ᠱᠠᠩᠰᠢ ᠮᠣᠳᠣᠨ ᠤ ᠲᠠᠬᠢᠯᠭ᠎ᠠ ᠶᠢᠨ ᠵᠡᠩ ᠦᠢᠯᠡ ᠶᠢᠨ ᠣᠩᠭᠤᠨ ᠪᠠᠶᠢᠭᠠᠯᠢ ᠶᠢᠨ ᠠᠮᠢᠲᠠᠨ ᠣᠷᠭᠤᠮᠠᠯ ᠢᠶᠠᠨ | ᠬᠠᠮᠠᠭᠠᠯᠠᠨ᠂ ᠪᠠᠶᠢᠭᠠᠯᠢ ᠶᠢᠷᠲᠢᠨᠴᠦ ᠶᠢᠨ ᠲᠡᠩᠴᠡᠭᠦᠷᠢ ᠶᠢ ᠪᠠᠳᠣᠯᠠᠬᠤ ᠪᠤᠯᠤᠨ ᠡᠷᠡᠭᠦᠯ ᠬᠦᠭᠵᠢᠯᠲᠡ ᠶᠢ ᠬᠦᠨᠳᠦᠳᠭᠡᠨ | ᠠᠩᠬᠠᠷᠬᠤ ᠰᠣᠶᠣᠯ ᠤᠨ ᠠᠭᠤᠯᠣᠭᠳᠠᠬᠤᠨ ᠪᠠ ᠦᠨ᠎ᠡ ᠦᠷᠲᠡᠭ ᠤᠨ ᠦᠵᠡᠯᠲᠡ ᠨᠢ ᠨᠢᠭᠡᠨᠲᠡ ᠮᠣᠩᠭᠤᠯᠴᠤᠳ ᠤᠨ | ᠪᠤᠳᠤᠯ ᠰᠡᠳᠬᠢᠬᠦᠢ ᠳᠤᠮᠳᠠ ᠠᠭᠤᠰᠣᠨ ᠣᠷᠣᠵᠠᠢ᠃ ᠡᠨᠡ ᠭᠦ ᠪᠣᠳᠣᠯ ᠰᠡᠳᠬᠢᠬᠦᠢ ᠨᠢ ᠤᠯᠤᠰ ᠤᠨ ᠠᠮᠢ | ᠠᠬᠤᠢ ᠶᠢᠨ ᠪᠤᠯᠪᠠᠰᠣᠨ ᠪᠠ ᠡᠷᠡᠭᠦᠯ ᠬᠦᠭᠵᠢᠯᠲᠡ ᠶᠢᠨ ᠳᠤᠷᠠᠳᠣᠯᠭᠠ ᠲᠠᠢ ᠣᠶᠠᠯᠳᠣᠨ ᠵᠤᠬᠢᠴᠠᠯᠳᠤᠬᠰᠠᠨ ᠤ ᠲᠠᠭᠠᠤ | ᠬᠦᠮᠤᠨ ᠪᠦᠬᠦᠨ ᠳᠤ ᠤᠯᠠᠮᠵᠢᠯᠠᠯᠳᠤ ᠰᠤᠶᠤᠯ ᠤᠨ ᠦᠪᠡᠷᠮᠢᠴᠠ ᠴᠢᠳᠠᠯ ᠢᠶᠠᠨ ᠲᠦᠷᠦᠭᠳᠡᠭᠦᠯᠵᠤ ᠪᠤᠢ᠃ | |