ᠬᠡᠦᠬᠡᠳ ᠢᠶᠠᠨ ᠬᠢᠪᠠᠰᠦ ᠵᠤᠬᠢᠰᠳᠠᠢ ᠶᠢ ᠨᠢ ᠬᠢᠯᠬᠡᠶᠠ | | ᠤᠳᠤ ᠶᠢᠨ ᠬᠡᠦᠬᠡᠳ ᠢ ᠱᠤᠩᠪᠠᠭᠤᠯᠤᠨ ᠦᠰᠭᠡᠵᠥ ᠪᠢᠴᠢᠭ ᠡᠷᠳᠡᠮ ᠢᠶᠠᠨ ᠰᠤᠷᠴᠦ ᠦᠭᠪᠠᠯ ᠪᠤᠯᠴᠢᠬᠠᠨ᠎ᠠ | ᠬᠡᠳᠡᠭ ᠢᠶᠠᠷ ᠪᠤᠳᠤᠯ ᠵᠤᠷᠢᠯ ᠢᠶᠠᠨ ᠪᠤᠯᠭᠠᠵᠤ᠂ ᠨᠠᠰᠤ ᠵᠢᠯ ᠳᠤᠨᠢ ᠲᠤᠬᠢᠷᠠᠬᠰᠠᠨ ᠬᠢᠪᠠᠰᠦ ᠵᠤᠬᠢᠬᠤ ᠠᠵᠢᠯ ᠢ ᠨᠢ | ᠬᠢᠯᠬᠡᠬᠦ ᠴᠤ ᠦᠬᠡᠢ ᠪᠠᠷ ᠠᠯᠢ ᠪᠠᠶᠢᠬᠰᠠᠨ ᠢ ᠨᠢ ᠤᠷᠤᠯᠠᠨ ᠬᠦᠢᠴᠡᠬᠡᠵᠤ ᠦᠭᠬᠦᠬᠡᠳ ᠶᠤᠰᠤᠳᠠᠢ ᠪᠢᠴᠢᠭ ᠰᠤᠷᠬᠤ | ᠮᠠᠰᠢᠨ ᠬᠦᠮᠦᠨ ᠰᠢᠭ ᠪᠤᠯᠭᠠᠨ ᠦᠰᠬᠡᠵᠤ ᠪᠠᠶᠢᠭ᠎ᠠ ᠨᠢ ᠵᠠᠷᠢᠮ ᠬᠡᠷ ᠤᠨ ᠠᠬᠠᠮᠠᠳ ᠤᠨ ᠲᠤᠮᠳᠠ ᠬᠠᠶᠠ ᠬᠠᠷᠠᠬᠳᠠᠵᠤ | ᠪᠠᠶᠢᠳᠠᠬ᠃ | ᠪᠢᠴᠢᠭ ᠰᠤᠷᠬᠤ ᠠᠴᠠ ᠭᠠᠳᠠᠨ᠎ᠠ ᠬᠦᠮᠦᠨ ᠪᠤᠯᠵᠤ ᠬᠦᠮᠦᠵᠢᠭᠳᠡᠬᠦ ᠨᠢ ᠨᠡᠩ ᠴᠢᠬᠤᠯᠠ ᠪᠠᠶᠢᠳᠠᠬ᠃ ᠪᠠᠶ᠎ᠠ | ᠰᠡᠳᠬᠢᠯ ᠤᠨ ᠪᠦᠬᠦ ᠲᠠᠯ᠎ᠠ ᠶᠢᠨ ᠪᠤᠶᠢᠵᠢᠯᠳᠠ ᠬᠦᠭᠵᠢᠯᠳᠡ ᠳᠤ ᠦᠪᠡᠷ ᠤᠨ ᠶᠠᠪᠤᠳᠠᠯ ᠢ ᠨᠢ ᠦᠪᠡᠷ ᠲᠤᠨᠢ ᠬᠢᠯᠬᠡᠪᠠᠯ | ᠵᠤᠬᠢᠬᠤ ᠪᠢᠰᠢᠦ᠃ ᠡᠬᠦᠨ ᠳᠤ ᠬᠡᠷ ᠵᠠᠭᠤᠷᠠᠬᠢ ᠬᠦᠳᠡᠯᠮᠦᠷᠢ ᠨᠢ ᠴᠢᠬᠤᠯᠠ ᠡᠯᠧᠮᠧᠨ᠋ᠲ ᠪᠤᠯᠵᠤ ᠤᠷᠤᠨ᠎ᠠ᠄ ᠪᠠᠯᠴᠢᠷ | ᠪᠠᠭ᠎ᠠ ᠠᠴᠠ ᠪᠠᠨ ᠵᠢᠵᠢᠭ ᠰᠠᠨᠳᠠᠯᠢ ᠪᠠᠨ ᠲᠡᠷᠢ ᠲᠡᠭᠰᠢ ᠲᠠᠯᠪᠢᠬᠤ᠂ ᠨᠠᠭᠠᠳᠤᠮ ᠲᠤᠭᠯᠠᠭᠠᠮ ᠢᠶᠠᠨ ᠤᠷᠤᠨ ᠳᠤᠨᠢ | ᠬᠤᠮᠢᠵᠤ ᠬᠤᠷᠢᠶᠠᠬᠤ᠂ ᠪᠠᠰᠠ ᠵᠠᠷᠤᠳᠠᠬ ᠠᠯᠴᠢᠭᠤᠷ ᠢᠶᠠᠨ ᠡᠪᠳᠡᠢ ᠪᠠᠭᠯᠠᠬᠤ᠂ ᠠᠪᠤ ᠡᠵᠢ ᠶᠢᠨ ᠢᠶᠠᠨ ᠱᠠᠬᠠᠢ ᠶᠢ ᠨᠢ | ᠵᠦᠬᠡᠬᠡᠵᠤ ᠦᠭᠬᠦ ᠵᠡᠷᠭᠡ᠃ ᠡᠬᠦᠨ ᠠᠴᠠ ᠪᠠᠨ ᠴᠢᠨᠠᠬᠰᠢᠯᠠᠨ ᠬᠤᠪᠴᠠᠰᠤ ᠬᠤᠨᠠᠷ ᠢᠶᠠᠨ ᠴᠡᠪᠡᠷ ᠡᠮᠦᠰᠬᠦ᠂ ᠨᠢᠭᠤᠷ | ᠭᠠᠷ ᠢᠶᠠᠨ ᠲᠤᠷᠠᠳᠠᠢ ᠤᠬᠢᠶᠠᠬᠤ ᠵᠡᠷᠭᠡ ᠠᠮᠢᠳᠤᠷᠠᠯ ᠬᠦᠳᠡᠯᠮᠦᠷᠢ ᠳᠤ ᠠᠯᠬᠤᠮ ᠠᠯᠬᠤᠮ ᠢᠶᠠᠷ ᠲᠠᠳᠴᠤ ᠢᠷᠡᠬᠦ ᠨᠢ | ᠬᠡᠦᠬᠡᠳ ᠤᠨ ᠭᠠᠷ ᠬᠦᠳᠡᠯᠵᠤ ᠪᠡᠶ᠎ᠠ ᠳᠡᠭᠡᠨ ᠵᠦᠪᠯᠡᠬᠦ ᠴᠢᠳᠠᠪᠤᠷᠢ ᠶᠢ ᠬᠦᠭᠵᠢᠬᠦᠯᠵᠤ ᠴᠢᠳᠠᠬᠤ ᠪᠦᠬᠡᠳ ᠲᠠᠷᠢᠬᠢ | ᠲᠤᠯᠤᠭᠠᠢ ᠨᠢ ᠰᠡᠷᠭᠡᠭ᠂ ᠰᠡᠳᠦᠵᠤ ᠪᠤᠳᠤᠬᠤ ᠪᠠᠭ᠋ᠠᠳᠠᠢ ᠪᠠᠰᠠ ᠪᠠᠶ᠎ᠠ ᠪᠠᠨ ᠪᠠᠷᠢᠬᠤ ᠴᠢᠳᠠᠪᠤᠷᠢ ᠲᠠᠢ᠂ ᠦᠬᠡ ᠨᠤᠮ ᠢ | ᠲᠠᠭᠠᠬᠤ᠂ ᠲᠤᠷᠠᠰᠢᠯ ᠠᠴᠠ ᠪᠠᠨ ᠭᠠᠷ ᠬᠦᠳᠡᠯᠵᠤ ᠬᠢᠬᠦ᠂ ᠪᠤᠰᠤᠳ ᠲᠠᠢ ᠬᠠᠮᠵᠢᠯᠴᠠᠬᠤ᠂ ᠪᠤᠰᠤᠳ ᠢ ᠬᠦᠨᠳᠦᠳᠬᠡᠬᠦ᠂ | ᠪᠤᠰᠤᠳ ᠢ ᠬᠠᠪᠰᠤᠷᠬᠤ ᠵᠡᠷᠭᠡ ᠰᠠᠶᠢᠨ ᠰᠠᠶᠢᠬᠠᠨ ᠲᠠᠳᠬᠠᠯ ᠲᠠᠢ ᠪᠤᠯᠵᠤ ᠬᠦᠮᠦᠵᠢᠭᠳᠡᠵᠤ ᠴᠢᠳᠠᠨ᠎ᠠ᠃ | ᠶᠡᠭᠡ ᠰᠤᠷᠭᠠᠭᠤᠯᠢ ᠳᠤ ᠤᠷᠤᠴᠢᠬᠠᠭᠠᠳ ᠬᠤᠪᠴᠠᠰᠤ ᠬᠤᠨᠠᠷ ᠤᠷᠤ ᠬᠦᠨᠵᠢᠯᠡ ᠪᠠᠨ ᠤᠬᠢᠶᠠᠵᠤ ᠴᠡᠪᠡᠷᠯᠡᠬᠦ ᠶᠢ | ᠪᠠᠶᠢᠳᠤᠭᠠᠢ᠂ ᠭᠠᠶᠢᠭᠤᠢ ᠲᠢᠭᠳᠡᠢ ᠡᠪᠬᠡᠵᠤ ᠬᠤᠷᠢᠶᠠᠬᠤ ᠴᠤ ᠦᠬᠡᠢ ᠪᠠᠷ ᠲᠤᠷ᠎ᠠ ᠪᠠᠷ ᠨᠢ ᠤᠪᠤᠭᠠᠯᠠᠵᠤ᠂ ᠡᠷᠦᠢ | ᠬᠤᠷᠤᠢ ᠪᠠᠨ ᠠᠯᠳᠠᠬᠰᠠᠨ ᠪᠠᠶᠢᠳᠠᠯ ᠤᠶᠤᠳᠠᠳ ᠤᠨ ᠪᠠᠶᠢᠷᠢᠨ ᠳᠤ ᠬᠠᠶᠠ ᠬᠠᠷᠠᠬᠳᠠᠳᠠᠬ ᠨᠢ ᠬᠠᠴᠢᠨ ᠶᠠᠪᠤᠳᠠᠯ ᠪᠤᠰᠤ | ᠃ ᠠᠪᠤ ᠡᠵᠢ ᠠᠬᠠᠮᠠᠳ ᠲᠤᠮᠤᠭᠠᠳᠠᠨ ᠨᠢ ᠬᠠᠷᠠᠬᠠᠨ ᠪᠠᠭ᠎ᠠ ᠠᠴᠠ ᠨᠢ ᠠᠯᠢ ᠪᠠᠶᠢᠬᠰᠠᠨ ᠢ ᠨᠢ ᠤᠷᠤᠯᠠᠨ ᠬᠢᠵᠤ᠂ | ᠦᠪᠡᠷ ᠢᠶᠠᠨ ᠵᠦᠪᠬᠡᠨ ᠪᠢᠴᠢᠭ ᠡᠷᠳᠡᠮ ᠢᠶᠠᠨ ᠰᠠᠶᠢᠨ ᠰᠤᠷᠤᠭᠠᠳ ᠰᠢᠯᠭᠠᠯᠳᠠ ᠳᠤ ᠲᠡᠬᠡᠬᠦᠷ ᠬᠤᠪᠢ ᠤᠯᠪᠠᠯ | ᠪᠤᠯᠴᠢᠬᠠᠨ᠎ᠠ ᠬᠡᠳᠡᠭ ᠤᠬᠠᠬᠳᠠᠬᠤᠨ ᠢᠶᠠᠷ ᠤᠶᠤᠨ ᠪᠤᠳᠤᠯ ᠢᠶᠠᠨ ᠡᠵᠡᠯᠡᠬᠦᠯᠦᠨ᠂ ᠰᠠᠨᠠᠬᠰᠠᠨ ᠰᠠᠷᠪᠠᠶᠢᠬᠰᠠᠨ | ᠵᠦᠢᠯ ᠳᠡᠭᠡᠨ ᠰᠠᠨᠠᠭ᠎ᠠ ᠵᠤᠪᠠᠭ᠋ᠤ ᠵᠦᠢᠯ ᠦᠬᠡᠢ ᠶᠤᠮ ᠴᠢᠨᠢ ᠬᠡᠨ ᠵᠠᠪᠠᠯ ᠵᠤᠷᠢᠭᠤᠳᠠ ᠪᠠᠷ ᠤᠴᠢᠵᠤ ᠪᠡᠶ᠎ᠠ | ᠰᠡᠳᠬᠢᠯ ᠢᠶᠠᠨ ᠵᠦᠳᠡᠬᠡᠬᠦ ᠬᠡᠵᠢ ᠳ᠋ᠡ᠃ ᠢᠡᠭᠬᠢᠬᠡᠳ ᠯᠡ ᠦᠪᠡᠷ ᠪᠢ ᠪᠠᠷ ᠲᠦᠪ ᠪᠤᠯᠭᠠᠵᠤ᠂ ᠠᠮᠢ ᠬᠤᠪᠢ ᠪᠠᠨ | ᠤᠷᠢᠳ ᠢᠶᠠᠷ ᠪᠤᠳᠤᠵᠤ᠂ ᠦᠭᠴᠤ ᠵᠤᠷᠢᠭᠤᠯᠬᠤ ᠶᠢ ᠤᠮᠳᠤᠭᠠᠶᠢᠢᠯᠠᠨ᠂ ᠵᠢᠷᠤᠮ ᠭᠤᠷᠢᠮ ᠤᠨ ᠤᠬᠠᠮᠰᠠᠷ ᠠᠨᠠᠢ᠂ | ᠶᠤᠰᠤ ᠰᠤᠷᠳᠠᠬᠤᠨ ᠤ ᠬᠦᠯᠢᠶᠡᠰᠦᠯᠠᠯ ᠪᠠ ᠬᠠᠤᠯᠢ ᠴᠠᠭᠠᠵᠠ ᠶᠢᠨ ᠤᠬᠠᠬᠳᠠᠬᠤᠨ ᠲᠤᠳᠠᠮᠠᠬ᠂ ᠠᠵᠢᠯᠯᠠᠵᠤ | ᠰᠤᠷᠤᠯᠴᠠᠬᠤ ᠤᠷᠮ᠎ᠠ ᠦᠬᠡᠶᠢᠳᠡᠵᠤ᠂ ᠪᠠᠶ᠎ᠠ ᠪᠠᠨ ᠲᠠᠭᠠᠭᠠᠬᠤ ᠴᠢᠳᠠᠪᠤᠷᠢ ᠲᠤᠷᠤᠢ᠂ ᠠᠷᠤ ᠬᠡᠷ ᠤᠨ ᠤᠯᠤᠬᠰᠠᠨ | ᠴᠤᠬᠯᠠᠭᠤᠯᠤᠬᠰᠠᠠ ᠢᠶᠠᠨ ᠰᠢᠪᠠᠭᠵᠤ ᠢᠳᠡᠬᠦ ᠪᠤᠶᠤ ᠰᠠᠨᠠᠭᠠᠨ ᠳᠤᠨᠢ ᠲᠠᠪᠠ ᠦᠬᠡᠢ ᠶᠠᠪᠤᠳᠠᠯ ᠲᠠᠭᠠᠷᠠᠪᠠᠯ ᠰᠠᠶᠢᠳᠤᠷ | ᠰᠢᠢᠳᠪᠦᠷᠢᠯᠡᠬᠦ ᠤᠬᠠᠭᠠᠨ ᠰᠠᠨᠠᠭ᠎ᠠ ᠪᠠ ᠤᠷ᠎ᠠ ᠴᠢᠳᠠᠪᠤᠷᠢ ᠮᠡᠬᠦᠰᠳᠡᠳᠡᠭ ︽ᠪᠤᠵᠠᠭᠠᠢ ᠨᠢᠯᠬ᠎ᠠ︾ ᠶᠢᠨ ᠦᠵᠡᠭᠳᠡᠯ | ᠡᠬᠦᠰᠳᠡᠭ ᠠᠵᠢ᠃ | ᠦᠨᠡᠨᠳᠡᠬᠡᠨ ᠠᠪᠤ ᠡᠵᠢ ᠠᠬᠠᠮᠠᠳ ᠶᠡᠬᠡᠴᠤᠤᠯ ᠳᠤ ᠠᠪᠴᠤ ᠬᠡᠯᠡᠪᠡᠯ᠂ ᠪᠢᠴᠢᠭ ᠰᠤᠷᠭᠠᠬᠤ ᠠᠴᠠ ᠭᠠᠳᠠᠨ᠎ᠠ | ᠪᠠᠶᠢᠳᠠᠬ ᠶᠠᠪᠤᠳᠠᠯ ᠢ ᠨᠢ ᠤᠷᠤᠯᠠᠨ ᠬᠦᠢᠴᠡᠬᠡᠵᠤ ᠦᠭᠳᠡᠭ ᠨᠢ ᠬᠡᠦᠬᠡᠳ ᠤᠨ ᠢᠶᠠᠨ ᠪᠦᠬᠦ ᠲᠠᠯ᠎ᠠ ᠪᠠᠷ ᠬᠦᠭᠵᠢᠭᠰᠡᠨ | ᠬᠦᠮᠦᠨ ᠪᠤᠯᠵᠤ ᠬᠦᠮᠦᠵᠢᠭᠳᠡᠬᠦ ᠶᠡᠪᠤᠴᠠ ᠳᠠᠬᠢ ᠬᠦᠴᠢᠷ ᠪᠡᠷᠬᠡᠰᠢᠶᠡᠯ ᠢ ᠲᠤᠭᠤᠯᠵᠤ ᠲᠠᠪᠠᠭ᠋ᠤ ᠤᠶᠤᠨ ᠤᠬᠠᠭᠠᠨ | ᠠᠪᠢᠶᠠᠰ ᠴᠢᠳᠠᠪᠤᠷᠢ ᠶᠢᠨ ᠰᠤᠷᠢᠯᠳᠠ ᠪᠠ ᠬᠠᠷᠠᠯᠳᠠ ᠵᠤᠷᠢᠯᠳᠠ ᠳᠠᠭᠠᠨ ᠬᠦᠷᠬᠦ ᠠᠶᠠᠨ ᠵᠠᠮ ᠳᠠᠬᠢ ᠪᠤᠯᠪᠠᠰᠤᠷᠠᠵᠤ | ᠴᠠᠭᠠᠷᠠᠬᠤ ᠶᠢᠨ ᠵᠠᠪᠰᠢᠶᠠᠨ ᠲᠤᠬᠢᠶᠠᠯ ᠢ ᠪᠤᠯᠢᠶᠠᠵᠤ ᠪᠠᠶᠢᠭ᠎ᠠ ᠶᠠᠪᠤᠳᠠᠯ ᠪᠤᠯᠤᠨ᠎ᠠ᠃ ᠬᠡᠳᠦ᠋ᠢᠪᠡᠷ ᠠᠪᠤ ᠡᠵᠢ ᠠᠬᠠᠮᠠᠳ | ᠲᠤᠮᠤᠭᠠᠳᠠᠨ ᠨᠢ ᠠᠯᠢ ᠪᠠᠶᠢᠬᠰᠠᠨ ᠢ ᠨᠢ ᠵᠦᠪᠯᠡᠵᠤ ᠵᠦᠭᠰᠢᠷᠡᠬᠦᠯᠵᠤ ᠦᠭᠳᠡᠭ ᠪᠤᠯᠪᠠᠴᠤ᠂ ᠡᠨᠡ ᠪᠠᠷᠢᠮᠳᠠᠯᠠᠯ ᠢᠶᠠᠨ | ᠡᠴᠦᠰ ᠲᠤᠨᠢ ᠲᠤᠯᠳᠠᠯ᠎ᠠ ᠬᠦᠢᠴᠡᠳᠬᠡᠵᠤ ᠲᠡᠶᠢᠯᠬᠦ ᠬᠡᠭᠴᠢ ᠶᠢ ᠬᠡᠨ ᠪᠠᠳᠤᠯᠠᠵᠤ ᠴᠢᠳᠠᠬᠤ ᠪᠤᠢ᠃ ᠬᠠᠷᠢᠨ ᠨᠡᠶᠢᠬᠡᠮ | ᠠᠬᠤᠢ ᠶᠢᠨ ᠰᠤᠷᠤᠯᠭ᠎ᠠ᠂ ᠤᠬᠠᠭᠠᠨ᠂ ᠠᠵᠢᠯ᠂ ᠠᠮᠢᠳᠤᠷᠠᠯ ᠤᠨ ᠲᠤᠮᠤ ᠡᠩᠨᠡᠭᠡ ᠶᠢᠨ ᠲᠡᠷᠢᠬᠦᠨ ᠳᠤᠨᠢ | ᠬᠤᠰᠢᠭᠤᠷᠠᠵᠤ ᠶᠠᠪᠤᠬᠤ ᠤᠤ ᠡᠰᠡᠬᠦᠯ᠎ᠠ ᠲᠤᠭᠤᠰᠤᠨ ᠳᠤᠨᠢ ᠪᠠᠷᠠᠳᠠᠵᠤ ᠠᠮᠢᠳᠤᠷᠠᠬᠤ ᠤᠤ ᠬᠡᠳᠡᠭ ᠨᠢ ᠬᠡᠦᠬᠡᠳ ᠤᠨ | ᠦᠰᠦᠨ ᠪᠤᠶᠢᠵᠢᠯᠳᠠ ᠶᠢᠨ ᠠᠯᠬᠤᠮ ᠵᠠᠮ ᠨᠢᠬᠡᠪᠦᠷᠢ ᠳᠤ ᠲᠠᠯᠪᠢᠬᠰᠠᠨ ᠲᠤᠮᠤ ᠰᠢᠯᠭᠠᠯᠳᠠ ᠰᠤᠷᠢᠯᠳᠠ ᠪᠤᠯᠬᠤᠷ | ᠬᠠᠰᠢᠯᠠ ᠬᠡᠦᠬᠡᠳ ᠢᠶᠠᠨ ᠪᠢᠳᠡ ᠬᠢᠵᠤ ᠲᠡᠶᠢᠯᠬᠦ ᠠᠵᠤ ᠶᠢ ᠨᠢ ᠬᠢᠯᠬᠡᠵᠤ᠂ ᠰᠠᠯᠬᠢ ᠪᠤᠷᠤᠭᠠᠨ ᠳᠤ ᠲᠠᠪᠳᠠᠨ᠂ ᠪᠤᠳᠠᠳᠤ | ᠦᠢᠯᠡᠳᠦᠯᠬᠡ ᠳᠤ ᠪᠤᠯᠪᠠᠰᠤᠷᠠᠭᠤᠯᠵᠤ᠂ ᠦᠬᠡᠳᠡ ᠰᠠᠷᠠᠭᠤᠯ ᠦᠵᠡᠯ ᠰᠠᠨᠠᠭ᠎ᠠ᠂ ᠦᠬᠡ ᠶᠠᠷᠢᠶ᠎ᠠ᠂ ᠦᠢᠯᠡ ᠠᠵᠢᠯᠯᠠᠭ᠎ᠠ | ᠂ ᠦᠨ᠎ᠠ ᠦᠷᠳᠡᠭ ᠲᠠᠢ᠂ ᠦᠷᠦᠬᠡᠯ ᠪᠤᠰᠤᠳ ᠲᠤ ᠬᠡᠷᠡᠯ ᠬᠡᠬᠡ ᠲᠤᠯᠠᠭᠠᠨ ᠢᠯᠴᠢ ᠵᠦᠪ ᠡᠨᠧᠷᠬᠢ ᠦᠭᠴᠦ | ᠴᠢᠳᠠᠳᠠᠬ ᠬᠦᠮᠦᠨ ᠪᠤᠯᠭᠠᠨ ᠬᠦᠮᠦᠵᠢᠬᠦᠯᠪᠠᠯ ᠵᠤᠬᠢᠨ᠎ᠠ᠃ | | |