ᠬᠡᠤᠬᠡᠳ  ᠢ ᠰᠢᠭᠦᠮᠵᠢᠯᠡᠭᠦ 8 ᠰᠢᠨᠵᠢᠯᠡᠭᠦ ᠤᠬᠠᠭᠠᠨᠴᠢ ᠠᠷᠭ᠎ᠠ
ᠨᠡᠶᠢᠲᠡᠯᠡᠭᠰᠡᠨ ᠴᠠᠭ᠄
2021/1/29
           ᠬᠡᠤᠬᠡᠳ ᠢ ᠰᠢᠭᠦᠮᠵᠢᠯᠡᠭᠦ 8 ᠰᠢᠨᠵᠢᠯᠡᠭᠦ ᠤᠬᠠᠭᠠᠨᠴᠢ ᠠᠷᠭ᠎ᠠ    ᠬᠡᠦᠬᠡᠳ  ᠤᠨ ᠲᠠᠶᠢᠯᠪᠤᠷᠢᠯᠠᠬᠤ ᠶᠢ ᠵᠥᠪᠰᠢᠶᠡᠷᠡᠨ᠎ᠡ   ᠥᠷᠥᠭᠡᠰᠦᠨ ᠲᠠᠯ᠎ᠠ  ᠶᠢᠨ ᠬᠢᠨ  ᠤ ᠵᠢᠮᠡᠯᠡᠯ  ᠢ ᠢᠲᠡᠭᠡᠵᠦ ᠪᠣᠯᠬᠤ ᠦᠭᠡᠢ ᠂ ᠬᠡᠦᠬᠡᠳ  ᠤᠨ ᠥᠪᠡᠷ  ᠢᠶᠠᠨ ᠲᠠᠶᠢᠯᠪᠤᠷᠢᠯᠠᠬᠤ  ᠶᠢ ᠨᠢ ᠵᠥᠪᠰᠢᠶᠡᠷᠡᠬᠦ ᠬᠡᠷᠡᠭᠲᠡᠢ ᠃ ᠭᠡᠷ  ᠤᠨ ᠠᠬᠠᠮᠠᠳ ᠵᠡᠪᠡᠯ ᠲᠥᠪ  ᠢ ᠰᠠᠬᠢᠬᠤ ᠂ ᠬᠡᠦᠬᠡᠳ  ᠤᠨ  ᠢᠶᠠᠨ ᠪᠤᠷᠤᠭᠤ ᠬᠢᠭᠰᠡᠨ ᠡᠰᠡᠬᠦ ᠂ ᠶᠠᠭᠤᠨ  ᠳᠤ ᠪᠤᠷᠤᠭᠤ ᠬᠢᠭᠰᠡᠨ  ᠢ ᠪᠤᠰᠤᠳᠴᠢ  ᠪᠠᠷ ᠬᠤᠶᠡᠷ ᠲᠠᠯ᠎ᠠ ᠶᠢ ᠠᠳᠬᠤᠨ ᠦᠨᠡᠯᠡᠬᠦ ᠬᠡᠷᠡᠭᠲᠡᠢ ᠃    ᠪᠠᠶᠢᠷᠢ ᠰᠣᠯᠢᠨ ᠰᠠᠳᠬᠢᠨ᠎ᠠ   ᠭᠡᠷ  ᠤᠨ ᠠᠬᠠᠮᠠᠳ ᠪᠠᠶᠢᠷᠢ ᠰᠣᠯᠢᠨ ᠰᠡᠳᠬᠢᠨ ᠂ ᠬᠡᠦᠬᠡᠳ  ᠤᠨ  ᠢᠶᠠᠨ ᠢᠩᠭᠢᠵᠦ ᠬᠢᠬᠦ  ᠶᠢᠨ ᠵᠣᠷᠢᠯᠭ᠎ᠠ  ᠶᠢ ᠣᠢᠢᠯᠠᠭᠠᠵᠤ ᠂ ᠰᠢᠭᠦᠮᠵᠢᠯᠡᠯ  ᠤᠨ ᠭᠠᠷᠳᠠᠴᠠ  ᠶᠢ ᠣᠨᠣᠪᠴᠢᠲᠠᠶ ᠡᠷᠢᠵᠦ ᠣᠯᠬᠤ ᠬᠡᠷᠡᠭᠲᠡᠶ ᠃ ᠲᠡᠷᠡ ᠮᠥᠷᠲᠡᠭᠡᠨ ᠬᠡᠦᠬᠡᠳ  ᠢ ᠪᠠᠶᠢᠷᠢ ᠰᠣᠯᠢᠨ ᠰᠡᠳᠬᠢᠬᠦ ᠲᠠᠳᠬᠠᠯ ᠲᠠᠢ ᠪᠣᠯᠭᠠᠵᠤ ᠂ ︽ ᠬᠡᠷᠪᠡ ᠴᠢ ᠲᠡᠷᠡ ᠬᠥᠮᠦᠨ ᠪᠣᠯ ᠴᠢ ᠶᠠᠮᠠᠷ ᠲᠥᠷᠥᠭᠳᠡᠯ  ᠲᠠᠢ ᠪᠣᠯᠬᠤ ᠪᠣᠢ ᠂ ᠢᠩᠭᠢᠵᠦ ᠬᠢᠬᠦ ᠨᠢ ᠴᠤᠬᠤᠮ ᠲᠠᠭᠠᠷᠠᠨ᠎ᠠ  ᠤᠤ ᠂ ᠦᠭᠡᠢ  ᠤᠤ ︖ ︾ ᠬᠡᠰᠡᠨ  ᠢ ᠮᠡᠲᠡᠬᠦᠯᠬᠦ ᠬᠡᠷᠡᠭᠲᠡᠢ ᠃   ᠥᠪᠡᠷ  ᠤᠨ ᠰᠢᠭᠦᠮᠵᠢᠯᠡᠯ ᠬᠢᠭᠰᠡᠨ   ᠤ ᠲᠠᠷᠠᠭ᠎ᠠ ᠬᠡᠤᠬᠡᠳ ᠢᠶᠠᠨ ᠰᠢᠬᠦᠮᠵᠢᠯᠡᠨ᠎ᠠ   ᠬᠡᠦᠬᠡᠳ  ᠢ ᠰᠢᠭᠦᠮᠵᠢᠯᠡᠬᠦ  ᠠᠴᠠ ᠡᠮᠦᠨ᠎ᠡ ᠂ ᠭᠡᠷ  ᠤᠨ ᠠᠬᠠᠮᠠᠳ ᠤᠷᠢᠳ  ᠢᠶᠠᠷ ᠥᠪᠡᠷ  ᠤᠨ ᠰᠢᠭᠦᠮᠵᠢᠯᠡᠯ ᠬᠢᠵᠦ ᠂ ᠪᠡᠶ᠎ᠡ ᠪᠠᠨ ᠳᠣᠣᠷ᠎ᠠ ᠨᠢᠬᠡᠨ ᠲᠠᠰ ᠲᠤ ᠲᠠᠯᠪᠢᠵᠤ ᠂ ᠬᠡᠦᠬᠡᠳ  ᠯᠦᠭᠡ  ᠶᠢᠨ ᠬᠠᠷᠢᠴᠠᠭ᠎ᠠ  ᠪᠠᠨ ᠲᠦᠷᠭᠡᠨ ᠣᠢᠢᠷᠠᠲᠤᠭᠤᠯᠤᠨ᠎ᠠ ᠃ ᠭᠡᠷ  ᠤᠨ ᠠᠬᠠᠮᠠᠳ  ᠤᠨ ᠥᠪᠡᠷ  ᠤᠨ ᠰᠢᠭᠦᠮᠵᠢᠯᠡᠯ ᠨᠢ ᠬᠡᠦᠬᠡᠳ  ᠢ ᠥᠪᠡᠷ  ᠤᠨ ᠪᠡᠶ᠎ᠡ  ᠳᠤ ᠪᠠᠨ ᠤᠷᠤᠰᠢᠵᠤ ᠪᠠᠶᠢᠭ᠎ᠠ ᠪᠤᠷᠤᠭᠤ ᠪᠠᠨ ᠡᠷᠭᠢᠴᠡᠭᠦᠯᠦᠨ ᠪᠣᠳᠣᠬᠤ  ᠶᠢ ᠰᠤᠷᠭᠠᠳᠠᠭ ᠃   ᠬᠡᠷᠡᠭ ᠶᠠᠪᠤᠳᠠᠯ  ᠳᠤ ᠯᠠ ᠬᠠᠨᠳᠤᠬᠤ   ᠠᠴᠠ ᠪᠢᠰᠢ ᠬᠥᠮᠦᠨ  ᠳᠤ ᠬᠠᠨᠳᠤᠬᠤ ᠥᠬᠡᠶ   ᠬᠡᠦᠬᠡᠳ  ᠠᠴᠠ ᠪᠤᠷᠤᠭᠤ ᠬᠢᠭᠰᠡᠨ ᠪᠤᠶᠤ ᠰᠠᠶᠢᠨ ᠬᠢᠵᠦ ᠴᠢᠳᠠᠭᠰᠠᠨ ᠦᠭᠡᠢ ᠦᠶ᠎ᠠ  ᠳᠤ ᠂ ᠭᠡᠷ  ᠤᠨ ᠠᠬᠠᠮᠠᠳ ᠨᠢ ᠵᠢᠮᠡᠯᠡᠨ ᠬᠠᠷᠢᠶᠠᠬᠤ ᠪᠢᠰᠢ ᠂ ᠬᠠᠷᠢᠨ ᠵᠢᠭᠠᠨ ᠵᠢᠯᠣᠭᠤᠳᠬᠤ   ᠳᠤ ᠤᠷᠤᠰᠢᠨ᠎ᠠ ᠃ ᠶᠠᠭᠤ ᠪᠠᠶᠢᠪᠠᠯ ᠶᠠᠭᠤ  ᠶᠢ ᠯᠡ ᠶᠠᠷᠢᠬᠤ ᠂ ᠶᠠᠭᠤᠨ  ᠳᠤ ᠢᠩᠭᠢᠵᠦ ᠬᠢᠵᠦ ᠪᠣᠯᠬᠤ ᠥᠬᠡᠶ ᠂ ᠢᠩᠭᠢᠵᠦ ᠬᠢᠪᠡᠯ ᠶᠠᠮᠠᠷ ᠦᠷ᠎ᠡ ᠳ᠋ᠦᠩ  ᠲᠠᠢ ᠪᠣᠯᠬᠤ  ᠶᠢ ᠬᠡᠦᠬᠡᠳ  ᠲᠤ ᠮᠡᠳᠡᠭᠦᠯᠬᠦ ᠬᠡᠷᠡᠭᠲᠡᠶ ᠃   ᠬᠡᠦᠬᠡᠳ  ᠢ ᠪᠤᠷᠤᠭᠤ  ᠪᠠᠨ ᠵᠠᠯᠠᠷᠠᠭᠤᠯᠬᠤ ᠶᠢ ᠰᠤᠷᠭᠠᠬᠤ ᠬᠡᠷᠡᠭᠲᠡᠶ   ᠬᠡᠤᠬᠡᠳ ᠢᠶᠠᠨ ᠰᠣᠬᠤᠷ ᠪᠠᠯᠠᠶ  ᠪᠠᠷ ᠰᠢᠭᠦᠮᠵᠢᠯᠡᠵᠦ ᠪᠣᠯᠬᠤ ᠦᠭᠡᠢ ᠂ ᠰᠢᠨᠵᠢᠯᠡᠬᠦ ᠤᠬᠠᠭᠠᠨᠴᠢ ᠠᠷᠭ᠎ᠠ  ᠪᠠᠷ ᠬᠡᠦᠬᠡᠳ  ᠲᠤ ᠠᠯᠳᠠᠭ᠎ᠠ  ᠶᠢ ᠨᠢ ᠲᠠᠨᠢᠭᠤᠯᠵᠤ ᠂ ᠠᠯᠳᠠᠭ᠎ᠠ  ᠶᠢ ᠨᠢ ᠵᠠᠯᠠᠷᠠᠭᠤᠯᠬᠤ ᠠᠷᠭ᠎ᠠ  ᠶᠢ ᠣᠯᠭᠤᠬᠤ ᠬᠡᠷᠡᠭᠲᠡᠶ ᠃ ᠰᠢᠭᠦᠮᠵᠢᠯᠡᠯ  ᠢ ᠠᠰᠢᠭᠯᠠᠨ ᠬᠡᠦᠬᠡᠳ  ᠲᠤ ᠳᠠᠬᠢᠨ ᠨᠢᠭᠡ ᠬᠢᠴᠢᠶᠡᠯ ᠣᠷᠣᠬᠤ ᠨᠢ ᠰᠢᠭᠦᠮᠵᠢᠯᠡᠯ  ᠤᠨ ᠠᠴᠢ ᠬᠤᠯᠪᠣᠭᠳᠠᠯ  ᠲᠠᠢ ᠶᠤᠮ ᠃    ᠲᠣᠬᠢᠷᠠᠮᠵᠢᠲᠠᠶ ᠴᠠᠭ ᠲᠣᠬᠢᠶᠠᠯ  ᠢ ᠰᠣᠩᠭᠤᠵᠤ ᠰᠢᠬᠦᠮᠵᠢᠯᠠᠨ᠎ᠠ   ᠬᠡᠦᠬᠡᠳ  ᠢ ᠪᠣᠰᠬᠤ  ᠠᠴᠠ ᠨᠢ ᠡᠮᠦᠨ᠎ᠡ ᠂ ᠤᠨᠲᠠᠬᠤ  ᠠᠴᠠ ᠨᠢ ᠡᠮᠦᠨ᠎ᠡ ᠂ ᠬᠤᠭᠤᠯᠠ ᠢᠳᠡᠬᠦ  ᠠᠴᠠ  ᠨᠢ ᠡᠮᠦᠨ᠎ᠡ ᠂ ᠡᠪᠡᠳᠴᠢᠯᠡᠭᠰᠡᠨ ᠦᠶ᠎ᠡ  ᠳᠤ ᠰᠢᠭᠦᠮᠵᠢᠯᠡᠵᠦ ᠪᠣᠯᠬᠤ ᠦᠭᠡᠢ ᠂ ᠡᠨᠡ ᠨᠢ ᠲᠡᠭᠦᠨ  ᠤ ᠪᠡᠶ᠎ᠡ ᠰᠡᠳᠬᠢᠯ  ᠤᠨ ᠡᠷᠡᠭᠦᠯ ᠮᠡᠨᠳᠦ  ᠶᠢ ᠰᠢᠭᠤᠳ ᠨᠥᠯᠥᠭᠡᠯᠡᠨ᠎ᠡ ᠃ ᠬᠠᠮᠤᠭ ᠰᠠᠶᠢᠨ ᠨᠢ ᠬᠡᠦᠬᠡᠳ  ᠲᠠᠢ  ᠪᠠᠨ ᠲᠠᠶᠢᠪᠤᠭᠤᠬᠠᠨ ᠰᠠᠭᠤᠵᠤ ᠂ ᠡᠴᠢᠭᠡ ᠡᠬᠡ ᠨᠢ ᠬᠡᠦᠬᠡᠳ  ᠲᠤ ᠪᠠᠨ ᠱᠠᠭᠠᠷᠳᠠᠯᠭ᠎ᠠ ᠳᠤᠷᠠᠳᠴᠤ ᠪᠣᠯᠤᠨ᠎ᠠ ᠂ ᠬᠡᠦᠬᠡᠳ ᠨᠢ ᠴᠦ ᠡᠴᠢᠭᠡ ᠡᠬᠡ  ᠳᠤ ᠪᠠᠨ ᠰᠠᠨᠠᠯ  ᠢᠶᠠᠨ ᠳᠤᠷᠠᠳᠴᠤ ᠪᠣᠯᠤᠨ᠎ᠠ ᠃    ᠡᠶᠡᠯᠰᠡᠭ ᠣᠪᠣᠷ  ᠢ ᠠᠪᠤᠨ᠎ᠠ   ᠬᠡᠦᠬᠡᠳ  ᠢ ᠵᠠᠩᠨᠠᠨ ᠰᠢᠭᠦᠮᠵᠢᠯᠡᠬᠦ  ᠳᠤ ᠡᠴᠢᠭᠡ ᠡᠬᠡ ᠪᠣᠯᠤᠭᠰᠠᠳ ᠨᠢ ᠨᠡᠩ ᠴᠤ ᠬᠡᠦᠬᠡᠳ  ᠲᠤ ᠪᠠᠨ ᠠᠭᠤᠷ  ᠢᠶᠠᠨ ᠭᠠᠷᠭᠠᠵᠤ ᠪᠣᠯᠬᠤ ᠦᠭᠡᠢ ᠂ ᠬᠠᠷᠢᠨ ᠠᠯᠳᠠᠭ᠎ᠠ ᠪᠤᠷᠤᠭᠤ  ᠶᠢ ᠨᠢ ᠲᠣᠪᠴᠢ ᠲᠣᠳᠣᠷᠬᠠᠶ  ᠪᠠᠷ ᠵᠢᠭᠠᠨ ᠭᠠᠷᠭᠠᠭᠰᠠᠨ  ᠤ ᠳᠠᠷᠠᠭ᠎ᠠ ᠰᠠᠶ᠋ᠢ ᠰᠤᠷᠭᠠᠨ ᠬᠥᠮᠦᠵᠢᠭᠦᠯᠪᠡᠯ ᠵᠣᠬᠢᠨ᠎ᠠ ᠃ ᠪᠠᠰᠠ ᠬᠠᠯᠲᠤᠰᠬᠢᠪᠡᠯ ᠬᠡᠤᠬᠡᠳ  ᠤᠨ ᠢᠶᠠᠨ ᠬᠠᠭᠤᠴᠢᠨ ᠳᠠᠩᠰᠠ  ᠪᠠᠨ ᠤᠷᠪᠠᠭᠤᠯᠵᠤ ᠂ ᠪᠤᠷᠤᠭᠤ  ᠶᠢ ᠨᠢ ᠬᠦᠯᠢᠶᠡᠯᠭᠡᠵᠦ ᠂ ᠵᠠᠬᠢᠷᠤᠨ ᠰᠤᠷᠭᠠᠬᠤ  ᠶᠢ ᠵᠥᠪᠰᠢᠶᠡᠷᠡᠬᠦ ᠦᠭᠡᠢ ᠃    ᠬᠡᠦᠬᠡᠳ  ᠤᠨ  ᠢᠶᠠᠨ ᠨᠡᠷ᠎ᠡ ᠬᠦᠨᠳᠦ  ᠶᠢ ᠬᠦᠨᠳᠦᠳᠬᠡᠨ᠎ᠠ   ᠪᠤᠰᠤᠳ  ᠤᠨ ᠡᠮᠦᠨ᠎ᠡ ᠬᠡᠦᠬᠡᠳ  ᠢ ᠰᠢᠭᠦᠮᠵᠢᠯᠡᠵᠦ ᠪᠣᠯᠬᠤ ᠦᠭᠡᠢ ᠂ ᠨᠡᠩ ᠴᠤ ᠬᠡᠦᠬᠡᠳ  ᠢᠶᠠᠨ ᠬᠠᠮᠲᠤ ᠰᠤᠷᠤᠭᠴᠢ ᠵᠢᠴᠢ ᠪᠠᠭᠰᠢ  ᠶᠢᠨ ᠡᠮᠦᠨ᠎ᠡ ᠵᠣᠳᠣᠵᠤ ᠬᠠᠷᠢᠶᠠᠵᠤ ᠪᠣᠯᠬᠤ ᠦᠭᠡᠢ ᠃ ᠲᠣᠮᠣ ᠬᠥᠮᠦᠨ ᠴᠤ ᠬᠦᠨᠳᠦᠳᠬᠡᠭᠳᠡᠬᠦ  ᠪᠠᠷ ᠪᠠᠷᠠᠬᠤ ᠦᠭᠡᠢ ᠂ ᠬᠡᠦᠬᠡᠳ ᠴᠦ ᠬᠦᠨᠳᠦᠳᠬᠡᠭᠳᠡᠬᠦ ᠴᠢᠬᠤᠯᠠ  ᠲᠠᠢ ᠂ ᠬᠡᠦᠬᠡᠳ  ᠤᠨ ᠳᠣᠲᠣᠭᠠᠳᠤ ᠰᠡᠳᠬᠢᠯ ᠨᠢ ᠪᠢᠳᠡᠨ  ᠤ ᠪᠣᠳᠣᠵᠤ ᠪᠠᠶᠢᠬᠤ  ᠠᠴᠠ ᠨᠡᠩ ᠢᠯᠡᠭᠦᠦ ᠡᠮᠵᠡᠭ ᠵᠥᠭᠡᠯᠡᠨ ᠪᠠᠶᠢᠳᠠᠭ ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号