ᠬᠤᠷᠴᠢᠨ ᠠᠴᠠ ᠲᠡᠬᠦᠯᠢᠬᠡ ᠱᠤᠩᠬᠤᠷ ᠤᠷᠠᠯᠢᠭ ᠢᠶᠠᠷ ᠳᠠᠭᠤᠷᠢᠰᠤᠭᠠ ᠬᠠᠮᠲᠤᠯᠢᠬ | | ᠊᠊᠊᠊᠊᠊᠊᠊᠊᠊᠊᠊᠊ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ | ᠤᠯᠠᠭᠠᠨᠮᠦ᠋ᠴᠢᠷ ᠤᠨ ︽ᠱᠤᠩᠬᠤᠷ︾ ᠬᠠᠮᠲᠤᠯᠢᠭ ᠢ ᠲᠡᠮᠲᠡᠭᠯᠡᠪᠡ | | | | | | | | | | ᠤᠢᠢᠷ᠎ᠠ ᠶᠢᠨ ᠬᠡᠳᠦᠨ ᠵᠢᠯ ᠳᠤ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠤᠯᠠᠭᠠᠨᠮᠦ᠋ᠴᠢᠷ ᠤᠨ ᠨᠢᠬᠡ | ᠪᠦᠯᠦᠭ ᠲᠤᠰᠬᠠᠢ ᠮᠡᠷᠭᠡᠵᠢᠯ ᠤᠨ ᠤᠷᠠᠯᠢᠭᠴᠢᠨ ᠵᠠᠯᠠᠭᠤᠴᠤᠳ ᠢᠶᠠᠷ ᠪᠦᠷᠢᠯᠳᠦᠭᠰᠡᠨ ︽ᠱᠤᠩᠬᠤᠷ ᠬᠠᠮᠲᠤᠯᠢᠬ︾ ᠨᠢ | ᠤᠷᠠᠯᠢᠭ ᠤᠨ ᠲᠠᠶᠢᠰᠠᠨ ᠳᠤ ᠰᠢᠨ᠎ᠠ ᠤᠳᠤ ᠪᠤᠯᠤᠨ ᠬᠢᠯᠠᠯᠵᠠᠨ ᠪᠠᠶᠢᠭ᠎ᠠ ᠶᠢ ᠤᠷᠠᠯᠢᠭ ᠰᠤᠨᠢᠷᠬᠠᠳᠠᠭ ᠬᠦᠮᠦᠰ ᠶᠠᠭᠤᠨ | ᠠᠨᠳᠠᠬᠤ ᠪᠢᠯᠠ⁈ ᠲᠤᠰ ᠬᠠᠮᠲᠤᠯᠢᠭ ᠨᠢ ᠴᠤᠭᠤᠷ᠂ ᠮᠤᠷᠢᠨ ᠬᠤᠭᠤᠷ᠂ ᠳᠦᠷᠪᠡᠨ ᠤᠳᠠᠰᠤᠲᠤ ᠬᠤᠭᠤᠷ᠂ | ᠲᠤᠪᠰᠢᠭᠤᠷ ᠵᠡᠷᠭᠡ ᠮᠤᠩᠭᠤᠯ ᠦᠨᠳᠦᠰᠦᠲᠡᠨ ᠤ ᠬᠦᠭᠵᠢᠮᠳᠡᠬᠦᠷ ᠢᠶᠠᠷ ᠬᠤᠷᠴᠢᠨ ᠠᠷᠠᠳ ᠤᠨ ᠳᠠᠭᠤᠤ᠂ ᠦᠯᠢᠬᠡᠷ | ᠬᠤᠯᠪᠤᠭ᠎ᠠ ᠵᠡᠷᠭᠡ ᠪᠠᠨ ᠢᠵᠠᠭᠤᠷ ᠤᠷᠠᠯᠢᠭ ᠤᠨ ᠬᠡᠯᠪᠡᠷᠢ ᠪᠠᠷ ᠭᠤᠴᠤ ᠰᠠᠶᠢᠬᠠᠨ ᠢᠯᠡᠳᠭᠡᠨ ᠬᠠᠷᠠᠭᠤᠯᠳᠠᠭ ᠢᠶᠠᠷ ᠢᠶᠠᠨ | ᠦᠵᠡᠭᠴᠢ ᠲᠦᠮᠡᠨ ᠤ ᠪᠠᠨ ᠪᠠᠭ᠋ᠠᠷᠬᠠᠯ ᠢ ᠲᠠᠲᠠᠭᠰᠠᠭᠠᠷ ᠶᠠᠪᠤᠨ᠎ᠠ᠃ ᠬᠡᠷᠪᠡ ᠲᠠ ᠢᠳᠡᠭᠡᠬᠦ ᠦᠬᠡᠢ ᠪᠤᠯ ᠲᠡᠳᠡᠨ ᠤ ︽ | ᠭᠠᠶᠢᠬᠠᠮᠰᠢᠭᠲᠤ ᠱᠤᠩᠬᠤᠷ︾᠂ ︽ᠲᠠᠶᠠ ᠪᠦᠬᠡᠷ᠎ᠡ︾᠂ ︽ᠬᠦᠰᠡᠯ ᠪᠢᠯᠬᠠᠭᠰᠠᠨ ᠲᠠᠯ᠎ᠠ ᠨᠤᠲᠤᠭ︾᠂ ︽ | ᠤᠭ᠍ᠶᠤᠨᠽᠠᠨᠳᠠᠨ︾᠂ ︽ᠳ᠋ᠥ᠋ᠩ ᠱᠠᠨ ᠭᠡ ᠭᠡ︾᠂ ︽ᠳᠤᠮᠳᠠᠳᠤ ᠶᠢᠨ ᠮᠤᠷᠢᠨ ᠸᠠᠩ ᠤᠨ ᠮᠠᠭᠲᠠᠭᠠᠯ︾ ᠵᠡᠷᠭᠡ | ᠭᠤᠴᠤ ᠲᠤᠭᠯᠠᠯᠳᠠ ᠠᠴᠠ ᠨᠢ ᠰᠤᠨᠢᠷᠬᠠᠭᠠᠳ ᠠᠪ᠂ ᠰᠤᠨᠤᠰᠤᠭᠠᠳ ᠦᠵᠡ︕ ᠰᠡᠳᠬᠢᠯ ᠢ ᠴᠢᠨᠢ ᠬᠦᠭᠰᠡᠬᠦᠯᠵᠦ᠂ | ᠰᠦᠨᠡᠰᠦ ᠶᠢ ᠴᠢᠨᠢ ᠲᠦᠬᠡᠷᠢᠬᠦᠯᠦᠨᠡ︔ ᠤᠶᠤᠨ ᠢ ᠴᠢᠨᠢ ᠤᠮᠳᠠᠯᠠᠵᠦ᠂ ᠤᠬᠠᠭᠠᠨ ᠢ ᠴᠢᠨᠢ ᠳᠤᠩᠭᠠᠯᠠᠭᠰᠢᠭᠤᠯᠤᠨᠠ᠃ | ᠲᠡᠭᠡᠪᠡᠯ ᠲᠡᠳᠡᠨ ᠤ ᠲᠤᠭᠯᠠᠯᠳᠠ ᠶᠠᠭᠠᠬᠢᠬᠤ ᠳᠤ ᠪᠠᠨ ᠲᠡᠶᠢᠮᠦ ᠷᠢᠳᠢ ᠰᠢᠳᠢ ᠲᠠᠢ ᠪᠠᠶᠢᠳᠠᠭ ᠪᠤᠯ︖ ᠤᠴᠢᠷ ᠨᠢ | ᠲᠡᠳᠡ ᠲᠡᠳᠡᠭᠡᠷ ᠤᠤᠯ ᠳᠠᠭᠤᠤ ᠶᠢᠨ ᠬᠢᠨ ᠠᠶ᠎ᠠ ᠬᠦᠭᠵᠢᠮ᠂ ᠦᠬᠡ ᠰᠢᠯᠦᠭ ᠁ ᠪᠦᠬᠦ ᠵᠦᠢᠯ ᠳᠡᠭᠡᠷ᠎ᠡ ᠨᠢ | ᠦᠪᠡᠷ ᠤᠨ ᠭᠡᠬᠦ ᠬᠦᠴᠦ ᠬᠦᠳᠡᠯᠮᠦᠷᠢ᠂ ᠤᠶᠤᠨ ᠤᠬᠠᠭᠠᠨ᠂ ᠤᠷ᠎ᠠ ᠠᠪᠢᠶᠠᠰ ᠢᠶᠠᠨ ᠰᠢᠬᠢᠳᠭᠡᠭᠰᠡᠨ ᠳᠤ ᠤᠷᠤᠰᠢᠨ᠎ᠠ | ᠃ ᠶᠠᠭ ᠡᠶᠢᠮᠦ ᠠᠴᠠ ᠲᠡᠳᠡᠭᠡᠷ ᠦᠨᠳᠦᠰᠦᠲᠡᠨ ᠤ ᠤᠷᠠᠯᠢᠭ ᠰᠤᠶᠤᠯ ᠳᠤ ᠪᠠᠨ ᠤᠴᠢᠷ ᠦᠬᠡᠢ ᠶᠡᠭᠡ ᠬᠠᠶᠢᠷᠠᠲᠠᠢ | ᠶᠠᠪᠤᠭ᠎ᠠ ᠬᠦᠮᠦᠰ ᠲᠠᠢ ᠲᠠᠨᠢᠯᠴᠠᠵᠦ᠂ ᠲᠡᠳᠡᠨ ᠤ ᠲᠤᠬᠠᠢ ᠰᠤᠷᠪᠤᠯᠵᠢᠯᠠᠶᠤ ᠭᠡᠰᠡᠨ ᠬᠦᠰᠡᠯ 2021 ᠤᠨ ᠤ | ᠠᠷᠭ᠎ᠠ ᠶᠢᠨ ᠤᠯᠠᠷᠢᠯ ᠤᠨ 1 ᠰᠠᠷ᠎ᠠ ᠶᠢᠨ 15 ᠤ ᠤᠷᠤᠢ᠂ ︽ᠱᠤᠩᠬᠤᠷ ᠬᠠᠮᠲᠤᠯᠢᠬ︾ ᠬᠤᠷᠴᠢᠨ ᠤ ᠳᠠᠭᠤᠤ | ᠬᠦᠭᠵᠢᠮ ᠤᠨ ᠰᠢᠭᠤᠳ ᠨᠡᠪᠲᠡᠷᠡᠬᠦᠯᠬᠡ ᠳᠤ ᠠᠩᠬ᠎ᠠ ᠤᠳᠠᠭ᠎ᠠ ᠪᠠᠨ ᠤᠷᠢᠭᠳᠠᠨ ᠤᠷᠤᠯᠴᠠᠭᠰᠠᠨ ᠢᠶᠠᠷ ᠪᠡᠶᠡᠯᠡᠯ ᠢᠶᠠᠨ | ᠤᠯᠤᠭᠰᠠᠨ ᠶᠤᠮ᠃ | ᠊᠊᠊᠊᠊᠊ ᠮᠠᠨ ᠤ ︽ᠱᠤᠩᠬᠤᠷ ᠬᠠᠮᠲᠤᠯᠢᠬ︾ 2014 ᠤᠨ ᠳᠤ ᠪᠠᠶᠢᠭᠤᠯᠤᠭᠳᠠᠵᠠᠢ᠂ 10 ᠡᠷᠡᠭᠲᠡᠢ᠂ 2 ᠡᠮᠡᠭᠲᠡᠢ | ᠨᠡᠶᠢᠲᠡ 12 ᠬᠡᠰᠢᠬᠦᠨ ᠲᠠᠢ᠃ ᠪᠢᠳᠡ ᠪᠦᠬᠦᠳᠡᠬᠡᠷ ᠢᠶᠠᠨ ᠪᠦᠷ ᠤᠯᠠᠭᠠᠨᠮᠦ᠋ᠴᠢᠷ ᠤᠨ ᠢᠶᠠᠨ ᠬᠦᠭᠵᠢᠮ ᠤᠨ | ᠪᠦᠯᠬᠦᠮ ᠤᠨ ᠬᠡᠰᠢᠬᠦᠨ᠃ ᠮᠠᠨ ᠤ ᠡᠳᠡᠭᠡᠷ ᠬᠦᠮᠦᠰ ᠤᠨ ᠤᠯᠠᠭᠠᠨᠮᠦ᠋ᠴᠢᠷ ᠲᠤ ᠢᠷᠡᠵᠦ ᠠᠵᠢᠯᠯᠠᠭᠰᠠᠨ ᠴᠠᠭ ᠨᠢ | ᠪᠠᠰᠠ ᠬᠤᠭᠤᠷᠤᠨᠳᠦ ᠪᠠᠨ ᠳᠡᠮᠡᠢ ᠵᠦᠷᠢᠬᠦ ᠦᠬᠡᠢ ᠪᠦᠬᠡᠳ ᠠᠯᠢ ᠨᠢᠬᠡᠨ ᠤ ᠬᠢᠨᠢ ᠶᠠᠮᠠᠷ ᠶᠠᠪᠤᠳᠠᠯ ᠲᠠᠢ ᠪᠤᠯ | ᠪᠦᠬᠦᠳᠡᠭᠡᠷ ᠢᠶᠠᠨ ᠬᠦᠳᠡᠯᠦᠯᠴᠡᠵᠦ ᠰᠢᠢᠳᠪᠦᠷᠢᠯᠡᠳᠡᠭ ᠰᠠᠶᠢᠨ ᠨᠠᠶᠢᠵᠠ ᠨᠠᠷ᠃ ᠶᠠᠭ ᠲᠡᠶᠢᠮᠦ ᠪᠠᠷ ᠢᠶᠠᠨ | ᠪᠦᠬᠦᠳᠡᠭᠡᠷ ᠢᠶᠠᠨ ᠬᠠᠮᠲᠤᠷᠠᠵᠦ ᠪᠠᠶᠢᠭᠠᠳ ᠬᠤᠷᠴᠢᠨ ᠤ ᠤᠷᠠᠯᠢᠭ ᠰᠤᠶᠤᠯ ᠢᠶᠠᠨ ᠰᠢᠨ᠎ᠡ ᠨᠢᠬᠡ ᠬᠡᠯᠪᠡᠷᠢ ᠪᠠᠷ | ᠬᠦᠮᠦᠰ ᠲᠤ ᠲᠠᠨᠢᠭᠤᠯᠤᠶ᠎ᠠ ᠭᠡᠬᠦ ᠵᠤᠷᠢᠯᠭ᠎ᠠ ᠪᠠᠷ ᠨᠢᠬᠡᠲᠦᠯᠲᠡᠢ ᠵᠦᠪᠳᠡᠨ ᠲᠤᠬᠢᠷᠠᠭᠰᠠᠨ ᠢᠶᠠᠷ ᠮᠠᠨ ᠤ ᠬᠠᠮᠲᠤᠯᠢᠬ | ᠪᠠᠶᠢᠭᠤᠯᠤᠭᠳᠠᠭᠰᠠᠨ ᠶᠤᠮ᠃ ᠬᠠᠮᠲᠤᠯᠢᠭ ᠤᠨ ᠢᠶᠠᠨ ᠨᠡᠷ᠎ᠡ ᠶᠢᠨ ᠬᠤᠪᠢ ᠳᠤ᠂ ᠱᠤᠩᠬᠤᠷ ᠭᠡᠳᠡᠭ ᠨᠡᠷ᠎ᠡ ᠶᠢ | ᠠᠪᠤᠭᠰᠠᠨ ᠨᠢ ᠡᠶᠢᠮᠦ ᠬᠤᠶᠠᠷ ᠲᠠᠯ᠎ᠠ ᠶᠢᠨ ᠠᠭᠤᠯᠭ᠎ᠠ ᠲᠠᠢ᠃ ᠨᠢᠬᠡ ᠳᠤ᠂ ᠱᠤᠩᠬᠤᠷ ᠭᠡᠳᠡᠭ ᠨᠢ ᠲᠠᠯ᠎ᠠ ᠨᠤᠲᠤᠭ ᠲᠤ | ᠡᠷᠬᠡ ᠳᠤᠷ᠎ᠠ ᠪᠠᠷ ᠠᠮᠢᠳᠤᠷᠠᠳᠠᠭ᠂ ᠤᠷᠤᠰᠢᠨ ᠲᠤᠭᠲᠠᠨᠢᠬᠤ ᠴᠢᠳᠠᠪᠤᠷᠢ ᠲᠤᠩ ᠴᠢᠩᠭ᠎ᠠ ᠨᠢᠬᠡ ᠵᠦᠢᠯ ᠤᠨ | ᠰᠢᠪᠠᠭᠤ ᠶᠢᠨ ᠨᠡᠷ᠎ᠡ᠃ ᠪᠠᠰᠠ ᠨᠢᠬᠡ ᠨᠢ᠂ ᠮᠠᠨ ᠤ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠳᠤ ᠬᠤᠯᠠ | ᠤᠢᠢᠷ᠎ᠠ ᠳᠤ ᠪᠠᠨ ᠠᠯᠳᠠᠷᠰᠢᠵᠦ᠂ ᠱᠤᠩᠬᠤᠷ ᠰᠢᠪᠠᠭᠤ ᠶᠢᠨ ᠲᠤᠮᠤᠭ ᠲᠠᠢ᠂ ᠬᠤᠷᠴᠢᠨ ᠨᠤᠲᠤᠭ ᠤᠨ ᠢᠶᠠᠨ ᠰᠦᠯᠳᠡ | ᠪᠤᠯᠤᠭᠰᠠᠨ ᠱᠤᠩᠬᠤᠷ ᠤᠨ ᠠᠭᠤᠯᠠ ᠪᠤᠢ᠃ ᠶᠠᠭ ᠲᠡᠶᠢᠮᠦ ᠪᠠᠷ ᠢᠶᠠᠨ ᠪᠢᠳᠡ ᠡᠷᠡᠯᠬᠡᠭ ᠱᠤᠩᠬᠤᠷ ᠤᠨ ᠵᠤᠷᠢᠭ ᠢ | ᠡᠪᠦᠷᠯᠡᠵᠦ᠂ ᠦᠨᠳᠦᠷ ᠠᠭᠤᠯᠠ ᠶᠢᠨ ᠢᠶᠠᠨ ᠰᠦᠷ ᠲᠤ ᠨᠢ ᠰᠢᠲᠦᠵᠦ ︽ᠱᠤᠩᠬᠤᠷ︾ ᠭᠡᠬᠦ ᠡᠨᠡ ᠨᠡᠷ᠎ᠡ ᠶᠢ | ᠠᠪᠤᠭᠰᠠᠨ ᠶᠤᠮ ᠭᠡᠵᠦ ᠬᠠᠮᠲᠤᠯᠢᠭ ᠤᠨ ᠠᠬᠠᠯᠠᠭᠴᠢ ᠠᠯᠳᠠᠷᠲᠤ ᠰᠤᠷᠪᠤᠯᠵᠢᠯᠠᠭ᠎ᠠ ᠬᠦᠯᠢᠶᠡᠬᠦ ᠳᠤ ᠪᠠᠨ ᠡᠶᠢᠨ ᠬᠦ | ᠲᠠᠨᠢᠯᠴᠠᠭᠤᠯᠪᠠ᠃ | ᠬᠠᠮᠲᠤᠯᠢᠬ ᠭᠡᠭᠴᠢ ᠨᠢ ᠤᠯᠠᠨ ᠬᠦᠮᠦᠨ ᠬᠠᠮᠳᠤᠷᠠᠨ ᠪᠠᠶᠢᠵᠦ ᠨᠢᠬᠡ ᠠᠵᠢᠯ ᠢ ᠪᠡᠶᠡᠯᠡᠬᠦᠯᠳᠡᠭ ᠪᠤᠯᠬᠤᠷ ᠰᠠᠨᠠᠯ | ᠪᠤᠳᠤᠯ ᠢᠶᠠᠨ ᠨᠢᠭᠡᠳᠭᠡᠬᠦ᠂ ᠬᠦᠴᠦ ᠪᠠᠨ ᠲᠦᠪᠯᠡᠷᠡᠬᠦᠯᠬᠦ ᠳᠡᠭᠡᠷ᠎ᠡ ᠰᠠᠶᠢᠲᠤᠷ ᠠᠵᠢᠯᠯᠠᠵᠦ ᠴᠢᠳᠠᠪᠠᠯ ᠰᠠᠶ᠋ᠢ | ᠠᠮᠵᠢᠯᠲᠠ ᠳᠤ ᠬᠦᠷᠴᠦ ᠴᠢᠳᠠᠳᠠᠭ ᠨᠢ ᠮᠡᠳᠡᠭᠡᠵᠢ᠃ ᠭᠡᠬᠦ ᠳᠤ ᠪᠠᠨ ︽ᠱᠤᠩᠬᠤᠷ ᠬᠠᠮᠲᠤᠯᠢᠬ︾ ᠤᠨ ᠪᠦᠬᠦ | ᠬᠡᠰᠢᠬᠦᠨ ᠨᠢ ᠪᠦᠬᠦᠨ ᠢᠶᠠᠷ ᠢᠶᠠᠨ ᠨᠢᠬᠡ ᠳᠤ ᠮᠡᠷᠭᠡᠰᠢᠵᠦ ᠤᠯᠠᠨ ᠳᠤ ᠴᠠᠭᠠᠷᠠᠭᠰᠠᠨ ᠲᠤᠰᠬᠠᠢ ᠮᠡᠷᠭᠡᠵᠢᠯ ᠤᠨ | ᠲᠤᠭᠯᠠᠭᠴᠢ ᠪᠤᠯᠬᠤᠷ ᠪᠢᠴᠢᠬᠦ᠂ ᠳᠠᠭᠤᠯᠠᠬᠤ᠂ ᠬᠦᠭᠵᠢᠮᠳᠡᠬᠦ᠂ ᠪᠦᠵᠢᠭᠯᠡᠬᠦ ᠵᠡᠷᠭᠡ ᠤᠯᠠᠨ ᠲᠠᠯ᠎ᠠ ᠶᠢᠨ ᠴᠢᠳᠠᠪᠤᠷᠢ ᠶᠢ | ᠢᠵᠢ ᠪᠦᠷᠢᠳᠦᠬᠦᠯᠦᠭᠰᠡᠨ ᠬᠦᠮᠦᠰ ᠪᠠᠶᠢᠵᠦ᠂ ᠪᠦᠬᠦᠳᠡᠭᠡᠷ ᠢᠶᠠᠨ ᠦᠪᠡᠷ ᠦᠪᠡᠷ ᠤᠨ ᠴᠢᠳᠠᠳᠠᠭ ᠤᠷ᠎ᠠ ᠠᠪᠢᠶᠠᠰ | ᠪᠦᠬᠦᠨ ᠢᠶᠠᠨ ᠭᠠᠷᠭᠠᠵᠦ ᠪᠠᠶᠢᠭᠠᠳ ᠨᠢᠬᠡ ᠲᠤᠭᠯᠠᠯᠳᠠ ᠶᠢ ᠪᠡᠶᠡᠯᠡᠬᠦᠯᠳᠡᠭ᠃ ᠶᠠᠭᠠᠬᠢᠪᠠᠯ ᠲᠡᠷᠡ ᠳᠠᠭᠤᠤ ᠶᠢ ᠨᠡᠩ | ᠡᠪᠯᠢᠭ ᠰᠤᠨᠤᠰᠪᠤᠷᠢᠲᠠᠢ ᠪᠤᠯᠭᠠᠵᠦ ᠴᠢᠳᠠᠬᠤ ᠪᠤᠢ︖ ᠶᠠᠭᠠᠬᠢᠵᠦ ᠠᠵᠢᠯᠯᠠᠪᠠᠯ ᠡᠨᠡ ᠠᠶ᠎ᠠ ᠶᠢ ᠤᠯᠠᠮ ᠢᠳᠡᠯᠢᠭ | ᠬᠦᠭᠵᠢᠮᠯᠢᠭ ᠪᠤᠯᠭᠠᠵᠦ ᠳᠡᠶᠢᠯᠬᠦ ᠪᠤᠢ︖ ᠲᠡᠳᠡ ᠬᠤᠭᠤᠷᠤᠨᠳᠦ ᠪᠠᠨ ᠵᠦᠪᠳᠡᠯᠴᠡᠨ᠎ᠡ᠂ ᠪᠤᠯᠢᠶᠠᠯᠳᠤᠨ᠎ᠠ᠂ | ᠮᠠᠷᠭᠤᠯᠳᠤᠨ᠎ᠠ᠃ ᠵᠠᠷᠢᠮ ᠳᠤ ᠪᠠᠨ ᠨᠢᠬᠡ ᠠᠶ᠎ᠠ ᠶᠢᠨ ᠨᠤᠭᠤᠯᠤᠭᠠᠰᠤ ᠶᠢ ᠵᠠᠰᠠᠬᠤ ᠶᠢᠨ ᠲᠦᠯᠦᠬᠡ᠂ ᠨᠢᠬᠡ ᠳᠠᠭᠤᠤ ᠶᠢᠨ | ᠬᠦᠭᠵᠢᠮ ᠢ ᠨᠢ ᠦᠬᠡᠷᠡᠴᠢᠯᠡᠬᠦ ᠶᠢᠨ ᠲᠦᠯᠦᠬᠡ ᠬᠡᠳᠦᠬᠦᠯᠡ ᠶᠢᠨ ᠰᠠᠨᠠᠯ ᠪᠤᠳᠤᠯ ᠬᠤᠭᠤᠷᠤᠨᠳᠦ ᠪᠠᠨ ᠵᠦᠷᠢᠶᠡᠨ ᠲᠠᠢ | ᠪᠤᠯᠵᠦ ᠰᠢᠷᠦᠬᠦᠨ ᠮᠠᠷᠭᠤᠯᠳᠤᠨ᠎ᠠ᠃ ᠭᠡᠬᠦ ᠳᠤ ᠪᠠᠨ ᠭᠡᠨ ᠨᠢᠬᠡᠨ ᠤ ᠬᠤᠪᠢ ᠶᠢᠨ ᠠᠰᠢᠭ ᠲᠤᠰᠠ ᠶᠢᠨ ᠲᠦᠯᠦᠬᠡ | ᠪᠢᠰᠢ᠂ ᠬᠠᠷᠢᠨ ᠬᠠᠮᠲᠤᠯᠢᠬ ᠤᠨ ᠢᠶᠠᠨ ᠨᠡᠷ᠎ᠡ ᠲᠦᠷᠦ᠂ ᠨᠦᠯᠦᠬᠡᠯᠡᠬᠦ ᠬᠦᠴᠦᠨ ᠤ ᠲᠦᠯᠦᠬᠡ ᠪᠤᠯᠬᠤᠷ | ᠬᠤᠭᠤᠷᠤᠨᠳᠤᠬᠢ ᠬᠠᠷᠢᠴᠠᠭ᠎ᠠ ᠪᠠᠨ ᠤᠭᠲᠤ ᠨᠦᠯᠦᠬᠡᠯᠡᠳᠡᠭ ᠦᠬᠡᠢ᠃ ᠠᠷᠪᠠᠨ ᠬᠤᠶᠠᠷ ᠬᠦᠮᠦᠨ ᠤ ᠪᠤᠳᠤᠯ ᠰᠡᠳᠬᠢᠯ | ᠨᠢᠬᠡ ᠯᠠ ᠴᠡᠭ ᠲᠤ ᠲᠦᠪᠯᠡᠷᠡᠵᠦ᠂ ᠠᠷᠪᠠᠨ ᠬᠤᠶᠠᠷ ᠬᠦᠮᠦᠨ ᠤ ᠤᠬᠠᠭᠠᠨ ᠨᠢᠬᠡ ᠯᠠ ᠵᠦᠭ ᠲᠤ ᠬᠦᠭᠯᠡᠵᠦ᠂ | ᠦᠪᠡᠷ ᠦᠪᠡᠷ ᠤᠨ ᠴᠢᠳᠠᠯ ᠤᠨ ᠬᠢᠷᠢ ᠪᠠᠷ ᠢᠶᠠᠨ ᠴᠢᠷᠮᠠᠶᠢᠨ ᠠᠵᠢᠯᠯᠠᠨ᠎ᠠ᠃ ᠬᠠᠮᠲᠤᠯᠢᠬ ᠤᠨ ᠴᠢᠬᠤᠯᠠᠴᠢᠯᠠᠭ᠎ᠠ ᠠᠴᠠ | ᠪᠤᠯᠵᠦ ᠵᠠᠷᠢᠮ ᠨᠢ ᠮᠤᠷᠢᠨ ᠬᠤᠭᠤᠷ ᠰᠤᠷᠤᠭᠰᠠᠨ ᠪᠤᠯᠪᠠᠴᠤ ᠬᠡᠨᠭᠭᠡᠷᠭᠡᠴᠢᠨ ᠲᠤᠪᠰᠢᠭᠤᠷᠴᠢᠨ ᠪᠤᠯᠵᠦ᠂ ᠵᠠᠷᠢᠮ ᠨᠢ | ᠬᠤᠯᠪᠤᠭ᠎ᠠ ᠬᠡᠯᠡᠳᠡᠭ ᠪᠤᠯᠪᠠᠴᠦ ᠪᠠᠰᠠ ᠮᠤᠷᠢᠨ ᠬᠤᠭᠤᠷ ᠲᠠᠲᠠᠳᠠᠭ ᠴᠤ ᠪᠤᠯᠪᠠ᠃ ᠪᠤᠰᠤᠳ ᠬᠦᠮᠦᠰ ᠴᠠᠭ ᠲᠤ ᠪᠠᠨ | ᠠᠵᠢᠯ ᠳᠤ ᠪᠠᠨ ᠭᠠᠷᠴᠦ ᠠᠵᠢᠯ ᠠᠴᠠ ᠪᠠᠨ ᠪᠠᠭᠤᠬᠤ ᠳᠤ᠂ ︽ᠱᠤᠩᠬᠤᠷ ᠬᠠᠮᠲᠤᠯᠢᠬ︾ ᠤᠨ ᠬᠢᠨ ᠲᠤᠭᠯᠠᠯᠳᠠ ᠪᠠᠨ | ᠪᠤᠯᠪᠠᠰᠤᠷᠠᠭᠠᠳ ᠦᠷ ᠴᠠᠶᠢᠯᠭᠠᠨ᠎ᠠ︔ ᠭᠠᠷᠠᠭ ᠤᠨ ᠡᠳᠦᠷ᠂ ᠠᠮᠠᠷᠠᠯᠳᠠ ᠶᠢᠨ ᠴᠠᠭ ᠢᠶᠠᠷ ᠴᠤ ᠭᠡᠰᠡᠨ ᠠᠩᠭ᠎ᠠ | ᠬᠡᠦᠬᠡᠳ ᠢᠶᠠᠨ ᠳᠠᠭᠠᠭᠤᠯᠤᠭᠠᠳ ᠰᠢᠷᠭᠠᠭᠤ ᠪᠤᠯᠪᠠᠰᠤᠷᠠᠳᠠᠭ ᠲᠡᠳᠡᠨ ᠳᠤ ᠤᠨᠳᠠᠵᠦ ᠠᠮᠠᠷᠠᠬᠤ᠂ ᠰᠡᠯᠡᠬᠦᠴᠡᠵᠦ | ᠵᠤᠭᠠᠴᠠᠬᠤ ᠵᠠᠪ ᠶᠡᠷᠦ ᠠᠴᠠ ᠬᠤᠮᠰᠠᠳᠠᠨᠠ᠃ ᠤᠴᠢᠷ ᠨᠢ ᠲᠡᠳᠡᠨ ᠤ ᠮᠦᠷᠦᠨ ᠳᠡᠭᠡᠷ᠎ᠡ ᠪᠤᠰᠤᠳ | ᠨᠦᠬᠦᠳ ᠠᠴᠠ ᠪᠠᠨ ᠢᠯᠡᠬᠦᠦ ᠨᠢᠬᠡ ᠠᠵᠢᠯ ᠡᠬᠦᠷᠭᠡ ᠲᠠᠯᠪᠢᠭᠳᠠᠵᠦ ᠪᠠᠶᠢᠳᠠᠭ᠂ ᠤᠴᠢᠷ ᠨᠢ ᠲᠡᠳᠡ ᠪᠤᠯ ︽ | ᠱᠤᠩᠬᠤᠷ ᠬᠠᠮᠲᠤᠯᠢᠬ︾ ᠤᠨ ᠬᠡᠰᠢᠬᠦᠳ᠃ ᠡᠨᠡ ᠬᠦ ᠤᠯᠠᠭᠠᠨᠮᠦ᠋ᠴᠢᠷ ᠬᠡᠮᠡᠬᠦ ᠬᠠᠶᠢᠷ᠎ᠠ ᠪᠢᠯᠬᠠᠭᠰᠠᠨ ᠲᠤᠮᠤ ᠭᠡᠷ | ᠪᠦᠯᠢ ᠶᠢᠨ ᠢᠶᠠᠨ ᠳᠤᠲᠤᠷᠠᠬᠢ ᠨᠢᠬᠡ ᠵᠢᠵᠢᠭ ᠭᠡᠷ ᠪᠦᠯᠢ ᠪᠤᠯᠤᠭᠰᠠᠨ ︽ᠱᠤᠩᠬᠤᠷ ᠬᠠᠮᠲᠤᠯᠢᠬ︾ ᠨᠢ | ᠦᠪᠡᠷ ᠤᠨ ᠢᠶᠠᠨ ᠬᠠᠮᠲᠤᠯᠢᠬ ᠤᠨ ᠢᠶᠠᠨ ᠨᠡᠷ᠎ᠡ ᠨᠢᠭᠤᠷ᠂ ᠤᠯᠠᠭᠠᠨᠮᠦ᠋ᠴᠢᠷ ᠤᠨ ᠢᠶᠠᠨ ᠨᠡᠷ᠎ᠡ ᠲᠦᠷᠦ᠂ ᠬᠤᠰᠢᠭᠤ | ᠨᠤᠲᠤᠭ ᠤᠨ ᠢᠶᠠᠨ ᠠᠯᠳᠠᠷ ᠨᠡᠷ᠎ᠡ ᠶᠢ ᠬᠠᠮᠲᠤ ᠳᠤ ᠨᠢ ᠡᠷᠬᠦᠵᠦ ᠶᠠᠪᠤᠬᠤ ᠬᠠᠲᠠᠭᠤ ᠠᠶᠠᠨ ᠳᠤ ᠨᠢᠬᠡᠨᠳᠡ ᠲᠦᠷᠦᠬᠡ | ᠵᠢᠬᠢᠨ ᠮᠤᠷᠳᠠᠴᠢᠬᠠᠭᠰᠠᠨ ᠪᠤᠯᠬᠤᠷ ᠶᠠᠭᠠᠬᠢᠭᠰᠠᠨ ᠴᠤ ᠭᠠᠷ ᠬᠤᠭᠤᠰᠤᠨ ᠭᠠᠨᠵᠤᠭ᠎ᠠ ᠲᠠᠲᠠᠭᠤ ᠪᠤᠴᠠᠵᠦ ᠪᠤᠯᠬᠤ | ᠦᠬᠡᠢ ᠭᠡᠳᠡᠭ ᠢ ᠲᠡᠳᠡᠭᠡᠷ ᠠᠷᠪᠠᠨ ᠬᠤᠶᠠᠷ ᠬᠦᠮᠦᠨ ᠳᠤᠲᠤᠷᠬᠠᠢ ᠮᠡᠳᠡᠵᠦ ᠪᠠᠶᠢᠯ᠎ᠠ᠃ ᠶᠠᠭ ᠲᠡᠶᠢᠮᠦ ᠪᠠᠷ ᠢᠶᠠᠨ ᠨᠢᠬᠡ | ᠰᠡᠳᠬᠢᠯ ᠭᠠᠭᠴᠠ ᠵᠤᠷᠢᠭ ᠢᠶᠠᠷ ᠤᠷᠤᠭᠰᠢ ᠪᠠᠨ ᠲᠡᠮᠡᠦᠯᠵᠦ᠂ ᠠᠷᠤ ᠭᠡᠷ᠂ ᠠᠳᠠᠯ ᠠᠮᠢᠳᠤᠷᠠᠯ᠂ ᠦᠯᠦᠬᠡᠢ ᠲᠠᠢ | ᠨᠢᠯᠬ᠎ᠠ ᠪᠠᠨ ᠬᠦᠷᠳᠡᠯ᠎ᠡ ᠠᠷᠤ ᠳᠤ ᠪᠠᠨ ᠬᠠᠶᠠᠵᠦ᠂ ᠠᠯᠤᠰ ᠬᠤᠯᠠ ᠭᠠᠵᠠᠷ ᠤᠳ ᠢᠶᠠᠷ ᠬᠡᠳᠦ ᠬᠡᠳᠦᠨ ᠬᠤᠨᠤᠭ ᠢᠶᠠᠷ | ᠲᠤᠭᠯᠠᠯᠳᠠ ᠭᠠᠷᠭᠠᠵᠦ ᠶᠠᠪᠤᠨ᠎ᠠ᠂ ᠤᠷᠤᠯᠳᠤᠭᠠᠨ ᠲᠡᠮᠡᠴᠡᠭᠡᠨ ᠳᠤ ᠤᠷᠤᠯᠴᠠᠨ᠎ᠠ᠃ | ᠬᠠᠷ᠎ᠠ ᠬᠦᠯᠦᠰᠦᠨ ᠤ ᠦᠵᠦᠬᠦᠷ ᠲᠤ ᠲᠠᠨ᠎ᠠ ᠰᠤᠪᠤᠳ ᠪᠦᠮᠪᠦᠷᠢᠵᠦ᠂ ᠬᠠᠲᠠᠭᠤ ᠴᠢᠷᠮᠠᠶᠢᠯᠭ᠎ᠠ ᠶᠢᠨ ᠳ᠋ᠦᠡᠭ ᠳᠤ | ᠦᠢᠯᠡᠰ ᠪᠦᠲᠦᠭᠡᠯ ᠰᠦᠮᠪᠦᠷᠯᠡᠳᠡᠭ ᠤᠴᠢᠷᠲᠠᠢ᠃ ᠬᠠᠮᠲᠤᠯᠢᠬ ᠪᠠᠶᠢᠭᠤᠯᠤᠭᠳᠠᠭᠰᠠᠨ ᠤᠬᠤᠷᠬᠠᠨ ᠬᠡᠳᠦᠨ ᠵᠢᠯ ᠤᠨ | ᠲᠤᠷᠰᠢ᠂ ᠲᠡᠳᠡ ᠪᠤᠰᠤᠳ ᠠᠴᠠ ᠬᠡᠳᠦ᠋ᠢᠳᠦᠭᠰᠡᠨ ᠬᠠᠲᠠᠭᠤ ᠴᠢᠷᠮᠠᠶᠢᠯᠭ᠎ᠠ ᠨᠠᠨᠳᠢᠨ ᠵᠢᠳᠬᠦᠯ ᠢᠶᠠᠷ ᠢᠶᠠᠨ ᠠᠯᠢ ᠤᠯᠠᠨ | ᠢᠷᠠᠭᠤ ᠠᠯᠳᠠᠷ ᠢᠶᠠᠷ ᠡᠩᠭᠡᠷ ᠢᠶᠠᠨ ᠮᠢᠯᠢᠶᠠᠯᠭᠠᠵᠦ ᠠᠮᠵᠢᠵᠠᠢ᠃ 2014 ᠤᠨ ᠤ 8 ᠰᠠᠷ᠎ᠠ ᠳᠤ ᠪᠤᠯᠤᠭᠰᠠᠨ ᠪᠦᠬᠦ | ᠤᠷᠤᠨ ᠤ ᠵᠢᠷᠭᠤᠳᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠲᠤ ᠤᠤᠭᠠᠯ ᠪᠦᠲᠦᠭᠡᠯ ︽ | ᠲᠠᠯ᠎ᠠ ᠨᠤᠲᠤᠭ ᠤᠨ ᠬᠦᠡᠭᠭᠡᠨ ᠮᠤᠷᠢᠲᠦ ᠴᠡᠷᠢᠭ︾ ᠢᠶᠠᠷ ᠵᠤᠬᠢᠶᠠᠨ ᠪᠦᠲᠦᠭᠡᠯᠬᠡ ᠶᠢᠨ ᠨᠢᠬᠡᠳᠦᠬᠡᠷ ᠳᠡᠰ ᠤᠨ ᠱᠠᠩᠨᠠᠯ | ᠪᠠ ᠲᠤᠭᠯᠠᠯᠳᠠ ᠶᠢᠨ ᠨᠢᠬᠡᠳᠦᠬᠡᠷ ᠲᠡᠰ ᠤᠨ ᠱᠠᠩᠨᠠᠯ ᠢ ᠬᠦᠷᠳᠡᠵᠡᠢ᠃ 2015 ᠤᠨ ᠪᠤᠯᠤᠨ 2016 ᠤᠨ ᠳᠤ | ᠬᠤᠶᠠᠷ ᠵᠢᠯ ᠳᠠᠷᠠᠭᠠᠯᠠᠨ ᠬᠢᠷᠢᠨ ᠮᠤᠵᠢ ᠶᠢᠨ ᠰᠢᠨ᠎ᠡ ᠵᠢᠯ ᠤᠨ ᠦᠳᠡᠰᠢᠯᠡᠭᠡ ᠳᠤ ᠤᠷᠢᠭᠳᠠᠨ ᠤᠷᠤᠯᠴᠠᠪᠠ᠃ 2017 | ᠤᠨ ᠤ 5 ᠰᠠᠷ᠎ᠠ ᠳᠤ᠂ ᠤᠯᠤᠰ ᠤᠨ ᠰᠤᠶᠤᠯ ᠤᠨ ᠶᠠᠮᠤᠨ ᠤ ᠤᠨᠴᠠ ᠤᠷᠢᠯᠭ᠎ᠠ ᠪᠠᠷ ᠦᠪᠦᠷ ᠮᠤᠩᠭᠤᠯ ᠤᠨ | ᠦᠪᠡᠷᠲᠡᠭᠡᠨ ᠵᠠᠰᠠᠬᠤ ᠤᠷᠤᠨ ᠢ ᠲᠦᠯᠦᠬᠡᠯᠡᠨ ︽ᠤᠯᠤᠰ ᠢᠶᠠᠨ ᠬᠠᠶᠢᠷᠠᠯᠠᠵᠦ ᠳᠤᠮᠳᠠᠳᠤ ᠶᠢᠨ ᠵᠡᠬᠦᠳᠦ ᠶᠢ | ᠲᠡᠷᠭᠡᠯᠰᠢᠬᠦᠯᠬᠦ︾ ᠪᠦᠬᠦ ᠤᠯᠤᠰ ᠤᠨ ᠪᠤᠯᠪᠠᠰᠤᠨ ᠲᠤᠰᠬᠤᠨ ᠪᠠᠯᠭᠠᠰᠤ ᠶᠢᠨ ᠤᠷᠠᠨ ᠰᠠᠶᠢᠬᠠᠨ ᠤ ᠦᠵᠡᠬᠦᠯᠬᠡ ᠳᠤ | ᠤᠷᠤᠯᠴᠠᠵᠠᠢ᠃ 2017 ᠤᠨ ᠤ 8 ᠰᠠᠷ᠎ᠠ ᠳᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ | ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠬᠡᠯᠡᠬᠦ ᠤᠷᠠᠨ ᠰᠠᠶᠢᠬᠠᠨ ᠤ ᠦᠵᠡᠬᠦᠯᠬᠡ ᠳᠤ ᠤᠷᠤᠯᠴᠠᠵᠠᠢ᠃ | 2018 ᠤᠨ ᠤ 8 ᠰᠠᠷ᠎ᠠ ᠳᠤ᠂ ᠠᠷᠪᠠᠨ ᠲᠠᠪᠤᠳᠤᠭᠠᠷ ᠬᠤᠭᠤᠴᠠᠭᠠᠨ ᠤ ᠳᠤᠮᠳᠠᠳᠤ ᠤᠯᠤᠰ • ᠦᠪᠦᠷ | ᠮᠤᠩᠭᠤᠯ ᠤᠨ ᠲᠠᠯ᠎ᠠ ᠨᠤᠲᠤᠭ ᠤᠨ ᠰᠤᠶᠤᠯ ᠤᠨ ᠨᠠᠶᠢᠷ ᠤᠨ ︽ᠲᠠᠯ᠎ᠠ ᠨᠤᠲᠤᠭ ᠢᠶᠠᠨ ᠳᠠᠭᠤᠯᠠᠶ᠎ᠠ︾ ᠠᠩᠬᠠᠳᠤᠭᠠᠷ | ᠬᠤᠭᠤᠴᠠᠭᠠᠨ ᠤ ᠦᠪᠦᠷ ᠮᠤᠩᠭᠤᠯ ᠤᠨ ᠤᠷᠠᠯᠢᠭ ᠤᠨ ᠪᠦᠯᠬᠦᠮ ᠤᠨ ᠤᠷᠤᠯᠳᠤᠭᠠᠨ ᠳᠤ ᠤᠤᠭᠠᠯ ᠪᠦᠲᠦᠭᠡᠯ ︽ | ᠭᠠᠶᠢᠬᠠᠮᠰᠢᠬᠲᠤ ᠱᠤᠩᠬᠤᠷ︾ ᠢᠶᠠᠷ ᠢᠶᠠᠨ ᠤᠷᠤᠯᠴᠠᠵᠦ᠂ ᠪᠦᠬᠦ ᠤᠷᠤᠨ ᠤ 300 ᠭᠠᠷᠤᠢ ᠬᠠᠮᠲᠤᠯᠢᠬ ᠤᠨ | ᠳᠤᠮᠳᠠ ᠠᠴᠠ ᠵᠤᠬᠢᠶᠠᠨ ᠪᠦᠲᠦᠭᠡᠯᠬᠡ ᠶᠢᠨ ᠨᠢᠬᠡᠳᠦᠬᠡᠷ ᠳᠡᠰ᠂ ᠲᠤᠭᠯᠠᠯᠳᠠ ᠶᠢᠨ ᠭᠤᠷᠪᠠᠳᠤᠭᠠᠷ ᠳᠡᠰ ᠤᠨ ᠱᠠᠩᠨᠠᠯ | ᠬᠦᠷᠳᠡᠵᠡᠢ᠃ 2018 ᠤᠨ ᠤ 10 ᠰᠠᠷ᠎ᠠ ᠳᠤ᠂ ︽ᠨᠢᠬᠡ ᠪᠦᠰᠡ ᠨᠢᠬᠡ ᠵᠠᠮ • ᠤᠪᠤᠭᠠᠨ ᠳᠡᠷᠭᠡᠳᠡᠬᠢ | ᠠᠭᠤᠯᠵᠠᠯᠳᠠ︾ ᠪᠦᠬᠦ ᠤᠷᠤᠨ ᠤ ᠠᠩᠬᠠᠳᠤᠭᠠᠷ ᠬᠤᠭᠤᠴᠠᠭᠠᠨ ᠤ ᠬᠤᠷᠴᠢᠨ ᠠᠷᠠᠳ ᠤᠨ ᠳᠠᠭᠤᠤ ᠶᠢᠨ | ᠤᠷᠤᠯᠳᠤᠭᠠᠨ ᠳᠤ ᠬᠤᠷᠴᠢᠨ ᠠᠷᠠᠳ ᠤᠨ ᠳᠠᠭᠤᠤ ︽ᠪᠤᠨᠳᠠᠷᠸᠠ ᠴᠡᠴᠡᠭ︾ ᠢᠶᠠᠷ ᠢᠶᠠᠨ ᠲᠤᠰᠬᠠᠢ ᠮᠡᠷᠭᠡᠵᠢᠯ ᠤᠨ | ᠳᠤᠭᠤᠢᠢᠯᠠᠩ ᠳᠤ ᠬᠤᠶᠠᠳᠤᠭᠠᠷ ᠳᠡᠰ ᠲᠤ ᠲᠤᠳᠤᠷᠠᠵᠠᠢ᠃ 2018 ᠤᠨ ᠤ 12 ᠰᠠᠷ᠎ᠠ ᠳᠤ ᠪᠤᠯᠤᠭᠰᠠᠨ ︽ᠨᠢᠬᠡ | ᠪᠦᠰᠡ ᠨᠢᠬᠡ ᠵᠠᠮ • ᠤᠪᠤᠭᠠᠨ ᠳᠡᠷᠭᠡᠳᠡᠬᠢ ᠠᠭᠤᠯᠵᠠᠯᠳᠠ︾ ᠪᠦᠬᠦ ᠤᠷᠤᠨ ᠤ ᠮᠤᠷᠢᠨ ᠬᠤᠭᠤᠷ ᠤᠨ | ᠤᠷᠤᠯᠳᠤᠭᠠᠨ ᠳᠤ ᠤᠤᠭᠠᠯ ᠪᠦᠲᠦᠭᠡᠯ ︽ᠬᠦᠰᠡᠯ ᠪᠢᠯᠬᠠᠭᠰᠠᠨ ᠲᠠᠯ᠎ᠠ ᠨᠤᠲᠤᠭ︾ ᠢᠶᠠᠷ ᠢᠶᠠᠨ ᠲᠤᠭᠯᠠᠯᠳᠠ ᠶᠢᠨ | ᠭᠤᠷᠪᠠᠳᠤᠭᠠᠷ ᠳᠡᠰ ᠤᠨ ᠱᠠᠩᠨᠠᠯ ᠬᠦᠷᠳᠡᠵᠡᠢ᠃ 2019 ᠤᠨ ᠳᠤ᠂ ︽ᠱᠤᠩᠬᠤᠷ︾ ᠬᠠᠮᠲᠤᠯᠢᠬ ᠨᠢ ᠦᠪᠡᠷᠲᠡᠭᠡᠨ | ᠵᠠᠰᠠᠬᠤ ᠤᠷᠤᠨ᠂ ᠬᠤᠲᠠ᠂ ᠬᠤᠰᠢᠭᠤᠨ ᠳᠡᠰ ᠤᠨ ᠭᠤᠷᠪᠠᠨ ᠲᠠᠯᠠᠪᠠᠢ ᠲᠤᠰᠬᠠᠢ ᠲᠤᠭᠯᠠᠯᠳᠠ ᠪᠠᠨ ᠠᠮᠵᠢᠯᠲᠠᠲᠠᠢ | ᠶᠠᠪᠤᠭᠳᠠᠭᠤᠯᠪᠠ᠃ 2020 ᠤᠨ ᠤ 8 ᠰᠠᠷ᠎ᠠ ᠳᠤ ᠨᠠᠢᠮᠠᠨ ᠮᠤᠵᠢ ᠤᠷᠤᠨ ᠤ ᠠᠩᠬᠠᠳᠤᠭᠠᠷ ᠬᠤᠭᠤᠴᠠᠭᠠᠨ ᠤ | ᠬᠤᠷᠴᠢᠨ ᠦᠯᠢᠬᠡᠷᠲᠦ ᠠᠷᠠᠳ ᠤᠨ ᠳᠠᠭᠤᠤ ᠶᠢᠨ ᠤᠷᠤᠯᠳᠤᠭᠠᠨ ᠳᠤ ᠰᠢᠨ᠎ᠡ ᠨᠠᠶᠢᠷᠠᠭᠤᠯᠤᠨ ᠵᠤᠬᠢᠶᠠᠭᠰᠠᠨ ︽ᠳᠠᠶᠠ | ᠪᠦᠬᠡᠷ᠎ᠡ︾ ᠪᠠᠷ ᠢᠶᠠᠨ ᠲᠤᠰᠬᠠᠢ ᠮᠡᠷᠭᠡᠵᠢᠯ ᠤᠨ ᠳᠤᠭᠤᠢᠢᠯᠠᠩ ᠤᠨ ᠨᠢᠬᠡᠳᠦᠬᠡᠷ ᠳᠡᠰ ᠲᠤ ᠲᠤᠳᠤᠷᠠᠵᠠᠢ᠃ 2020 | ᠤᠨ ᠤ 8 ᠰᠠᠷ᠎ᠠ ᠳᠤ᠂ ᠪᠦᠬᠦ ᠬᠤᠲᠠ ᠶᠢᠨ ᠤᠯᠠᠭᠠᠨᠮᠦ᠋ᠴᠢᠷ ᠤᠨ ᠤᠷᠠᠨ ᠰᠠᠶᠢᠬᠠᠨ ᠤ ᠬᠠᠷᠢᠭᠤ ᠮᠡᠳᠡᠬᠦᠯᠦᠯᠲᠡ ᠶᠢᠨ | ᠲᠤᠭᠯᠠᠯᠳᠠ ᠳᠤ ︽ᠱᠤᠩᠬᠤᠷ ᠬᠠᠮᠲᠤᠯᠢᠬ︾ ᠨᠢ ᠲᠤᠪᠤᠶᠢᠮ᠎ᠠ ᠬᠤᠪᠢ ᠨᠡᠮᠡᠷᠢ ᠦᠵᠡᠬᠦᠯᠦᠭᠰᠡᠨ ᠱᠠᠩᠨᠠᠯ ᠲᠤᠰᠴᠤ᠂ | ᠬᠤᠷᠴᠢᠨ ᠠᠷᠠᠳ ᠤᠨ ᠳᠠᠭᠤᠤ ︽ᠳ᠋ᠥ᠋ᠩ ᠱᠠᠨ ᠭᠡ ᠭᠡ︾ ᠪᠠᠷ ᠲᠤᠭᠯᠠᠯᠳᠠ ᠶᠢᠨ ᠨᠢᠬᠡᠳᠦᠬᠡᠷ ᠳᠡᠰ ᠤᠨ ᠱᠠᠩᠨᠠᠯ | ᠬᠦᠷᠳᠡᠵᠡᠢ᠃ ᠡᠳᠡᠭᠡᠷ ᠢᠷᠠᠭᠤ ᠠᠯᠳᠠᠷ᠂ ᠱᠠᠩᠨᠠᠯ ᠬᠦᠬᠢᠬᠦᠯᠦᠯ ᠤᠳ ᠲᠤ ︽ᠱᠤᠩᠬᠤᠷ︾ ᠬᠠᠮᠲᠤᠯᠢᠬ ᠤᠨ ᠪᠦᠬᠦ | ᠬᠡᠰᠢᠬᠦᠨ ᠤ ᠬᠠᠮᠲᠤᠯᠢᠭ ᠢᠶᠠᠨ ᠬᠡᠰᠡᠨ ᠬᠠᠯᠠᠭᠤᠨ ᠬᠠᠶᠢᠷ᠎ᠠ᠂ ᠤᠷᠠᠯᠢᠭ ᠢᠶᠠᠨ ᠬᠡᠰᠡᠨ ᠦᠨᠡᠨᠴᠢ ᠵᠢᠳᠬᠦᠯ ᠰᠢᠩᠭᠡᠭᠰᠡᠨ | ᠪᠠᠶᠢᠬᠤ ᠤᠴᠢᠷᠲᠠᠢ᠃ | ᠊᠊᠊᠊᠊᠊ ᠮᠠᠨ ᠤ ᠬᠠᠮᠲᠤᠯᠢᠬ ᠪᠠᠶᠢᠭᠤᠯᠤᠭᠳᠠᠭᠰᠠᠨ ᠠᠴᠠ ᠪᠠᠨ ᠠᠪᠤᠭᠠᠳ ᠦᠨᠦᠳᠦᠷ ᠤᠨ ᠡᠳᠦᠢ ᠲᠡᠳᠦᠢ | ᠠᠮᠵᠢᠯᠲᠠ ᠳᠤ ᠬᠦᠷᠦᠭᠰᠡᠨ ᠨᠢ ᠲᠡᠳᠡᠭᠡᠷ ᠤᠯᠠᠨ ᠬᠠᠯᠠᠭᠤᠨ ᠰᠡᠳᠬᠢᠯᠲᠦ ᠬᠦᠮᠦᠨ ᠤ ᠬᠠᠪᠰᠤᠷᠤᠯᠭ᠎ᠠ ᠳᠡᠮᠵᠢᠯᠬᠡ ᠠᠴᠠ | ᠰᠠᠯᠵᠦ ᠴᠢᠳᠠᠬᠤ ᠦᠬᠡᠢ ᠶᠤᠮ᠃ ᠮᠠᠨ ᠤ ᠭᠠᠵᠠᠷ ᠤᠷᠤᠨ ᠤ ᠨᠠᠮ ᠵᠠᠰᠠᠭ ᠤᠨ ᠤᠳᠤᠷᠢᠳᠤᠯᠭ᠎ᠠ᠂ ᠪᠠᠶᠢᠭᠤᠯᠭ᠎ᠠ ᠠᠴᠠ | ᠡᠬᠢᠯᠡᠬᠡᠳ ᠪᠢᠳᠡᠨ ᠢ ᠤᠳᠠᠭ᠎ᠠ ᠳᠠᠷᠠᠭᠠᠯᠠᠨ ᠬᠠᠯᠠᠭᠤᠨ ᠭᠠᠷ ᠢᠶᠠᠨ ᠰᠤᠩᠭᠠᠨ ᠬᠠᠪᠰᠤᠷᠤᠨ ᠳᠡᠮᠵᠢᠨ | ᠵᠤᠷᠢᠭᠵᠢᠭᠤᠯᠤᠭᠰᠠᠭᠠᠷ ᠢᠷᠡᠭᠰᠡᠨ ᠪᠦᠬᠡᠳ ᠨᠡᠩ ᠢᠯᠠᠩᠭᠤᠶ᠎ᠠ ︽ᠠᠨᠳᠠ︾ ᠬᠠᠮᠲᠤᠯᠢᠬ ᠤᠨ ᠪᠠᠭᠰᠢ ᠨᠠᠷ ᠠᠬᠢᠨ | ᠳᠠᠬᠢᠨ ᠢᠷᠡᠵᠦ ᠪᠢᠳᠡᠨ ᠳᠤ ᠪᠤᠯᠪᠠᠰᠤᠷᠠᠯ ᠬᠦᠷᠲᠡᠭᠡᠵᠦ ᠵᠢᠭᠠᠨ ᠵᠢᠯᠤᠭᠤᠳᠤᠭᠰᠠᠭᠠᠷ ᠢᠷᠡᠭᠰᠡᠨ ᠶᠤᠮ᠃ ᠪᠢᠳᠡ | ᠲᠡᠳᠡᠭᠡᠷ ᠬᠦᠮᠦᠰ ᠤᠨ ᠢᠶᠠᠨ ᠬᠦᠰᠡᠯ ᠢ ᠶᠠᠭᠠᠬᠢᠭᠰᠠᠨ ᠴᠤ ᠬᠦᠰᠡᠷᠳᠡᠬᠦᠯᠬᠦ ᠦᠭᠡᠢ ᠪᠠᠷ ᠴᠢᠷᠮᠠᠶᠢᠨ᠎ᠠ᠃ ᠱᠤᠩᠬᠤᠷ | ᠭᠡᠳᠡᠭ ᠤᠭᠲᠠᠷᠭᠤᠢ ᠶᠢᠨ ᠴᠡᠭᠡᠯ ᠢᠶᠠᠷ ᠡᠷᠭᠡ ᠳᠤᠷ᠎ᠠ ᠪᠠᠷ ᠨᠢᠰᠳᠡᠭ ᠡᠷᠡᠯᠭᠡᠭ ᠰᠢᠪᠠᠭᠤ᠂ ᠬᠠᠮᠲᠤᠯᠢᠭ ᠢᠶᠠᠨ ᠪᠢᠳᠡ | ᠨᠢᠬᠡᠨ ᠱᠤᠩᠬᠤᠷ ᠰᠢᠪᠠᠭᠤ ᠪᠠᠷ ᠵᠦᠢᠷᠯᠡᠬᠦ ᠶᠤᠮ ᠪᠤᠯ ᠰᠠᠶ᠋ᠢᠬᠠᠨ ᠦᠳᠦ ᠰᠤᠳᠤ ᠨᠢ ᠪᠦᠷᠢᠳᠦᠬᠡᠳ ᠳᠡᠪᠳᠡᠷᠢᠨ | ᠨᠢᠰᠴᠦ ᠪᠠᠶᠢᠭ᠎ᠠ ᠵᠤᠯᠵᠠᠭ᠎ᠠ ᠱᠤᠩᠬᠤᠷ ᠯᠠ ᠲᠡᠳᠦᠢ᠂ ᠦᠨᠳᠦᠷ ᠲᠤ ᠲᠡᠬᠦᠯᠢᠵᠦ ᠬᠤᠯᠠ ᠨᠢᠰᠬᠦ ᠶᠢᠨ ᠲᠦᠯᠦᠬᠡ | ᠪᠢᠳᠡ ᠬᠠᠲᠠᠭᠤᠵᠢᠯᠲᠠᠢ ᠪᠤᠯᠪᠠᠰᠤᠷᠠᠵᠦ ᠦᠳᠦ ᠵᠢᠬᠦᠷ ᠢᠶᠠᠨ ᠬᠠᠲᠠᠭᠤᠷᠠᠭᠤᠯᠬᠤ ᠬᠡᠷᠡᠭᠲᠡᠢ ᠭᠡᠵᠦ ᠬᠠᠮᠲᠤᠯᠢᠭ ᠤᠨ | ᠠᠬᠠᠯᠠᠭᠴᠢ ᠠᠯᠳᠠᠷᠲᠤ ᠳᠠᠷᠤᠤᠬᠠᠨ ᠪᠦᠬᠡᠳ ᠢᠲᠡᠭᠡᠯᠳᠡᠶᠢᠬᠡᠨ ᠶᠠᠷᠢᠵᠦ ᠪᠠᠶᠢᠯ᠎ᠠ᠃ | ︽ᠱᠤᠩᠬᠤᠷ ᠬᠠᠮᠲᠤᠯᠢᠬ︾ ᠮᠠᠨᠢ ︽ᠲᠠᠯ᠎ᠠ ᠨᠤᠲᠤᠭ ᠤᠨ ᠬᠤᠪᠢᠰᠬᠠᠯᠲᠤ ᠤᠳᠬ᠎ᠠ ᠤᠷᠠᠯᠢᠭ ᠤᠨ ᠬᠦᠡᠭᠭᠡᠨ | ᠮᠤᠷᠢᠲᠦ ᠴᠡᠷᠢᠭ︾ ᠤᠨ ᠰᠢᠯᠢᠳᠡᠭ ᠤᠳᠤᠮᠰᠢᠯ ᠢᠶᠠᠨ ᠦᠷᠬᠦᠯᠵᠢᠯᠡᠨ ᠪᠠᠳᠠᠷᠠᠭᠤᠯᠵᠦ᠂ ᠬᠤᠷᠴᠢᠨ ᠰᠤᠶᠤᠯ ᠲᠠᠢ ᠪᠠᠨ | ᠤᠶᠠᠯᠳᠤᠭᠤᠯᠵᠦ᠂ ᠨᠡᠩ ᠤᠯᠠᠨ ᠭᠠᠵᠠᠷ ᠤᠷᠤᠨ ᠤ ᠤᠨᠴᠠᠯᠢᠬ ᠲᠠᠢ᠂ ᠳᠡᠯᠬᠡᠷᠡᠬᠦᠯᠦᠨ ᠲᠠᠷᠬᠠᠭᠠᠵᠦ ᠦᠪᠯᠡᠨ | ᠦᠯᠡᠳᠡᠭᠡᠵᠦ ᠪᠤᠯᠬᠤᠢᠢᠴᠠ ᠰᠤᠳᠤᠨ ᠰᠠᠶᠢᠬᠠᠨ ᠤᠷᠠᠯᠢᠭ ᠤᠨ ᠪᠦᠲᠦᠭᠡᠯ ᠲᠦᠷᠦᠬᠦᠯᠬᠦ ᠪᠤᠯᠤᠨ᠎ᠠ ᠭᠡᠳᠡᠭ ᠲᠤ | ᠢᠲᠡᠭᠡᠯᠲᠡᠢ ᠪᠠᠶᠢᠨ᠎ᠠ᠃ ᠲᠡᠭᠡᠯᠬᠦᠢ ᠴᠤ ᠶᠠᠭᠠᠬᠢᠬᠤᠪ⁈ ︽ᠱᠤᠩᠬᠤᠷ ᠬᠠᠮᠲᠤᠯᠢᠬ︾ ᠮᠠᠨᠢ ᠳᠤᠨᠳᠠᠷᠠᠰᠢ ᠦᠬᠡᠢ | ᠳᠠᠯᠠᠢ ᠪᠠᠶᠠᠨ ᠬᠤᠷᠴᠢᠨ ᠰᠤᠶᠦᠯ ᠤᠨ ᠢᠶᠠᠨ ᠲᠠᠩᠰᠤᠭ ᠦᠪ ᠠᠴᠠ ᠡᠷᠴᠢ ᠠᠪᠴᠦ᠂ ᠰᠢᠨᠳᠠᠷᠠᠰᠢ ᠦᠬᠡᠢ ᠬᠠᠲᠠᠨ | ᠵᠤᠷᠢᠬᠲᠤ ᠮᠤᠩᠭᠤᠯ ᠵᠠᠯᠠᠭᠤᠰ ᠤᠨ ᠤᠷ᠎ᠠ ᠠᠪᠢᠶᠠᠰ ᠤᠬᠠᠭᠠᠨ ᠲᠠᠮᠢᠷ ᠢᠶᠠᠷ ᠵᠢᠬᠦᠷ ᠬᠢᠵᠦ᠂ ᠦᠨᠳᠦᠷ ᠠᠴᠠ ᠦᠨᠳᠦᠷ | ᠂ ᠬᠤᠯᠠ ᠶᠢᠨ ᠬᠤᠯᠠ ᠳᠤ ᠨᠢᠰᠬᠦ ᠨᠢ ᠯᠠᠪᠲᠠᠢ ᠶᠤᠮ ᠡ᠃ |