︽ᠦᠭᠡ ᠨᠣᠮ ᠢᠶᠠᠷ ᠪᠣᠯ ᠤᠶᠢᠯᠡ ᠵᠠᠮ ᠢᠶᠠᠷ︾ ᠪᠣᠯᠠᠢ | ● ᠯᠢ ᠪᠤᠶᠠᠨᠴᠤᠬᠯᠠ | ︽ᠦᠭᠡ ᠨᠤᠮ ᠢᠶᠠᠷ ᠪᠣᠯ ᠤᠶᠢᠯᠡ ᠵᠠᠮ ᠢᠶᠠᠷ︾ ᠭᠡᠳᠡᠭ ᠮᠠᠨ ᠤ ᠮᠤᠩᠭᠤᠯᠴᠣᠤᠨ ᠤᠨ ᠳᠤᠮᠳᠠ ᠪᠠᠶᠢᠩᠭᠤ | ᠶᠠᠷᠢᠬᠳᠠᠳᠠᠭ ᠣᠯᠠᠮᠵᠢᠯᠠᠯᠳᠤ ᠰᠠᠶᠢᠬᠠᠨ ᠬᠡᠯᠡᠯᠭᠡ ᠪᠠᠶᠢᠳᠠᠭ᠃ ᠡᠨᠡ ᠪᠣᠯ ᠵᠢᠮ᠎ᠡ ᠬᠠᠤᠯᠢ ᠵᠦᠢ ᠶᠣᠰᠣᠨ ᠳᠤ ᠴᠢᠪ | ᠨᠡᠶᠢᠴᠡᠭᠰᠡᠨ ᠵᠢᠷᠤᠮᠯᠠᠪᠠᠰᠤ ᠵᠣᠬᠢᠬᠤ ᠰᠤᠷᠭᠠᠯ ᠦᠭᠡ ᠪᠠᠶᠢᠭ᠎ᠠ ᠶᠤᠮ᠃ ᠡᠨᠡ ᠨᠢ ᠳᠠᠷᠤᠢ ᠪᠣᠰᠣᠤᠨ ᠤᠨ ᠰᠤᠷᠭᠠᠯ ᠢ | ᠨᠣᠮᠤᠬᠠᠨ ᠳᠠᠷᠣᠤ ᠰᠠᠶᠢᠳᠤᠷ ᠰᠣᠨᠤᠰᠪᠠᠰᠤ ᠬᠤᠪᠢᠨ ᠤ ᠤᠶᠢᠯᠡ ᠪᠦᠳᠦᠮᠵᠢ ᠰᠠᠶᠢᠲᠠᠢ ᠪᠣᠯᠬᠤ ᠶᠢ ᠰᠡᠷᠡᠮᠵᠢ ᠥᠭᠭᠦᠨ | ᠰᠠᠨᠠᠭᠤᠯᠤᠨ ᠰᠤᠷᠭᠠᠬᠰᠠᠨ ᠰᠡᠴᠡᠨ ᠦᠭᠡ ᠪᠣᠯᠬᠤ ᠶᠤᠮ᠃ | ᠡᠭᠦᠨᠴᠢᠯᠡᠨ ᠪᠣᠳᠤᠬᠤᠶ᠎ᠠ᠂ ᠨᠠᠮ ᠤᠨ ᠰᠣᠳᠣ ᠮᠡᠷᠭᠡᠨ ᠵᠢᠭᠠᠪᠤᠷᠢ᠂ ᠤᠳᠤᠷᠢᠳᠤᠯᠭ᠎ᠠ ᠶᠢᠨ ᠵᠥᠪ ᠣᠨᠤᠪᠴᠢᠲᠠᠢ | ᠵᠢᠯᠤᠭᠤᠳᠤᠯᠭ᠎ᠠ᠂ ᠠᠪᠤ ᠶᠢᠨ ᠠᠯᠲᠠᠨ ᠰᠤᠷᠭᠠᠯ᠂ ᠡᠵᠢ ᠶᠢᠨ ᠡᠷᠳᠡᠨᠢ ᠶᠢᠨ ᠵᠠᠬᠢᠶ᠎ᠠ᠂ ᠰᠠᠶᠢᠨ ᠨᠠᠶᠢᠵᠠᠰ ᠤᠨ ᠰᠠᠨᠠᠯ | ᠰᠠᠨᠠᠭᠤᠯᠭ᠎ᠠ ᠶᠢ ᠰᠠᠶᠢᠳᠤᠷ ᠰᠣᠨᠣᠰᠤᠨ ᠰᠢᠳᠤᠷᠭᠤ ᠵᠢᠷᠤᠮᠯᠠᠵᠤ ᠶᠠᠪᠤᠬᠤ ᠨᠢ ᠲᠦᠮᠡᠨ ᠬᠡᠷᠡᠭ ᠲᠡᠭᠦᠰ ᠪᠦᠳᠦᠮᠵᠢᠲᠡᠢ᠂ | ᠠᠯᠢᠪᠠ ᠤᠶᠢᠯᠡᠰ ᠠᠮᠵᠢᠯᠲᠠ ᠣᠯᠬᠤ ᠶᠢᠨ ᠦᠨᠳᠦᠰᠦᠨ ᠨᠥᠭᠦᠴᠡᠯ ᠪᠣᠯᠬᠤ ᠨᠢ ᠯᠠᠪᠲᠠᠢ ᠶᠤᠮ᠃ | ᠭᠡᠲᠡᠯ᠎ᠡ᠂ ᠵᠠᠷᠢᠮ ᠬᠦᠮᠦᠨ ᠣᠨᠴᠠᠭᠠᠶᠢᠯᠠᠨ ᠵᠠᠯᠠᠭᠤ ᠪᠠᠭᠠᠴᠤᠳ ᠵᠠᠬᠢᠶ᠎ᠠ ᠵᠢᠭᠠᠪᠤᠷᠢ ᠳᠠᠭᠠᠬᠤ ᠦᠭᠡᠢ ᠰᠤᠷᠭᠠᠯ | ᠢᠣᠨᠬᠠᠯ ᠰᠣᠨᠤᠰᠬᠤ ᠦᠭᠡᠢ ᠰᠠᠨᠠᠭ᠎ᠠ ᠪᠠᠷ ᠢᠶᠠᠨ ᠰᠠᠪᠠᠵᠤ ᠵᠣᠷᠢᠭ ᠢᠶᠠᠷ ᠢᠶᠠᠨ ᠵᠣᠳᠤᠬᠤ ᠦᠵᠡᠭᠳᠡᠯ ᠨᠡᠶᠢᠭᠡᠮ ᠳᠡᠭᠡᠷ᠎ᠡ | ᠭᠠᠵᠠᠷ ᠠᠪᠴᠤ ᠪᠤᠢ᠃ ᠦᠭᠡ ᠠᠪᠬᠤ ᠦᠭᠡᠢ ᠨᠣᠮ ᠦᠭᠡᠢ ᠬᠡᠦᠬᠡᠳ᠂ ᠵᠢᠭᠠᠪᠤᠷᠢ ᠳᠠᠭᠠᠬᠤ ᠦᠭᠡᠢ ᠶᠣᠰᠣ ᠦᠭᠡᠢ | ᠠᠷᠠᠳ ᠵᠠᠯᠭᠠᠭ᠎ᠠ ᠢᠯᠡᠷᠡᠨ ᠣᠷᠤᠰᠢᠵᠤ᠂ ᠠᠬᠠᠮᠠᠳ ᠢᠶᠠᠨ ᠵᠣᠪᠠᠭᠠᠨ ︽ᠨᠣᠶᠠᠳ︾ ᠢ ᠳᠡᠩᠰᠡᠯᠭᠡᠵᠦ᠂ ᠨᠡᠶᠢᠭᠡᠮ ᠤᠨ | ᠡᠶ᠎ᠡ ᠵᠣᠬᠢᠴᠠᠩᠭᠤᠢ ᠳᠠᠪᠰᠢᠯᠲᠠ᠂ ᠪᠣᠯᠪᠠᠰᠤᠨ ᠤ ᠭᠤᠶᠤ ᠰᠠᠶᠢᠬᠠᠨ ᠪᠠᠶᠢᠭᠤᠯᠤᠯᠲᠠ ᠶᠢ ᠬᠦᠨᠳᠦ ᠨᠣᠴᠢᠲᠠᠢ | ᠨᠥᠯᠦᠭᠡᠯᠡᠵᠦ ᠪᠠᠶᠢᠬᠤ ᠶᠢ ᠰᠡᠷᠭᠡᠭ ᠢᠶᠠᠷ ᠲᠠᠨᠢᠵᠤ ᠰᠡᠷᠡᠮᠵᠢᠯᠡᠬᠦ ᠠᠷᠭ᠎ᠠ ᠠᠪᠴᠤ ᠡᠷᠲᠡᠬᠡᠨ ᠬᠦᠮᠦᠵᠢᠭᠦᠯᠦᠨ ᠠᠪᠤᠷᠠᠬᠤ | ᠴᠢᠬᠤᠯᠠᠲᠠᠢ ᠶᠤᠮ᠃ | ᠮᠤᠩᠭᠤᠯᠴᠤᠳ ᠠᠬᠠᠰ ᠵᠠᠬᠠᠰ ᠬᠦᠮᠦᠰ ᠠᠴᠠ ᠰᠤᠷᠭᠠᠯ ᠠᠪᠬᠤ ᠦᠭᠡᠢ ᠬᠡᠦᠬᠡᠳ ᠢ ᠰᠢᠭᠤᠳ ︽ᠳᠡᠭᠡᠲᠡᠢ | ᠬᠦᠮᠦᠨ ᠤ ᠦᠭᠡᠨ ᠳᠤ ᠣᠷᠤᠬᠤ ᠦᠭᠡᠢ ᠪᠣᠯ ᠳᠡᠩᠰᠢᠬᠦ ᠴᠠᠭ ᠪᠠᠶᠢᠮᠤᠢ︾ ᠭᠡᠵᠦ ᠰᠠᠨᠠᠭᠤᠯᠳᠠᠭ ᠪᠠᠶᠢᠬᠰᠠᠨ ᠪᠦᠭᠡᠦᠨ | ︽ᠲᠡᠨᠡᠭ ᠮᠠᠭᠤ ᠬᠦᠮᠦᠨ ᠰᠤᠷᠭᠠᠯ ᠦᠭᠡᠢ᠂ ᠲᠥᠭᠡᠷᠢᠮᠡᠯ ᠮᠠᠭᠤ ᠨᠣᠬᠠᠢ ᠡᠵᠡᠨ ᠦᠭᠡᠢ︾ ᠭᠡᠬᠦᠴᠢᠯᠡᠨ ᠵᠦᠢᠷ | ᠰᠡᠴᠡᠨ ᠦᠭᠡ ᠪᠠᠷ ᠬᠢᠯᠢᠩᠨᠡᠨ ᠰᠤᠷᠭᠠᠳᠠᠭ ᠪᠠᠶᠢᠬᠰᠠᠨ᠃ ᠭᠡᠷ ᠵᠠᠭᠤᠷ᠎ᠠ ᠦᠭᠡ ᠨᠣᠮ ᠲᠠᠢ ᠶᠠᠪᠤᠬᠤ ᠶᠢ ᠬᠦᠰᠡᠵᠦ ︽ | ᠥᠰᠬᠦ ᠮᠠᠯ ᠤᠨ ᠥᠩᠭᠡ ᠨᠢ ᠨᠢᠭᠡ᠂ ᠥᠭᠡᠳᠡᠯᠡᠬᠦ ᠭᠡᠷ ᠤᠨ ᠦᠭᠡ ᠨᠢ ᠨᠢᠭᠡ︾ ᠭᠡᠵᠦ ᠠᠬᠠᠮᠠᠣᠨᠴᠣᠤᠨ ᠰᠤᠷᠭᠠᠯ | ᠪᠣᠯᠭᠠᠨ ᠶᠠᠷᠢᠳᠠᠭ ᠪᠠᠶᠢᠭ᠎ᠠ᠃ ︽ᠰᠡᠦᠨᠬᠢᠯ ᠢ ᠲᠤᠶᠠᠭᠠᠯᠠᠬᠤᠢ ᠪᠢᠯᠢᠭ ᠤᠨ ᠵᠤᠯᠠ ᠬᠡᠮᠡᠬᠦ ᠰᠤᠳᠤᠷ ᠣᠷᠤᠰᠢᠪᠠᠢ︾ | ᠬᠡᠮᠡᠬᠦ ᠨᠣᠮ ᠳᠤᠷ ︽ᠰᠠᠶᠢᠨ ᠡᠮ ᠠᠮᠠᠨ ᠳᠤᠷ ᠭᠠᠰᠢᠭᠤᠨ ᠪᠣᠯᠪᠠᠴᠤ ᠡᠪᠡᠦᠨᠴᠢᠨ ᠳᠤ ᠳᠤᠰᠠᠲᠠᠢ᠂ ᠴᠢᠭᠡᠴᠢ ᠦᠭᠡ | ᠴᠢᠬᠢᠨ ᠳᠤᠷ ᠬᠠᠲᠠᠭᠤ ᠪᠣᠯᠪᠠᠴᠤ ᠠᠵᠢᠯᠯᠠᠭ᠎ᠠ ᠳᠤ ᠳᠤᠰᠠᠲᠠᠢ᠂ ᠠᠰᠢᠬᠳᠣ ᠰᠤᠷᠭᠠᠯ ᠦᠭᠡ ᠶᠢ ᠣᠷᠣᠢ ᠶᠢᠨ ᠭᠠᠪᠠᠯᠠ | ᠮᠡᠳᠥ ᠦᠵᠡᠵᠦ᠂ ᠤᠶᠢᠯᠡᠰ ᠲᠤ ᠳᠤᠰᠠᠲᠠᠢ ᠦᠭᠡ ᠶᠢ ᠠᠮᠠᠨ ᠤᠩᠰᠢᠯᠭ᠎ᠠ ᠪᠣᠯᠭ᠎ᠠ︾ ᠭᠡᠵᠦ ᠰᠠᠨᠠᠭᠤᠯᠵᠤ ᠪᠠᠶᠢᠭ᠎ᠠ | ᠵᠦᠯᠡᠰ ᠢ ᠮᠡᠳᠡᠵᠦ ᠶᠠᠪᠤᠶ᠎ᠠ ᠵᠢᠷᠤᠮᠯᠠᠵᠤ ᠶᠠᠪᠤᠶ᠎ᠠ ᠪᠢᠳᠠ ᠪᠦᠭᠦᠳᠡᠭᠡᠷ︕ | ︽ᠦᠭᠡ ᠨᠣᠮ ᠢᠶᠠᠷ ᠪᠣᠯ ᠤᠶᠢᠯᠡ ᠵᠠᠮ ᠢᠶᠠᠷ︾ ᠭᠡᠰᠡᠨ ᠰᠣᠳᠣᠨ ᠰᠠᠶᠢᠬᠠᠨ ᠰᠤᠷᠭᠠᠯ ᠢ ᠵᠥᠪ ᠲᠠᠨᠢᠵᠤ | ᠵᠦᠢᠴᠢᠯᠡᠨ ᠵᠢᠷᠤᠮᠯᠠᠵᠤ ᠶᠠᠪᠣᠪᠠᠰᠤ ᠭᠡᠷ ᠪᠦᠯᠢ ᠶᠢᠨ ᠳᠣᠳᠤᠭᠠᠳᠤ ᠳᠤ ᠪᠠᠨ ᠡᠶ᠎ᠡ ᠨᠠᠶᠢᠷᠲᠠᠢ᠂ ᠨᠡᠶᠢᠭᠡᠮ ᠨᠡᠶᠢᠲᠡ ᠶᠢᠨ | ᠳᠣᠮᠳᠠ ᠨᠡᠷ᠎ᠡ ᠲᠥᠷᠥ ᠲᠠᠢ ᠭᠢᠯᠠᠷᠠᠭᠤᠯᠵᠤ ᠶᠠᠪᠤᠬᠤ ᠨᠢ ᠳᠠᠮᠵᠢᠭ ᠦᠭᠡᠢ ᠶᠤᠮ᠃ | | | | |