ᠠᠳᠡ ᠰᠢᠭᠤᠳ ᠨᠡᠪᠲᠡᠷᠡᠬᠦᠯᠬᠡ ᠪᠠᠷ ᠦᠬᠡᠷ ᠬᠤᠲᠠᠯᠲᠦᠭᠠᠳ ᠮᠠᠯᠴᠢᠳ  ᠤᠨ ᠮᠠᠶᠢᠮᠠᠢ ᠬᠦᠭᠵᠢᠶᠠᠨ ᠲᠠᠢ ᠪᠠᠶᠢᠨ᠎ᠠ
ᠨᠡᠶᠢᠲᠡᠯᠡᠭᠰᠡᠨ ᠴᠠᠭ᠄
2021/2/19
     ᠠᠳᠡ ᠰᠢᠭᠤᠳ ᠨᠡᠪᠲᠡᠷᠡᠬᠦᠯᠬᠡ ᠪᠠᠷ ᠦᠬᠡᠷ ᠬᠤᠲᠠᠯᠲᠦᠭᠠᠳ      ᠮᠠᠯᠴᠢᠳ ᠤᠨ ᠮᠠᠶᠢᠮᠠᠢ ᠬᠦᠭᠵᠢᠶᠠᠨ ᠲᠠᠢ ᠪᠠᠶᠢᠨ᠎ᠠ
           
                                                                         ᠊᠊᠊᠊᠊ ᠮᠠᠨ ᠤ ᠪᠠᠭᠠᠳᠠᠯ᠎ᠠ ᠰᠤᠮᠤᠨ ᠤ ᠤᠯᠠᠭᠠᠨ ᠦᠭᠡᠷ ᠤᠨ ᠡᠭᠦᠯᠳᠡᠷ ᠰᠠᠶᠢᠨ ᠂ ᠮᠢᠬ᠎ᠠ ᠨᠢ ᠠᠮᠳᠠ ᠲᠠᠢ ᠮᠦᠷᠳᠡᠭᠡᠨ ᠰᠢᠮ᠎ᠡ ᠲᠡᠵᠢᠭᠡᠯ ᠡᠯᠪᠡᠭ ᠪᠠᠶᠢᠳᠠᠭ ᠂ ᠰᠢᠭᠤᠳ ᠨᠡᠪᠲᠡᠷᠡᠭᠦᠯᠭᠡ  ᠪᠠᠷ ᠲᠠᠮᠵᠢᠨ 10 ᠦᠭᠡᠷ  ᠠᠴᠠ ᠳᠡᠭᠡᠭᠰᠢ ᠬᠤᠳᠠᠯᠳᠤᠨ ᠠᠪᠤᠪᠠᠯ ᠂ 150 ᠺᠢᠯᠣᠮᠧᠲᠷ  ᠤᠨ ᠵᠠᠢ ᠳᠣᠲᠣᠷ᠎ᠠ ᠦᠨ᠎ᠡ ᠲᠥᠯᠥᠪᠦᠷᠢ ᠦᠭᠡᠶ  ᠪᠠᠷ ᠭᠡᠷ  ᠤᠨ ᠡᠭᠦᠳᠡᠨ ᠳᠤ ᠴᠢᠨᠢ ᠬᠦᠷᠭᠡᠵᠦ ᠦᠭᠭᠦᠨ᠎ᠠ ᠂ ᠲᠠ ᠤᠯᠠᠨ  ᠤ ᠮᠠᠨ  ᠤ ᠰᠤᠮᠤᠨ  ᠳᠤ ᠦᠭᠡᠷ ᠬᠤᠳᠠᠯᠳᠤᠨ ᠠᠪᠬᠤ ᠪᠠᠷ ᠢᠷᠡᠬᠦ ᠶᠢ ᠴᠢᠨᠢ ᠪᠠᠶᠠᠷᠯᠠᠨ ᠤᠭᠳᠤᠵᠤ ᠪᠠᠶᠢᠨ᠎ᠠ ᠭᠡᠵᠦ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ  ᠤ ᠪᠠᠭᠠᠳᠠᠯ᠎ᠠ ᠰᠤᠮᠤᠨ  ᠤ ᠨᠠᠮ  ᠤᠨ ᠬᠤᠷᠢᠶ᠎ᠡ  ᠶᠢᠨ ᠱᠦᠵᠢ ᠯᠢᠶᠠᠩ ᠰᠢᠤᠢ ᠪᠢᠨ ᠪᠠᠶᠢᠰᠢᠩᠳᠤ ᠭᠠᠴᠠᠭᠠᠨ  ᠤ ᠬᠠᠰᠪᠠᠭᠠᠨ᠎ᠠ ᠶᠢᠨ ᠦᠭᠡᠷ  ᠤᠨ ᠬᠠᠰᠢᠶᠠᠨ ᠳᠤ ᠪᠤᠰᠢᠭᠤ ᠭᠠᠷ ᠢᠶᠠᠷ ᠰᠢᠭᠤᠳ ᠨᠡᠪᠳᠡᠷᠡᠭᠦᠯᠬᠡ ᠬᠢᠵᠤ ᠪᠠᠶᠢᠯ᠎ᠠ ᠃    ᠰᠤᠷᠪᠤᠯᠵᠢᠯᠠᠭᠴᠢ ᠪᠠᠶᠢᠰᠢᠩᠲᠤ ᠭᠠᠴᠠᠭ᠎ᠠ  ᠶᠢᠨ ᠦᠬᠡᠷ ᠲᠡᠵᠢᠭᠡᠬᠦ ᠡᠷᠦᠬᠡ ᠬᠠᠰᠪᠠᠭᠠᠨ᠎ᠠ ᠶᠢᠨ ᠬᠢᠨ ᠳᠤ ᠬᠦᠷᠬᠦ  ᠳᠤ ᠂ ᠯᠢᠶᠠᠩ ᠰᠢᠦᠶ ᠪᠢᠨ ᠱᠦᠵᠢ ᠶᠢᠨ ᠦᠬᠡᠷ ᠲᠡᠵᠢᠭᠡᠵᠦ ᠪᠠᠶᠢᠭ᠎ᠠ ᠪᠠᠶᠢᠳᠠᠯ  ᠢ ᠣᠢᠢᠯᠠᠭᠠᠵᠤ ᠂ ᠦᠬᠡᠷ  ᠤᠨ ᠬᠠᠰᠢᠶᠠᠨ  ᠳᠤ ᠰᠢᠭᠤᠳ ᠨᠡᠪᠳᠡᠷᠡᠭᠦᠯᠭᠡ ᠬᠢᠵᠦ ᠂ ᠦᠭᠡᠷ ᠬᠤᠳᠠᠯᠳᠤᠬᠤ ᠲᠤᠬᠠᠢ ᠲᠠᠨᠢᠯᠴᠠᠭᠤᠯᠵᠤ ᠪᠠᠶᠢᠬᠤ ᠲᠠᠢ ᠲᠠᠭᠠᠷᠠᠯᠳᠤᠯ᠎ᠠ ᠃    ᠬᠤᠷᠴᠢᠨ ᠵᠡᠭᠦᠨ ᠭᠠᠷᠤᠨ ᠬᠤᠶᠢᠲᠤ ᠬᠤᠰᠢᠭᠤ ᠤᠯᠠᠭᠠᠨ ᠦᠭᠡᠷ ᠲᠡᠵᠢᠭᠡᠭᠰᠡᠨ ᠤᠷᠲᠦ ᠤᠳᠠᠭᠠᠨ ᠲᠡᠦᠬᠡ  ᠲᠠᠢ ᠮᠦᠷᠳᠡᠭᠡᠨ ᠲᠡᠵᠢᠭᠡᠬᠦ ᠬᠡᠪᠴᠢᠶ᠎ᠡ  ᠨᠢ ᠶᠡᠭᠡ ᠪᠠᠶᠢᠵᠤ ᠂ ︽ᠤᠯᠠᠭᠠᠨ ᠦᠭᠡᠷ  ᠤᠨ ᠨᠤᠳᠤᠭ ︾ ᠭᠡᠮᠠᠨ ᠠᠯᠳᠠᠷᠰᠢᠭᠰᠠᠨ ᠶᠤᠮ ᠃ ᠠᠷᠠᠳ ᠲᠦᠮᠡᠨ  ᠢ ᠲᠡᠭᠡᠳᠦᠯᠡᠵᠤ ᠂ ᠤᠯᠠᠨ ᠲᠦᠮᠡᠨ ᠳᠤ ᠤᠯᠠᠮ ᠰᠠᠶᠢᠳᠤᠷ ᠦᠢᠯᠡᠴᠢᠯᠡᠬᠦ ᠶᠢᠨ ᠲᠦᠯᠦᠭᠡ ᠂ 2020 ᠤᠨ  ᠤ 3 ᠰᠠᠷ᠎ᠠ  ᠳᠤ ᠂ ᠯᠢᠶᠠᠩ ᠰᠢᠤᠢ ᠪᠢᠨ ᠡᠷᠡᠭᠡᠯᠵᠡᠯ ᠦᠭᠡᠢ  ᠪᠠᠷ ᠨᠢᠭᠡᠨ ᠲᠤᠰᠬᠠᠢ ᠮᠡᠷᠭᠡᠵᠢᠯ  ᠤᠨ ᠡᠯᠧᠺᠲᠷᠤᠨ ᠬᠤᠳᠠᠯᠳᠤᠭᠠᠨ  ᠤ ᠭᠤᠣᠯ ᠨᠡᠪᠲᠡᠷᠡᠭᠦᠯᠦᠭᠴᠢ ᠪᠣᠯᠵᠠᠢ ᠃ ᠲᠡᠷᠡ ᠪᠠᠷ ᠰᠢᠭᠤᠳ ᠨᠡᠪᠳᠡᠷᠡᠭᠦᠯᠭᠡ ᠪᠠᠷ ᠲᠠᠮᠵᠢᠨ ᠬᠦᠳᠡᠭᠡ ᠲᠤᠰᠬᠤᠨ  ᠤ ᠦᠢᠯᠡᠳᠪᠦᠷᠢᠯᠡᠯ ᠠᠮᠢᠳᠤᠷᠠᠯ ᠳᠤ ᠬᠠᠨᠳᠤᠭᠤᠯᠤᠭᠰᠠᠨ ᠲᠦᠷᠦ ᠶᠢᠨ ᠪᠤᠳᠤᠯᠭ᠎ᠠ ᠂ ᠬᠠᠤᠯᠢ ᠴᠠᠭᠠᠵᠠ ᠲᠦᠷᠢᠮ ᠲᠤᠭᠳᠠᠭᠠᠯ ᠵᠡᠷᠭᠡ ᠶᠢ ᠲᠠᠶᠢᠯᠪᠤᠷᠢᠯᠠᠵᠤ ᠂ ᠨᠡᠶᠢᠳᠡ ᠤᠯᠠᠨ  ᠤ ᠬᠠᠯᠠᠭᠤᠨ ᠬᠦᠷᠢᠶᠡᠯᠡᠯ  ᠢ ᠤᠯᠤᠬᠰᠡᠨ ᠪᠠᠶᠢᠨ᠎ᠠ ᠃ ᠬᠢᠵᠢᠭ  ᠤᠨ ᠨᠦᠯᠦᠭᠡ ᠠᠴᠠ ᠪᠤᠯᠵᠤ ᠂ ᠮᠠᠯ  ᠤᠨ ᠠᠷᠠᠯᠵᠢᠶ᠎ᠠ ᠮᠠᠭᠤᠳᠠᠬᠤ ᠪᠠᠷ ᠂ ᠯᠢᠶᠠᠩ ᠰᠢᠤᠢ ᠪᠢᠨ ᠰᠢᠭᠤᠳ ᠨᠡᠪᠲᠡᠷᠡᠭᠦᠯᠭᠡ  ᠶᠢᠨ ᠲᠠᠪᠴᠠᠩ  ᠳᠤ ᠳᠠᠩᠰᠠᠯᠠᠵᠤ ᠂ ᠪᠠᠭᠠᠳᠠᠯ᠎ᠠ ᠰᠤᠮᠤᠨ  ᠤ ᠦᠭᠡᠷ  ᠤᠨ ᠠᠷᠠᠯᠵᠢᠶ᠎ᠠ ᠶᠢ ᠲᠠᠨᠢᠯᠴᠠᠭᠤᠯᠤᠭᠰᠠᠨ ᠠᠴᠠ ᠤᠳᠠᠯ ᠥᠬᠡᠶ 30 ᠭᠠᠷᠤᠶ ᠲᠦᠮᠡᠨ ᠠᠩᠬᠠᠷᠤᠭᠴᠢ ᠲᠠᠢ ᠪᠤᠯᠤᠭᠰᠠᠨ ᠪᠠᠶᠢᠨ᠎ᠠ ᠃ ᠤᠳᠤᠬᠠᠨ ᠳᠤ ᠲᠡᠭᠦᠨ  ᠤ ᠪᠤᠰᠢᠭᠤ ᠭᠠᠷ  ᠢ 40 ᠲᠦᠮᠡ ᠰᠢᠬᠠᠮ ᠬᠦᠮᠦᠨ ᠠᠩᠬᠠᠷᠴᠤ ᠂ ᠰᠢᠭᠤᠳ ᠨᠡᠪᠳᠡᠷᠡᠭᠦᠯᠭᠡ ᠪᠠᠷ ᠲᠠᠮᠵᠢᠨ ᠪᠠᠭᠠᠳᠠᠯ᠎ᠠ ᠰᠤᠮᠤᠨ  ᠤ ᠦᠭᠡᠷ  ᠤᠨ ᠠᠷᠠᠯᠵᠢᠶ᠎ᠠ ᠵᠢᠴᠢ ᠶᠡᠬᠡᠳᠡᠯ᠎ᠠ ᠶᠢᠨ ᠦᠭᠡᠷ  ᠤᠨ ᠵᠠᠬ᠎ᠠ ᠶᠢ ᠬᠤᠯᠠ ᠤᠢᠢᠷ᠎ᠠ ᠶᠢᠨ ᠵᠤᠴᠢᠳ ᠲᠤ ᠲᠠᠨᠢᠯᠴᠠᠭᠤᠯᠵᠤ ᠂ ᠪᠠᠭᠠᠳᠠᠯ᠎ᠠ ᠰᠤᠮᠤᠨ  ᠤ ᠦᠭᠡᠷ  ᠤᠨ ᠠᠷᠠᠯᠵᠢᠶ᠎ᠠ ᠶᠢᠨ ᠦᠷᠨᠢᠨ ᠬᠦᠭᠵᠢᠬᠦ ᠶᠢ ᠤᠷᠤᠭᠰᠢ ᠠᠬᠢᠭᠤᠯᠪᠠ ᠃ ᠯᠢᠶᠠᠩ ᠰᠢᠤᠢ ᠪᠢᠨ ᠦᠬᠡᠷ ᠬᠤᠳᠠᠯᠳᠤᠬᠤ   ᠶᠢ ᠰᠢᠭᠤᠳ ᠨᠡᠪᠲᠡᠷᠡᠭᠦᠯᠦᠭᠰᠡᠨ  ᠢᠶᠠᠷ ᠪᠠᠷᠠᠬᠤ ᠥᠬᠡᠶ ᠂ ᠪᠠᠰᠠ ᠦᠷᠭᠦᠯᠵᠢ ᠣᠬᠤᠷ ᠸᠢᠳᠢᠣ᠋ ᠦᠢᠯᠡᠳᠴᠦ ᠂ ᠦᠬᠡᠷ ᠲᠡᠵᠢᠭᠡᠬᠦ ᠡᠷᠦᠬᠡ  ᠳᠤ ᠶᠠᠳᠠᠭᠤ   ᠶᠢ ᠲᠡᠳᠬᠦᠬᠦ ᠲᠥᠷᠥ  ᠶᠢᠨ ᠪᠣᠳᠣᠯᠭ᠎ᠠ ᠂ ᠲᠡᠵᠢᠭᠡᠨ ᠦᠷᠡᠵᠢᠭᠦᠯᠬᠦ ᠮᠡᠷᠭᠡᠵᠢᠯ ᠂ ᠲᠣᠬᠠᠢ  ᠶᠢᠨ ᠭᠠᠵᠠᠷ  ᠤᠨ ᠦᠭᠡᠷ ᠬᠤᠳᠠᠯᠳᠤᠬᠤ ᠴᠡᠭ ᠵᠡᠷᠭᠡ  ᠶᠢ ᠲᠠᠨᠢᠯᠴᠠᠭᠤᠯᠤᠨ ᠤᠬᠠᠭᠤᠯᠳᠠᠭ ᠃    ᠥᠩᠭᠡᠷᠡᠭᠰᠡᠨ  ᠳᠤ ᠂ ᠦᠭᠡᠷ ᠠᠷᠠᠯᠵᠢᠶᠠᠯᠠᠬᠤ ᠨᠢ ᠴᠥᠮ ᠦᠬᠡᠷ  ᠤᠨ ᠵᠠᠬ᠎ᠠ ᠳᠡᠯᠭᠡᠭᠦᠷ ᠲᠤ ᠬᠦᠷᠭᠡᠨ ᠬᠤᠳᠠᠯᠳᠤᠵᠤ ᠂ ᠲᠣᠭᠲᠠᠭᠰᠠᠨ ᠴᠠᠭ  ᠲᠤ ᠦᠬᠡᠷ  ᠢᠶᠠᠨ ᠵᠠᠬ᠎ᠠ ᠳᠡᠯᠭᠡᠭᠦᠷ  ᠲᠤ ᠬᠥᠷᠭᠡᠵᠦ ᠂ ᠬᠤᠳᠠᠯᠳᠤᠨ ᠠᠪᠤᠭᠴᠢ  ᠶᠢᠨ ᠰᠢᠯᠢᠨ ᠰᠣᠩᠭᠤᠯᠳᠡ  ᠶᠢ ᠬᠦᠯᠢᠶᠡᠵᠦ ᠪᠠᠶᠢᠪᠠ ᠃ ᠣᠳᠣᠬᠠᠨ  ᠳᠤ ᠂ ᠡᠯᠧᠺᠲᠷᠣᠨ ᠬᠤᠳᠠᠯᠳᠤᠭᠠᠨ  ᠤ ᠰᠢᠭᠤᠳ ᠨᠡᠪᠲᠡᠷᠡᠭᠦᠯᠭᠡ  ᠨᠢ ᠠᠷᠠᠯᠵᠢᠶᠠᠨ  ᠤ ᠭᠤᠤᠯ ᠬᠡᠯᠪᠡᠷᠢ ᠮᠠᠶ᠋ᠢᠭ ᠪᠣᠯᠵᠣ ᠂ ᠴᠠᠭ ᠣᠷᠣᠨ ᠵᠠᠢ  ᠶᠢᠨ ᠬᠢᠵᠠᠭᠠᠷᠯᠠᠯ  ᠢ ᠬᠦᠯᠢᠶᠡᠬᠦ ᠥᠬᠡᠶ ᠂ ᠬᠡᠵᠢᠶ᠎ᠡ ᠴᠦ ᠭᠡᠰᠡᠨ ᠵᠠᠬᠢᠶᠠᠯᠠᠵᠤ ᠳᠡᠶᠢᠯᠬᠦ ᠪᠣᠯᠤᠭᠰᠠᠨ ᠪᠠᠶᠢᠨ᠎ᠠ ᠃ ᠯᠢᠶᠠᠩ ᠰᠢᠦᠶ ᠪᠢᠨ ᠱᠦᠵᠢ ᠶᠢᠨ ᠲᠠᠭᠠᠭᠤᠯᠭ᠎ᠠ ᠲᠤᠤᠷ᠎ᠠ ᠂ ᠪᠠᠶᠢᠰᠢᠩᠳᠦ ᠭᠠᠴᠠᠭᠠᠨ  ᠤ ᠮᠠᠯᠴᠢᠳ ᠰᠢᠭᠤᠳ ᠨᠡᠪᠳᠡᠷᠡᠭᠦᠯᠭᠡ ᠪᠠᠷ ᠦᠭᠡᠷ ᠬᠤᠳᠠᠯᠳᠤᠬᠤ ᠪᠤᠯᠵᠠᠢ ᠃ ᠪᠠᠶᠢᠰᠢᠩᠳᠤ ᠭᠠᠴᠠᠭᠠᠨ  ᠳᠤ ᠨᠡᠶᠢᠲᠡ 60 ᠦᠬᠡᠷ ᠲᠡᠵᠢᠭᠡᠬᠦ ᠡᠷᠦᠬᠡ ᠪᠤᠢ ᠂ ᠡᠷᠦᠬᠡ ᠪᠣᠯᠭᠠᠨ  ᠳᠤ ᠴᠥᠮ ᠰᠢᠭᠤᠳ ᠨᠡᠪᠲᠡᠷᠡᠭᠦᠯᠭᠡ  ᠶᠢᠨ ᠲᠠᠪᠴᠠᠩ  ᠲᠠᠢ ᠂ ᠬᠥᠮᠦᠨ ᠪᠣᠯᠭᠠᠨ ᠴᠥᠮ ᠡᠯᠧᠺᠲᠷᠣᠨ ᠬᠤᠳᠠᠯᠳᠤᠭᠠᠨ  ᠤ ᠭᠤᠤᠯ ᠨᠡᠪᠲᠡᠷᠡᠭᠦᠯᠦᠭᠴᠢ ᠪᠤᠯᠵᠤ ᠂ ᠬᠤᠳᠠᠯᠳᠤᠭᠴᠢ ᠡᠳᠦᠷ ᠪᠦᠷᠢ ᠰᠢᠭᠤᠳ ᠨᠡᠪᠳᠡᠷᠡᠭᠦᠯᠭᠡ ᠪᠠᠷ ᠦᠭᠡᠷ ᠢᠶᠠᠨ ᠬᠤᠳᠠᠯᠳᠤᠵᠤ ᠂ ᠬᠤᠳᠠᠯᠳᠤᠨ ᠠᠪᠤᠭᠴᠢ ᠰᠢᠭᠤᠳ ᠨᠡᠪᠲᠡᠷᠡᠭᠦᠯᠭᠡ  ᠶᠢᠨ ᠲᠠᠰᠤᠭ  ᠲᠤ ᠦᠬᠡᠷ ᠰᠤᠩᠭᠤᠨ ᠵᠠᠬᠢᠶᠠᠯᠠᠳᠠᠭ ᠃ 2020 ᠤᠨ  ᠤ 3 ᠰᠠᠷ᠎ᠠ  ᠠᠴᠠ ᠨᠠᠭᠠᠰᠢ ᠂ ᠪᠥᠬᠦ ᠭᠠᠴᠠᠭ᠎ᠠ  ᠶᠢᠨ  ᠬᠢᠨ ᠨᠢᠭᠡᠨᠲᠡ 3000 ᠢᠯᠡᠭᠦᠦ ᠲᠤᠯᠤᠭᠠᠢ ᠦᠬᠡᠷ  ᠢ ᠰᠢᠭᠤᠳ ᠨᠡᠪᠲᠡᠷᠡᠭᠦᠯᠭᠡ ᠪᠠᠷ ᠪᠣᠷᠣᠯᠠᠭᠤᠯᠵᠠᠢ ᠃    ᠦᠬᠡᠷ ᠲᠡᠵᠢᠭᠡᠬᠦ ᠡᠷᠦᠬᠡ  ᠶᠢ ᠬᠥᠲᠥᠯᠥᠨ ᠵᠢᠯᠣᠭᠤᠳᠴᠤ ᠪᠠᠶᠢᠭᠠᠳ ᠢᠡᠲ᠋ᠧᠷᠨᠧᠲ ᠰᠦᠯᠵᠢᠶ᠎ᠡ ᠳᠡᠭᠡᠷ᠎ᠡ ᠪᠣᠷᠣᠯᠠᠭᠤᠯᠭ᠎ᠠ  ᠶᠢᠨ ᠵᠠᠮ ᠨᠡᠭᠡᠭᠡᠬᠦ  ᠶᠢᠨ ᠲᠥᠯᠥᠭᠡ ᠂ ᠪᠠᠭᠠᠳᠠᠯ᠎ᠠ ᠰᠤᠮᠤ ᠦᠷᠭᠦᠯᠵᠢ ᠪᠤᠯᠪᠡᠰᠦᠷᠡᠯ  ᠤᠨ ᠠᠩᠬᠢ ᠡᠷᠭᠢᠯᠡᠵᠦ ᠂ ᠦᠬᠡᠷ ᠲᠡᠵᠢᠭᠡᠬᠦ ᠡᠷᠦᠬᠡ  ᠳᠤ ᠰᠢᠭᠤᠳ ᠨᠡᠪᠲᠡᠷᠡᠭᠦᠯᠬᠦ ᠤᠷ᠎ᠠ ᠮᠡᠷᠭᠡᠵᠢᠯ  ᠢ ᠵᠢᠭᠠᠵᠤ ᠂ ᠰᠢᠭᠤᠳ ᠨᠡᠪᠲᠡᠷᠡᠭᠦᠯᠬᠦ ᠦᠭᠡ ᠬᠡᠯᠡ  ᠶᠢ ᠵᠢᠷᠤᠮᠵᠢᠭᠤᠯᠤᠨ ᠂ ᠣᠯᠠᠨ  ᠢ ᠵᠣᠬᠢᠶᠠᠨ ᠪᠠᠶᠢᠭᠤᠯᠵᠤ ᠣᠬᠤᠷ ᠸᠢᠳᠢᠣ᠋  ᠶᠢ ᠨᠠᠶᠢᠷᠠᠭᠤᠯᠤᠨ ᠦᠢᠯᠡᠳᠴᠤ ᠂ ᠡᠯᠪᠡᠭ ᠪᠠᠶᠠᠯᠢᠭ ᠠᠭᠤᠯᠭ᠎ᠠ   ᠶᠢ ᠰᠦᠯᠵᠢᠶᠡᠨ  ᠲᠠᠪᠴᠠᠩ  ᠳᠤ ᠵᠡᠷᠭᠡ   ᠪᠠᠷ ᠳᠡᠯᠭᠡᠷᠡᠭᠦᠯᠵᠡᠶ ᠃ ᠲᠦᠷᠦᠭᠦᠬᠡᠨ ᠶᠠᠪᠤᠭᠳᠠᠭᠰᠠᠨ ᠨᠢᠭᠡ ᠤᠳᠠᠭᠠᠨ   ᠤ ᠡᠯᠧᠺᠲᠷᠣᠨ ᠬᠤᠳᠠᠯᠳᠤᠭᠠᠨ  ᠤ ᠰᠢᠭᠤᠳ ᠨᠡᠪᠲᠡᠷᠡᠭᠦᠯᠭᠡ   ᠶᠢᠨ ᠤᠷᠤᠯᠳᠤᠭᠠᠨ  ᠳᠤ ᠂ ᠮᠠᠩᠯᠠᠶᠢᠯᠠᠭᠰᠠᠨ ᠦᠬᠡᠷ ᠲᠡᠵᠢᠭᠡᠪᠦᠷᠢ ᠶᠢᠨ ᠡᠷᠦᠬᠡ  ᠶᠢᠨ ᠡᠵᠡᠨ ᠨᠢᠭᠡ ᠴᠠᠭ  ᠲᠤ 100 ᠦᠬᠡᠷ ᠬᠤᠳᠠᠯᠳᠤᠭᠰᠠᠨ ᠲᠠᠮᠳᠡᠭᠯᠡᠯ  ᠢ ᠡᠭᠦᠳᠴᠡᠢ ᠃    2014 ᠣᠨ  ᠳᠤ ᠂ ᠪᠠᠶᠢᠰᠢᠩᠳᠦ ᠭᠠᠴᠠᠭ᠎ᠠ  ᠶᠢᠨ ᠲᠠᠪᠬᠤᠷᠪᠠᠶᠠᠷ  ᠤᠨ ᠬᠢᠨ  ᠢ ᠲᠠᠩᠰᠠ ᠪᠠᠶᠢᠭᠤᠯᠤᠨ ᠺᠠᠷᠲ ᠵᠤᠬᠢᠶᠠᠭᠰᠠᠨ ᠶᠠᠳᠠᠭᠤ ᠬᠦᠴᠢᠷᠳᠡᠯᠲᠡᠶ ᠡᠷᠦᠬᠡ   ᠪᠠᠷ ᠲᠤᠳᠤᠯᠠᠪᠠ ᠃ ᠲᠡᠷᠡ ᠪᠠᠷ ᠶᠠᠳᠠᠭᠤ  ᠶᠢ ᠲᠡᠳᠬᠦᠬᠦ ᠳᠠᠮ ᠬᠦᠦ  ᠲᠠᠢ ᠵᠢᠭᠡᠯᠡᠯᠭᠡ  ᠪᠠᠷ ᠳᠡᠮᠵᠢᠨ ᠂ 2 ᠦᠨᠢᠶ᠎ᠠ ᠬᠤᠳᠠᠯᠳᠤᠨ ᠠᠪᠴᠠᠢ ᠃ ᠠᠵᠢᠯᠴᠢ ᠪᠤᠷᠤᠭᠵᠢᠭᠤᠨ ᠲᠠᠪᠬᠤᠷᠪᠠᠶᠠᠷ ᠲᠤ ᠡᠨᠡ ᠬᠦ ᠬᠤᠶᠠᠷ ᠦᠨᠢᠶ᠎ᠠ ᠨᠢ ᠪᠠᠶᠠᠵᠢᠨ ᠴᠢᠨᠡᠭᠡᠯᠢᠭᠵᠢᠭᠦ ᠰᠠᠭᠤᠷᠢ ᠶᠢ ᠲᠠᠯᠪᠢᠵᠠᠢ ᠃ ᠲᠡᠷᠡ ᠬᠦᠦ ᠲᠠᠢ ᠪᠠᠨ ᠬᠤᠶᠠᠭᠤᠯᠠ ᠶᠡᠬᠡᠳᠠᠯ᠎ᠠ ᠶᠢᠨ ᠦᠭᠡᠷ  ᠤᠨ ᠵᠠᠬ᠎ᠠ ᠪᠤᠯᠤᠨ ᠤᠢᠢᠷ᠎ᠠ ᠬᠠᠪᠢ  ᠶᠢᠨ ᠮᠠᠯᠴᠢᠳ ᠠᠴᠠ ᠲᠤᠭᠤᠯ ᠬᠤᠳᠠᠯᠳᠤᠨ ᠠᠪᠴᠢᠷᠠᠵᠤ ᠂ ᠬᠡᠳᠦᠨ ᠰᠠᠷ᠎ᠠ ᠲᠡᠵᠢᠭᠡᠭᠰᠡᠨ  ᠤ ᠲᠠᠷᠠᠭ᠎ᠠ ᠲᠠᠬᠢᠨ ᠬᠤᠳᠠᠯᠳᠤᠳᠠᠭ ᠃ ᠡᠶᠢᠨ ᠬᠦ ᠦᠭᠡᠷ ᠠᠷᠠᠯᠵᠢᠶᠠᠯᠠᠵᠤ ᠂ ᠦᠨᠢᠶ᠎ᠠ ᠲᠤᠭᠤᠯ ᠢᠶᠠᠨ ᠨᠠᠷᠢᠨ ᠨᠢᠮᠪᠠᠢ ᠠᠷᠠᠴᠢᠯᠠᠨ ᠲᠤᠳᠤᠮᠳᠠᠵᠠᠢ ᠃ ᠤᠤᠯ ᠳᠤ ᠪᠠᠨ ᠦᠭᠡᠷ  ᠤᠨ ᠵᠠᠬ᠎ᠠ ᠳᠤ ᠬᠦᠷᠭᠡᠳᠡᠭ ᠪᠠᠶᠢᠭᠰᠠᠨ ᠢᠶᠠᠨ ᠤᠳᠤ ᠢᠡᠲ᠋ᠧᠷᠨᠧᠲ ᠰᠦᠯᠵᠢᠶ᠎ᠡ  ᠪᠠᠷ ᠬᠤᠳᠠᠯᠳᠤᠬᠤ ᠪᠤᠯᠤᠭᠰᠠᠨ ᠨᠢ ᠵᠤᠴᠢᠳ  ᠤᠨ ᠢᠷᠡᠯᠳᠡ ᠶᠢ ᠦᠷᠭᠡᠳᠭᠡᠭᠰᠡᠨ ᠮᠦᠷᠳᠡᠭᠡᠨ ᠦᠷ᠎ᠠ ᠠᠰᠢᠭ  ᠢ ᠨᠢ ᠢᠯᠡᠭᠦᠦ ᠪᠤᠯᠭᠠᠵᠠᠢ ᠃ ᠡᠯᠧᠺᠲᠷᠣᠨ ᠬᠤᠳᠠᠯᠳᠤᠭᠠᠨ  ᠤ ᠲᠠᠪᠴᠠᠩ  ᠢ ᠠᠰᠢᠭᠯᠠᠵᠤ ᠂ ᠶᠠᠳᠠᠭᠤ   ᠠᠴᠠ ᠠᠩᠭᠢᠵᠢᠷᠠᠭᠰᠠᠨ ᠢᠶᠠᠷ ᠦᠯᠦ ᠪᠠᠷᠠᠮ ᠂ ᠦᠭᠡᠷ ᠲᠡᠵᠢᠭᠡᠨ ᠪᠠᠶᠠᠵᠢᠨ ᠴᠢᠨᠡᠭᠡᠯᠢᠭᠵᠢᠵᠦ ᠂ ᠪᠠᠭᠠᠳᠠᠯ᠎ᠠ ᠰᠤᠮᠤᠨ  ᠳᠤ ᠪᠠᠨ ᠨᠡᠷ᠎ᠠ ᠠᠯᠳᠠᠷ ᠲᠠᠢ ᠪᠠᠶᠠᠨ ᠡᠷᠦᠭᠡ ᠪᠣᠯᠤᠭᠰᠠᠨ ᠪᠠᠶᠢᠨ᠎ᠠ ᠃ ᠲᠡᠭᠦᠨ  ᠤ ᠰᠢᠭᠤᠳ ᠨᠡᠪᠲᠡᠷᠡᠭᠦᠯᠭᠡ  ᠶᠢᠨ ᠲᠠᠪᠴᠠᠩ  ᠳᠤ 5000 ᠭᠠᠷᠤᠢ ᠠᠩᠬᠠᠷᠤᠭᠴᠢ ᠪᠤᠢ ᠂ ᠨᠢᠳᠤᠨᠤᠨ ᠵᠢᠯ ᠰᠢᠭᠤᠳ ᠨᠡᠪᠲᠡᠷᠡᠭᠦᠯᠭᠡ  ᠪᠠᠷ ᠳᠠᠮᠵᠢᠨ ᠂ 40 ᠲᠦᠮᠡᠨ ᠲᠥᠭᠦᠷᠢᠭ  ᠤᠨ ᠦᠬᠡᠷ ᠬᠤᠳᠠᠯᠳᠤᠵᠠᠢ ᠃ ᠣᠳᠣᠬᠠᠨ   ᠳᠤ ᠂ ᠲᠠᠪᠬᠤᠷᠪᠠᠶᠠᠷ  ᠤᠨ ᠬᠢᠨ 117 ᠦᠬᠡᠷ ᠲᠡᠵᠢᠭᠡᠵᠦ ᠂ ᠤᠯᠠᠩᠬᠢ ᠶᠢ ᠨᠢ ᠨᠢᠭᠡᠨᠲᠡ ᠤᠷᠢᠳᠴᠢᠯᠠᠨ ᠵᠠᠬᠢᠶᠠᠯᠠᠵᠠᠢ ᠃ ᠲᠡᠷᠡ ᠦᠭᠡᠷ ᠢᠶᠠᠨ 1.8 ᠲᠦᠮᠡᠨ ᠲᠥᠭᠦᠷᠢᠭ  ᠠᠴᠠ 2.8 ᠲᠦᠮᠡᠨ ᠲᠥᠭᠦᠷᠢᠭ  ᠤᠨ ᠬᠤᠭᠤᠷᠤᠨᠳᠤ ᠬᠤᠳᠠᠯᠳᠤᠳᠠᠭ ᠃    ᠊᠊᠊᠊᠊ ᠤᠳᠤ ᠴᠢᠨᠢ ᠦᠨᠡᠭᠡᠷ ᠲᠦᠭᠦᠮ ᠪᠤᠯᠤᠭᠰᠠᠨ ᠰᠢᠦ ᠂ ᠭᠠᠷ ᠤᠳᠠᠰᠤᠨ ᠲᠡᠭᠡᠷ᠎ᠠ ᠪᠠᠨ ᠮᠠᠯ ᠢᠶᠠᠨ ᠬᠤᠳᠠᠯᠳᠤᠵᠤ ᠂ ᠮᠠᠯ ᠢᠶᠠᠨ ᠬᠤᠳᠠᠯᠳᠤᠬᠤ ᠭᠡᠵᠦ ᠨᠠᠭᠠᠰᠢ ᠴᠠᠭᠠᠰᠢ ᠶᠠᠪᠤᠬᠤ ᠦᠭᠡᠢ ᠪᠤᠯᠵᠠᠢ ᠂ ᠴᠠᠭ ᠂ ᠬᠦᠮᠦᠨ  ᠤ ᠬᠦᠴᠦ ᠪᠠ ᠰᠦᠶᠳᠭᠡᠯ ᠨᠢ ᠪᠠᠭ᠎ᠠ ᠤᠷᠤᠬᠤ ᠪᠤᠯᠤᠭᠰᠠᠨ ᠮᠦᠷᠳᠡᠭᠡᠨ ᠠᠷᠪᠢᠨ ᠬᠤᠳᠠᠯᠳᠤᠨ ᠭᠠᠷᠴᠤ ᠂ ᠠᠰᠢᠭ ᠤᠷᠤᠯᠭ᠎ᠠ ᠨᠢ ᠴᠤ ᠢᠯᠡᠭᠦᠦ ᠭᠡᠵᠦ ᠲᠠᠪᠬᠤᠷᠪᠠᠶᠠᠷ ᠠᠴᠠ ᠪᠠᠶᠠᠷ  ᠤᠨ ᠴᠢᠷᠠᠢ ᠲᠤᠳᠤᠷᠠᠭᠤᠯᠤᠨ ᠶᠠᠷᠢᠨ᠎ᠠ ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号