︽ ᠴᠠᠭ ᠦᠶ᠎ᠡ ᠠᠳᠠᠯᠢ ᠦᠭᠡᠢ ︾ ᠭᠡᠳᠡᠭ  ᠠᠴᠠ ᠰᠡᠳᠦᠪᠯᠡᠬᠦ ᠨᠢ
ᠨᠡᠶᠢᠲᠡᠯᠡᠭᠰᠡᠨ ᠴᠠᠭ᠄
2021/2/19
     ︽ ᠴᠠᠭ ᠦᠶ᠎ᠡ ᠠᠳᠠᠯᠢ ᠦᠭᠡᠢ ︾ ᠭᠡᠳᠡᠭ  ᠠᠴᠠ ᠰᠡᠳᠦᠪᠯᠡᠬᠦ ᠨᠢ                              ●ᠯᠢ ᠪᠤᠶᠠᠨᠴᠤᠬᠯᠠ    ᠣᠳᠣᠬᠠᠨ  ᠳᠤ᠂ ᠨᠡᠶᠢᠭᠡᠮ ᠳᠡᠭᠡᠷ᠎ᠡ ᠬᠡᠰᠡᠭ ᠵᠠᠯᠠᠭᠤᠴᠤᠳ ︽ ᠴᠠᠭ ᠦᠶ᠎ᠡ ᠠᠳᠠᠯᠢ ᠦᠭᠡᠢ ︾ ᠭᠡᠰᠡᠨ ᠦᠭᠡ  ᠪᠠᠷ ᠬᠠᠯᠬᠠᠪᠴᠢ ᠪᠣᠯᠭᠠᠵᠤ ᠰᠤᠷᠭᠠᠯ ᠠᠪᠬᠤ ᠦᠭᠡᠢ ᠰᠤᠷᠲᠠᠯ ᠦᠭᠡᠢ ᠪᠠᠶᠢᠵᠤ ᠂ ᠰᠤᠷᠭᠠᠭᠤᠯᠢ  ᠶᠢᠨ ᠰᠤᠷᠤᠬᠴᠢ ᠪᠠᠭᠰᠢ  ᠶᠢᠨ ᠦᠭᠡ  ᠶᠢ ᠰᠣᠨᠤᠰᠬᠤ ᠦᠭᠡᠢ ᠂ ᠲᠥᠷᠦᠭᠰᠡᠨ ᠬᠡᠦᠬᠡᠳ ᠡᠴᠢᠭᠡ ᠡᠬᠡ  ᠶᠢᠨ ᠰᠤᠷᠭᠠᠯ  ᠢ ᠠᠪᠬᠤ ᠦᠭᠡᠢ ᠂ ᠨᠡᠶᠢᠭᠡᠮ  ᠤᠨ ᠵᠠᠯᠠᠭᠤᠴᠤᠳ ᠺᠠᠳ᠋ᠷ  ᠤᠨ ᠵᠠᠬᠢᠶ᠎ᠠ  ᠶᠢ ᠳᠠᠭᠠᠬᠤ ᠦᠭᠡᠢ ᠦᠵᠡᠭᠳᠡᠯ ᠴᠥᠬᠡᠨ ᠪᠣᠰᠤ ᠣᠷᠤᠰᠢᠵᠤ ᠪᠠᠶᠢᠭ᠎ᠠ  ᠶᠢ ᠠᠩᠬᠠᠷᠤᠯ  ᠳᠤ ᠪᠠᠨ ᠠᠪᠬᠤ ᠴᠢᠬᠤᠯᠠᠲᠠᠢ ᠪᠠᠶᠢᠬ᠎ᠠ ᠭᠡᠵᠦ ᠪᠢ ᠬᠤᠪᠢᠨ  ᠳᠤ ᠪᠠᠨ ᠪᠣᠳᠤᠵᠤ ᠪᠠᠶᠢᠨ᠎ᠠ ᠃    ︽ ᠴᠠᠭ ᠦᠶ᠎ᠡ ᠠᠳᠠᠯᠢ ᠦᠭᠡᠢ ︾ ᠭᠡᠰᠡᠨ ᠦᠭᠡᠨ  ᠤ ᠲᠣᠰ ᠪᠡᠶ᠎ᠡ  ᠳᠤ ᠨᠢ ᠶᠠᠮᠠᠷ ᠴᠤ ᠠᠰᠠᠭᠤᠳᠠᠯ ᠦᠭᠡᠢ ᠂ ᠲᠡᠷᠡᠴᠢᠯᠡᠨ ᠪᠣᠷᠤᠭᠤ ᠦᠭᠡᠢ ᠃ ᠴᠠᠭ ᠦᠶ᠎ᠡ ᠨᠡᠬᠡᠷᠡᠨ ᠠᠳᠠᠯᠢ ᠦᠭᠡᠢ ᠪᠠᠶᠢᠭ᠎ᠠ  ᠨᠢ ᠲᠣᠳᠤᠷᠬᠠᠢ ᠬᠠᠷᠠᠬᠳᠠᠵᠤ ᠪᠠᠶᠢᠨ᠎ᠠ ᠂ ᠪᠣᠳᠠᠲᠠᠢ ᠮᠡᠳᠡᠭᠳᠡᠵᠦ ᠪᠠᠶᠢᠨ᠎ᠠ ᠃ ᠣᠳᠤ  ᠶᠢᠨ ᠴᠠᠭ ᠦᠶ᠎ᠡ ᠪᠣᠯ ᠰᠢᠨ᠎ᠡ ᠴᠠᠭ ᠦᠶ᠎ᠡ ᠮᠦᠨ ᠃ ᠰᠣᠶᠣᠯ ᠰᠤᠷᠭᠠᠨ ᠬᠦᠮᠦᠵᠢᠯ ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠨᠢᠰᠬᠦ ᠮᠡᠳᠥ ᠲᠥᠷᠭᠡᠨ ᠬᠥᠭᠵᠢᠵᠦ ᠪᠦᠬᠦᠢ ᠠᠭᠤᠤ ᠶᠡᠭᠡ ᠴᠠᠭ ᠦᠶ᠎ᠡ ᠮᠦᠨ ᠃ ᠠᠵᠤ ᠠᠬᠤᠢ ᠬᠥᠭᠵᠢᠵᠦ ᠠᠳᠠᠯ ᠠᠮᠢᠳᠤᠷᠠᠯ ᠰᠠᠶᠢᠵᠢᠷᠠᠵᠤ ᠠᠵᠢᠯ ᠤᠢᠢᠯᠡᠰ ᠥᠭᠡᠳᠡᠯᠡᠵᠦ ᠪᠦᠬᠦᠢ ᠪᠠᠶᠠᠨ ᠴᠢᠨᠡᠭᠡᠯᠢᠭ ᠪᠠᠶᠠᠰᠤᠯ ᠳᠦᠭᠦᠷᠡᠩ ᠵᠣᠯ ᠵᠢᠷᠭᠠᠯᠲᠤ ᠴᠠᠭ ᠦᠶ᠎ᠡ ᠮᠦᠨ ᠃ ᠤᠯᠤᠰ ᠭᠦᠷᠦᠨ ᠬᠥᠭᠵᠢᠩᠭᠦᠢ ᠦᠨᠳᠦᠰᠦᠲᠡᠨ ᠲᠦᠮᠡᠨ ᠪᠠᠶᠠᠰᠤᠩᠭᠤᠢ ᠡᠷᠬᠡ ᠴᠢᠯᠦᠭᠡ  ᠲᠠᠢ ᠡᠶ᠎ᠡ ᠵᠣᠬᠢᠴᠠᠯᠳᠤ ᠪᠣᠯᠪᠠᠰᠤᠨ ᠴᠠᠭ ᠦᠶ᠎ᠡ ᠮᠦᠨ ᠃    ᠡᠨᠡ ᠬᠦ ᠂ ᠰᠠᠶᠢᠨ ᠰᠠᠶᠢᠬᠠᠨ ᠰᠢᠨ᠎ᠡ ᠴᠠᠭ ᠦᠶ᠎ᠡ  ᠳᠤ ᠂ ᠪᠢᠳᠠ ᠪᠦᠭᠦᠳᠡᠭᠡᠷ ᠪᠣᠯᠪᠠᠰᠤᠨ ᠮᠤᠷᠠᠯ  ᠲᠠᠢ ᠪᠣᠯᠪᠠᠰᠤᠷᠠᠯ ᠰᠠᠶᠢᠲᠠᠢ ᠪᠠᠶᠢᠵᠤ ᠂ ᠨᠠᠮ  ᠤᠨ ᠵᠢᠭᠠᠪᠤᠷᠢ  ᠶᠢ ᠡᠷᠡᠰ ᠴᠣᠤᠷᠢᠶᠠᠳᠤᠨ ᠂ ᠤᠳᠤᠷᠢᠳᠤᠯᠭ᠎ᠠ  ᠶᠢᠨ ᠵᠢᠭᠠᠪᠤᠷᠢ ᠂ ᠪᠠᠭᠰᠢ  ᠶᠢᠨ ᠰᠤᠷᠭᠠᠯ ᠂ ᠡᠴᠢᠭᠡ ᠡᠬᠡ  ᠶᠢᠨ ᠢᠣᠨᠬᠠᠯ ᠂ ᠠᠬᠠᠰ ᠵᠠᠬᠠᠰ  ᠤᠨ ᠦᠭᠡ  ᠶᠢ ᠴᠠᠭ ᠢᠮᠠᠬᠲᠠ ᠰᠣᠨᠤᠰᠤᠨ ᠵᠢᠷᠤᠮᠯᠠᠵᠤ ᠂ ︽ ᠪᠠᠶᠢᠪᠠᠯ ᠵᠠᠯᠠᠷᠠᠭᠤᠯᠵᠤ ᠂ ᠦᠭᠡᠢ ᠪᠣᠯ ᠴᠡᠭᠡᠷᠯᠡᠯ ᠪᠣᠯᠭᠠᠬᠤ ︾ ᠵᠠᠷᠴᠢᠮ  ᠢᠶᠠᠷ ᠬᠦᠯᠢᠶᠡᠨ ᠠᠪᠤᠪᠠᠯ ᠵᠣᠬᠢᠨ᠎ᠠ ᠃ ᠬᠠᠷᠢᠨ ︽ ᠴᠠᠭ ᠦᠶ᠎ᠡ ᠠᠳᠠᠯᠢ ᠦᠭᠡᠢ ︾ ᠭᠡᠰᠡᠨ ᠦᠭᠡ  ᠪᠠᠷ ᠬᠠᠯᠬᠠᠪᠴᠢ ᠪᠣᠯᠭᠠᠵᠤ ᠰᠤᠷᠭᠠᠯ ᠠᠪᠬᠤ ᠦᠭᠡᠢ ᠵᠢᠭᠠᠪᠤᠷᠢ ᠳᠠᠭᠠᠬᠤ ᠦᠭᠡᠢ ᠶᠠᠪᠤᠵᠤ ᠪᠣᠯᠬᠤ ᠦᠭᠡᠢ ᠃ ︽ ᠴᠠᠭ ᠦᠶ᠎ᠡ ᠠᠳᠠᠯᠢ ᠦᠭᠡᠢ ︾ ᠭᠡᠰᠡᠨ ᠦᠭᠡ  ᠪᠠᠷ ᠬᠠᠯᠬᠠᠪᠴᠢ ᠪᠣᠯᠭᠠᠵᠤ ᠲᠠᠪᠠ  ᠪᠠᠷ  ᠢᠶᠠᠨ ᠰᠠᠪᠠᠵᠤ ᠳᠤᠷ᠎ᠠ  ᠪᠠᠷ  ᠢᠶᠠᠨ ᠠᠭᠠᠰᠢᠯᠠᠵᠤ ᠪᠣᠯᠬᠤ ᠦᠭᠡᠢ ᠃    ᠰᠢᠨ᠎ᠡ ᠴᠠᠭ ᠦᠶ᠎ᠡ ᠪᠣᠯ ᠵᠠᠯᠠᠭᠤᠴᠤᠳ  ᠤᠨ ᠵᠢᠦᠨᠬᠦᠯ ᠦᠵᠡᠭᠦᠯᠬᠦ ᠴᠠᠭ ᠦᠶ᠎ᠡ ᠮᠦᠨ ᠃ ᠰᠢᠨ᠎ᠡ ᠴᠠᠭ ᠦᠶ᠎ᠡ ᠪᠣᠯ ᠵᠠᠯᠠᠭᠤᠴᠤᠳ  ᠤᠨ ᠤᠢᠢᠯᠡᠰ ᠪᠦᠳᠦᠭᠡᠬᠦ ᠴᠠᠭ ᠦᠶ᠎ᠡ ᠮᠦᠨ ᠃ ᠰᠢᠨ᠎ᠡ ᠴᠠᠭ ᠦᠶ᠎ᠡ ᠪᠣᠯ ᠬᠠᠤᠯᠢ  ᠪᠠᠷ ᠵᠠᠰᠠᠬᠤ ᠴᠠᠭ ᠦᠶ᠎ᠡ ᠮᠦᠨ ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号