︽ ᠠᠯᠢᠪᠠ ᠬᠦᠮᠦᠰ  ᠲᠤ ᠲᠠᠯᠠᠷᠬᠠᠬᠤ ᠬᠡᠷᠡᠭᠲᠡᠢ ︾ ᠭᠡᠳᠡᠭ  ᠠᠴᠠ ᠰᠡᠴᠡᠯᠡᠬᠦᠢ
ᠨᠡᠶᠢᠲᠡᠯᠡᠭᠰᠡᠨ ᠴᠠᠭ᠄
2021/2/24
        ︽ ᠠᠯᠢᠪᠠ ᠬᠦᠮᠦᠰ ᠲᠤ ᠲᠠᠯᠠᠷᠬᠠᠬᠤ ᠬᠡᠷᠡᠭᠲᠡᠢ ︾ ᠭᠡᠳᠡᠭ ᠠᠴᠠ ᠰᠡᠴᠡᠯᠡᠬᠦᠢ                                                  ● ᠯᠢ ᠪᠤᠶᠠᠨᠴᠤᠬᠯᠠ        ᠬᠦᠮᠦᠰ  ᠲᠤᠷ ᠲᠠᠯᠠᠷᠬᠠᠬᠤ ᠠᠨᠤ ᠪᠣᠯᠪᠠᠰᠤᠨ ᠮᠤᠷᠠᠯ  ᠲᠠᠢ ᠪᠣᠯᠪᠠᠰᠤᠷᠠᠯ ᠰᠠᠶᠢᠲᠠᠢ ᠪᠠᠶᠢᠭ᠎ᠠ  ᠶᠢᠨ ᠪᠣᠳᠠᠳᠤ ᠨᠢᠭᠡᠨ ᠢᠯᠡᠷᠡᠯ ᠪᠣᠯᠬᠤ  ᠨᠢ ᠲᠡᠷᠡ ᠃    ︽ ᠠᠯᠢᠪᠠ ᠬᠦᠮᠦᠰ   ᠲᠤ ᠲᠠᠯᠠᠷᠬᠠᠬᠤ ᠬᠡᠷᠡᠭᠲᠡᠢ ︾ ᠭᠡᠵᠦ ᠪᠢ ᠬᠤᠪᠢᠨ  ᠳᠤ ᠪᠠᠨ ᠵᠣᠬᠢᠶᠠᠨ ᠬᠡᠯᠡᠵᠦ ᠪᠠᠶᠢᠭ᠎ᠠ ᠪᠢᠰᠢ ᠬᠠᠷᠢᠨ ᠰᠤᠳᠤᠷ ᠨᠣᠮ  ᠳᠤ ᠪᠢᠴᠢᠭᠳᠡᠵᠦ ᠪᠠᠶᠢᠭ᠎ᠠ ᠶᠢ ᠣᠯᠵᠤ ᠤᠩᠰᠢᠬᠰᠠᠨ  ᠢᠶᠠᠨ ᠶᠠᠷᠢᠵᠤ ᠪᠠᠶᠢᠨ᠎ᠠ ᠃ ︽ ᠰᠡᠦᠨᠬᠢᠯ  ᠢ ᠲᠤᠶᠠᠭᠠᠯᠠᠬᠤᠢ ᠪᠢᠯᠢᠭ  ᠤᠨ ᠵᠤᠯᠠ ᠬᠡᠮᠡᠬᠦ ᠰᠤᠳᠤᠷ ᠣᠷᠤᠰᠢᠪᠠᠢ ︾ ᠬᠡᠮᠡᠬᠦ ᠰᠤᠳᠤᠷ ᠨᠣᠮ  ᠳᠤ ︽ ᠴᠢᠮ᠎ᠠ ᠶᠢ ᠬᠤᠤᠷᠯᠠᠬᠰᠠᠨ ᠬᠦᠮᠦᠨ  ᠳᠤ ᠲᠠᠯᠠᠷᠬᠠᠬᠤ ᠬᠡᠷᠡᠭᠲᠡᠢ ᠂ ᠤᠴᠢᠷ  ᠨᠢ ᠲᠡᠷᠡ ᠴᠢᠨᠦ ᠵᠣᠷᠢᠭ  ᠢ ᠬᠠᠲᠠᠭᠤᠵᠢᠭᠤᠯᠤᠬᠰᠠᠨ ᠶᠤᠮ ᠃ ᠴᠢᠮ᠎ᠠ ᠶᠢ ᠮᠡᠬᠡᠯᠡᠭᠰᠡᠨ ᠬᠦᠮᠦᠨ  ᠳᠤ ᠲᠠᠯᠠᠷᠬᠠᠬᠤ ᠬᠡᠷᠡᠭᠲᠡᠢ ᠂ ᠤᠴᠢᠷ  ᠨᠢ ᠲᠡᠷᠡ ᠴᠢᠨᠦ ᠤᠬᠠᠭᠠᠨ ᠮᠡᠳᠡᠯᠭᠡ ᠶᠢ ᠨᠡᠮᠡᠭᠳᠡᠭᠦᠯᠦᠭᠰᠡᠨ ᠶᠤᠮ ᠃ ᠴᠢᠮ᠎ᠠ ᠶᠢ ᠲᠠᠰᠢᠭᠤᠷᠳᠠᠬᠰᠠᠨ ᠬᠦᠮᠦᠨ  ᠳᠤ ᠲᠠᠯᠠᠷᠬᠠᠬᠤ ᠬᠡᠷᠡᠭᠲᠡᠢ ᠂ ᠤᠴᠢᠷ  ᠨᠢ ᠲᠡᠷᠡ ᠴᠢᠨᠦ ᠨᠢᠭᠦᠯ  ᠢ ᠠᠷᠢᠯᠭᠠᠬᠰᠠᠨ ᠶᠤᠮ ᠃ ᠴᠢᠮ᠎ᠠ ᠶᠢ ᠬᠠᠶᠠᠵᠤ ᠣᠷᠬᠢᠬᠰᠠᠨ ᠬᠦᠮᠦᠨ  ᠳᠤ ᠲᠠᠯᠠᠷᠬᠠᠬᠤ ᠬᠡᠷᠡᠭᠲᠡᠢ ᠂ ᠤᠴᠢᠷ  ᠨᠢ ᠲᠡᠷᠡ ᠴᠢᠮ᠎ᠠ  ᠳᠤ ᠪᠡᠶ᠎ᠡ ᠪᠠᠨ ᠳᠠᠭᠠᠭᠠᠬᠤ ᠶᠢ ᠰᠤᠷᠭᠠᠬᠰᠠᠨ ᠶᠤᠮ ᠃ ᠴᠢᠮ᠎ᠠ ᠶᠢ ᠪᠦᠳᠦᠷᠢᠭᠦᠯᠦᠭᠰᠡᠨ ᠬᠦᠮᠦᠨ  ᠳᠤ ᠲᠠᠯᠠᠷᠬᠠᠬᠤ ᠬᠡᠷᠡᠭᠲᠡᠢ ᠂ ᠤᠴᠢᠷ  ᠨᠢ ᠲᠡᠷᠡ ᠴᠢᠨᠦ ᠴᠢᠳᠠᠪᠤᠷᠢ ᠶᠢ ᠴᠢᠩᠭᠠᠷᠠᠭᠤᠯᠤᠬᠰᠠᠨ ᠶᠤᠮ ᠃ ᠴᠢᠮ᠎ᠠ ᠶᠢ ᠪᠤᠷᠤᠭᠤᠰᠢᠶᠠᠬᠰᠠᠨ ᠬᠦᠮᠦᠨ  ᠳᠤ ᠲᠠᠯᠠᠷᠬᠠᠬᠤ ᠬᠡᠷᠡᠭᠲᠡᠢ ᠂ ᠤᠴᠢᠷ  ᠨᠢ ᠲᠡᠷᠡ ᠴᠢᠨᠦ ᠣᠶᠣᠨ ᠪᠢᠯᠢᠭ  ᠢ ᠬᠥᠭᠵᠢᠭᠡᠭᠰᠡᠨ ᠶᠤᠮ ᠃ ᠴᠢᠮ᠎ᠠ ᠶᠢ ᠠᠮᠵᠢᠯᠲᠠ ᠪᠦᠳᠦᠭᠡᠯ  ᠳᠤ ᠪᠠᠨ ᠢᠲᠡᠭᠡᠯ  ᠲᠠᠢ ᠪᠣᠯᠭᠠᠬᠰᠠᠨ ᠠᠯᠢᠪᠠ ᠬᠦᠮᠦᠰ  ᠲᠤ ᠲᠠᠯᠠᠷᠬᠠᠬᠤ ᠬᠡᠷᠡᠭᠲᠡᠢ ︾ ᠭᠡᠵᠦ ᠲᠡᠮᠳᠡᠭᠯᠡᠭᠳᠡᠨ ᠤᠩᠰᠢᠬᠳᠠᠵᠤ ︽ ᠰᠠᠶᠢᠨ ᠬᠦᠮᠦᠨ  ᠳᠤ ᠥᠰ ᠦᠭᠡᠢ ︾ ᠭᠡᠰᠡᠨ ᠦᠭᠡ ᠪᠡᠶᠡᠯᠡᠯ  ᠢᠶᠠᠨ ᠣᠯᠵᠤ ᠪᠣᠳᠤᠬᠳᠠᠨ᠎ᠠ ᠪᠢᠯᠡ ᠃    ᠨᠠᠷᠢᠨ ᠲᠤᠩᠭᠠᠨ ᠨᠢᠮᠪᠠᠢ ᠪᠣᠳᠤᠬᠤᠶ᠎ᠠ ᠨᠡᠬᠡᠷᠡᠨ ᠡᠶᠢᠮᠦ ᠪᠦᠯᠦᠭᠡ ᠃ ᠬᠦᠮᠦᠨ  ᠤ ᠨᠠᠰᠤᠨ ᠲᠤᠷᠰᠢᠬᠢ ᠠᠵᠢᠯ ᠠᠮᠢᠳᠤᠷᠠᠯ  ᠤᠨ ᠠᠶᠠᠨ  ᠤ ᠰᠤᠷᠭᠠᠮᠵᠢ ᠪᠤᠶᠤ ᠲᠣᠷᠰᠢᠯᠭ᠎ᠠ  ᠨᠢ ᠢᠩᠭᠢᠵᠦ ᠯᠠ ᠬᠤᠷᠠᠮᠳᠤᠨ ᠪᠦᠳᠦᠵᠦ ᠬᠦᠮᠦᠰ  ᠲᠤ ᠤᠬᠠᠭ᠎ᠠ ᠰᠡᠭᠡᠭᠡ ᠣᠷᠤᠭᠤᠯᠳᠠᠭ ᠠᠵᠢ ᠃ ᠡᠨᠡ  ᠨᠢ ᠤᠴᠢᠷ ᠶᠠᠪᠤᠳᠠᠯ  ᠢ ᠰᠠᠶᠢᠨ ᠲᠠᠯ᠎ᠠ ᠵᠥᠪ ᠲᠠᠯ᠎ᠠ  ᠪᠠᠷ ᠢᠯᠡᠭᠦᠬᠡᠨ ᠪᠣᠳᠤᠯᠬᠢᠯᠠᠬᠤ  ᠨᠢ ᠬᠤᠪᠢ ᠪᠡᠶ᠎ᠡ  ᠶᠢᠨ ᠦᠵᠡᠯ ᠰᠡᠦᠨᠬᠢᠯ ᠂ ᠡᠷᠡᠭᠦᠯ ᠡᠩᠬᠡ ᠂ ᠤᠢᠢᠯᠡ ᠶᠠᠪᠤᠳᠠᠯ ᠶᠠᠭᠤ ᠪᠦᠬᠦᠨ  ᠳᠤ ᠴᠦᠮ ᠠᠰᠢᠭ  ᠲᠠᠢ ᠪᠣᠯᠬᠤ ᠶᠢ ᠰᠡᠩᠬᠡᠷᠡᠭᠦᠯᠦᠨ ᠰᠤᠷᠭᠠᠬᠰᠠᠨ ᠮᠡᠷᠭᠡᠨ ᠰᠤᠷᠭᠠᠯ ᠪᠣᠯᠵᠤ ᠲᠠᠭᠠᠷᠠᠨ᠎ᠠ ᠃    ᠬᠦᠮᠦᠨ  ᠳᠤ ᠲᠠᠯᠠᠷᠬᠠᠬᠤ  ᠨᠢ ᠬᠦᠮᠦᠨ  ᠤ ᠰᠡᠦᠨᠬᠢᠯ  ᠢ ᠣᠯᠳᠠᠭ ᠮᠦᠷᠳᠡᠭᠡᠨ ᠬᠤᠪᠢ  ᠶᠢᠨ ᠪᠡᠶ᠎ᠡ ᠴᠤ ᠲᠠᠶᠢᠪᠤᠰᠢᠷᠠᠨ ᠰᠡᠦᠨᠬᠢᠯ ᠰᠠᠨᠠᠭ᠎ᠠ ᠠᠭᠤᠵᠢᠷᠠᠳᠠᠭ ᠪᠠᠶᠢᠭ᠎ᠠ ᠃ ᠬᠦᠮᠦᠨ ᠪᠦᠬᠦᠨ ᠲᠠᠯᠠᠷᠬᠠᠯ ᠭᠦᠢᠴᠡᠦᠨᠬᠡᠬᠦ  ᠨᠢ ᠨᠡᠶᠢᠭᠡᠮ  ᠤᠨ ᠡᠶ᠎ᠡ ᠵᠣᠬᠢᠴᠠᠯ  ᠢ ᠪᠠᠳᠤᠯᠠᠨ ᠬᠠᠮᠠᠭᠠᠯᠠᠬᠤ  ᠳᠤ ᠴᠢᠬᠤᠯᠠ ᠤᠢᠢᠯᠡᠳᠦᠯ ᠦᠵᠡᠭᠦᠯᠬᠦ  ᠨᠢ ᠳᠠᠮᠵᠢᠭ ᠦᠭᠡᠢ ᠯᠠᠪᠲᠠᠢ ᠶᠤᠮ ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号