ᠰᠤᠷᠤᠬᠴᠢᠳ ᠲᠤ ᠪᠠᠨ ︽ ᠵᠤᠯᠭᠠᠬᠤ ᠲᠡᠰᠬᠠᠯ ︾ ᠦᠯᠡᠲᠡᠭᠡᠶᠠ | ● ᠡᠷᠲᠡᠮᠲᠦ | ᠠᠮᠠᠷᠡᠯᠲᠡ ᠶᠢᠨ ᠬᠤᠭᠤᠴᠠᠭᠠᠨ ᠤ ᠲᠠᠰᠬᠠᠯ ᠪᠤᠯ ᠪᠠᠭᠰᠢ ᠠᠴᠠ ᠰᠤᠷᠤᠬᠴᠢᠳ ᠲᠤ ᠦᠯᠡᠲᠡᠭᠡᠭᠰᠡᠨ | ᠠᠮᠠᠷᠡᠯᠲᠡ ᠶᠢᠨ ᠬᠤᠭᠤᠴᠠᠭᠠᠨ ᠳᠤ ᠪᠠᠨ ᠰᠤᠷᠤᠬᠰᠡᠨ ᠮᠡᠲᠡᠭᠰᠡᠨ ᠢᠶᠠᠨ ᠪᠠᠲᠤᠳᠬᠠᠵᠤ ᠂ ᠬᠢᠴᠢᠶᠡᠯ ᠰᠤᠷᠤᠯᠭ᠎ᠠ | ᠪᠠᠨ ᠰᠠᠯᠪᠢᠨ ᠲᠡᠪᠲᠡᠬᠤ ᠪᠠᠷ ᠵᠤᠷᠢᠯᠭ᠎ᠠ ᠪᠠᠨ ᠪᠤᠯᠭᠠᠬᠰᠠᠨ ᠰᠤᠷᠤᠬᠴᠢ ᠶᠢᠨ ᠰᠤᠷᠤᠯᠭ᠎ᠠ ᠠᠴᠠ ᠭᠠᠲᠠᠨ᠎ᠠ ᠪᠡᠶᠡᠯᠡᠬᠦᠯᠬᠦ | ᠲᠠᠭᠠᠭᠠᠯᠭᠠᠪᠤᠷᠢ ᠪᠤᠯᠬᠤ ᠶᠤᠮ ᠃ ᠮᠦᠨ ᠴᠤ ᠮᠡᠨ ᠤ ᠵᠢᠭᠠᠨ ᠰᠤᠷᠭᠠᠬᠤ ᠠᠵᠢᠯ ᠤᠨ ᠲᠤᠮᠲᠠᠬᠢ | ᠤᠮᠳᠤᠭᠠᠶᠢᠯᠠᠵᠤ ᠪᠤᠯᠤᠰᠢ ᠦᠬᠡᠢ ᠪᠠᠲᠤᠳᠬᠠᠵᠤ ᠨᠦᠬᠦᠪᠦᠷᠢᠯᠡᠬᠦ ᠵᠢᠭᠠᠨ ᠰᠤᠷᠭᠠᠯᠲᠠ ᠶᠢᠨ ᠴᠢᠬᠤᠯᠡ ᠨᠢᠬᠡ | ᠬᠡᠯᠬᠢᠶᠡᠰᠤ ᠶᠤᠮ ᠃ | ᠠᠲᠡ ᠪᠢ ᠡᠪᠤᠯ ᠤᠨ ᠠᠮᠠᠷᠡᠯᠲᠡ ᠶᠢᠨ ᠬᠤᠭᠤᠴᠠᠭᠠᠨ ᠳᠤ ᠰᠤᠷᠤᠬᠴᠢᠳ ᠲᠤ ︽ ᠠᠶᠢᠯ | ᠠᠶᠢᠮᠠᠬ ᠤᠨ ᠠᠬᠠᠮᠠᠳ ᠪᠤᠭᠤᠷᠤᠯᠴᠤᠳ ᠲᠠᠢ ᠵᠤᠯᠭᠠᠬᠤ ᠲᠠᠰᠬᠠᠯ ︾ ︵ ᠲᠤᠤᠷ᠎ᠠ ᠵᠤᠯᠭᠠᠬᠤ ᠲᠠᠰᠬᠠᠯ ᠬᠡᠵᠤ | ᠲᠦᠬᠦᠮᠴᠢᠯᠡᠶᠠ ︶ ᠦᠯᠡᠲᠡᠭᠡᠭᠰᠡᠨ ᠲᠤᠬᠠᠢ ᠦᠪᠡᠷ ᠤᠨ ᠪᠤᠲᠤᠯ ᠢᠶᠠᠨ ᠲᠠᠯᠬᠡᠬᠦ ᠰᠠᠨᠠᠭᠠᠲᠠᠢ ᠃ ᠡᠨᠡ ᠪᠤᠯ ᠮᠡᠨ | ᠤ ᠮᠤᠩᠭᠤᠯᠴᠤᠳ ᠤᠨ ᠡᠷᠲᠡᠨ ᠠᠴᠠ ᠪᠠᠨ ᠠᠪᠤᠭᠠᠳ ᠪᠡᠷᠢᠮᠲᠡᠯᠡᠭᠠᠳ ᠢᠷᠡᠭᠰᠡᠨ ᠤᠲᠤᠮᠰᠢᠯᠲᠦ ᠵᠡᠩ ᠵᠡᠩᠰᠢᠯ | ᠪᠤᠯᠬᠤ ᠶᠤᠮ ᠃ ᠡᠨᠡ ᠬᠦ ᠰᠠᠶᠢᠬᠠᠨ ᠵᠡᠩ ᠵᠡᠩᠰᠢᠯ ᠢᠶᠠᠨ ᠪᠢᠲᠡ ᠰᠤᠷᠤᠬᠴᠢᠳ ᠲᠤ ᠪᠠᠨ ᠤᠯᠡᠮᠵᠢᠯᠡᠵᠤ ᠵᠢᠭᠠᠬᠤ | ᠨᠢ ᠲᠠᠭᠠᠷᠡᠨᠠ ︕ ᠤᠲᠤᠬᠠᠨ ᠳᠤ ᠵᠡᠷᠢᠮ ᠬᠡᠤᠬᠡᠳ ᠪᠠᠭᠰᠢ ᠠᠬᠠᠮᠠᠳ ᠢᠶᠠᠨ ᠬᠦᠨᠲᠦᠳᠭᠡᠬᠦ ᠦᠬᠡᠢ ᠂ ᠠᠬᠠᠰ | ᠵᠡᠬᠠᠰ ᠲᠠᠢ ᠪᠠᠨ ᠠᠭᠤᠯᠵᠠᠭᠠᠳ ᠨᠠᠭᠠᠲᠦ ᠵᠠᠬ᠎ᠠ ᠶᠢᠨ ᠮᠠᠨᠲᠦᠴᠢᠯᠡᠯ ᠬᠡᠵᠤ ᠦᠬᠡᠢ ᠂ ᠪᠠᠭᠰᠢ ᠪᠠᠨ ᠴᠤ ᠰᠢᠭᠤᠳ | ᠨᠡᠷᠡᠯᠡᠵᠤ ᠲᠠᠭᠤᠲᠠᠬᠤ ᠂ ᠠᠪᠤ ᠡᠵᠢ ᠪᠠᠨ ︽ ᠮᠡᠨ ᠤ ᠡᠪᠤᠬᠡᠨ ︾ ᠂ ︽ ᠮᠡᠨ ᠤ ᠡᠮᠡᠬᠡᠨ ︾ ᠁ | ᠬᠡᠵᠡᠬᠡᠵᠤ ᠪᠠᠶᠢᠨ᠎ᠠ ᠃ ᠦᠨᠲᠤᠰᠤᠲᠡᠨ ᠤ ᠮᠡᠨᠢ ᠠᠬᠠᠰ ᠵᠠᠬᠠᠰ ᠢᠶᠠᠨ ᠬᠦᠨᠲᠦᠳᠬᠡᠲᠡᠭ ᠤᠯᠡᠮᠵᠢᠯᠡᠯᠲᠦ | ᠰᠠᠶᠢᠬᠠᠨ ᠵᠡᠩᠰᠢᠯ ᠤᠲᠤ ᠬᠡᠬᠡᠭᠲᠡᠵᠤ ᠬᠠᠶᠠᠬᠲᠠᠮᠡᠷ ᠪᠤᠯᠵᠤ ᠪᠠᠶᠢᠨ᠎ᠠ ᠃ ᠲᠠᠶᠢᠮᠤ ᠠᠴᠠ ᠪᠢᠲᠡ ᠰᠤᠷᠤᠬᠴᠢᠳ ᠲᠤ | ᠪᠠᠨ ︽ ᠵᠤᠯᠭᠠᠬᠤ ᠲᠠᠰᠬᠠᠯ ︾ ᠬᠢᠯᠬᠡᠬᠦ ᠪᠠᠷ ᠲᠡᠮᠵᠢᠭᠤᠯᠤᠨ ᠂ ᠡᠨᠡ ᠬᠦ ᠬᠡᠭᠡᠭᠲᠡᠵᠤ ᠬᠠᠶᠠᠬᠲᠠᠮᠠᠷ ᠪᠤᠯᠤᠬᠰᠠᠨ | ᠦᠨᠲᠦᠰᠤᠲᠡᠨ ᠤ ᠵᠡᠩ ᠵᠡᠩᠰᠢᠯ ᠢᠶᠠᠨ ᠤᠯᠠᠮᠵᠢᠯᠠᠵᠤ ᠪᠤᠯᠤᠨ᠎ᠠ ᠃ | ︽ ᠵᠤᠯᠭᠠᠬᠤ ᠲᠠᠰᠬᠠᠯ ︾ ᠢ ᠦᠯᠡᠲᠡᠬᠡᠬᠦ ᠳᠤ ᠪᠠᠭᠰᠢ ᠠᠴᠠ ᠤᠷᠢᠳ ᠢᠶᠠᠷ ᠰᠠᠶᠢᠲᠦᠷ | ᠲᠦᠯᠤᠪᠯᠡᠵᠤ ᠲᠤᠬᠢᠷᠡᠭᠤᠯᠤᠬᠰᠠᠨ ᠪᠠᠶᠢᠬᠤ ᠬᠡᠷᠡᠭᠲᠡᠢ ᠃ ᠡᠪᠤᠯ ᠤᠨ ᠠᠮᠡᠷᠡᠯᠲᠡ ᠪᠠᠷ ᠵᠢᠱᠢᠶᠠᠯᠠᠬᠦ ᠳᠤ ᠂ | ᠴᠠᠭᠠᠨ ᠰᠡᠷ᠎ᠠ ᠠᠶᠢᠯ ᠠᠶᠢᠮᠠᠬ ᠤᠨ ᠠᠬᠠᠰ ᠵᠠᠬᠠᠰ ᠲᠠᠢ ᠪᠠᠨ ᠵᠤᠯᠭᠠᠬᠤ ᠲᠠᠰᠬᠠᠯ ᠦᠯᠡᠲᠡᠭᠡᠬᠦ ᠪᠠᠷ ᠵᠢᠱᠢᠶ᠎ᠠ ᠃ | ᠨᠢᠬᠡ ᠳᠤ ᠂ ᠠᠭᠤᠯᠭ᠎ᠠ ᠶᠢ ᠲᠤᠬᠲᠠᠭᠠᠨ᠎ᠠ ᠃ ᠵᠤᠯᠭᠠᠬᠤ ᠠᠭᠤᠯᠭ᠎ᠠ ᠨᠢ ᠵᠡᠪᠡᠯ ᠨᠡᠰᠤᠲᠠᠨ ᠲᠠᠢ ᠪᠠᠨ ᠴᠠᠭᠠᠨ | ᠰᠠᠷ᠎ᠠ ᠳᠤ ᠤᠴᠢᠵᠤ ᠵᠤᠯᠭᠠᠨ᠎ᠠ ᠃ ᠬᠤᠶᠡᠷ ᠲᠤ ᠂ ᠵᠤᠯᠭᠠᠬᠤ ᠡᠮᠤᠰᠭᠡᠯ ᠵᠡᠰᠡᠯ ᠢ ᠤᠷᠢᠳᠴᠢᠡᠯᠨ | ᠪᠡᠯᠡᠳᠭᠡᠨ᠎ᠠ ᠃ ᠭᠤᠷᠪᠡ ᠳᠤ ᠂ ᠰᠠᠲᠦᠨ ᠲᠦᠷᠦᠯ ᠬᠡᠵᠤ ᠢᠯᠭᠠᠬᠤ ᠦᠬᠡᠢ ᠂ ᠠᠶᠢᠯ ᠠᠶᠢᠮᠠᠬ ᠤᠨ | ᠠᠬᠠᠮᠠᠳ ᠲᠤᠮᠤᠭᠠᠲᠠᠨ ᠯᠡ ᠪᠤᠯ ᠪᠤᠯᠴᠢᠬᠠᠨ᠎ᠠ ᠃ ᠲᠦᠷᠪᠡ ᠳᠤ ᠂ ᠬᠠᠲᠠᠬ ᠤᠨ ᠲᠤᠬᠠᠢ ᠃ ᠬᠠᠲᠠᠬ | ᠪᠡᠷᠢᠵᠤ ᠵᠤᠯᠭᠠᠬᠤ ᠳᠤ ᠪᠠᠨ ᠬᠠᠲᠠᠬ ᠪᠡᠷᠢᠵᠤ ᠵᠤᠯᠭᠠᠬᠤ ᠶᠤᠰᠤ ᠶᠢ ᠮᠡᠲᠡᠭᠰᠡᠨ ᠪᠠᠶᠢᠬᠤ ᠃ ᠬᠠᠲᠠᠬ ᠨᠢ ᠴᠡᠩᠬᠡᠷ | ᠪᠤᠶᠤ ᠴᠠᠭᠠᠨ ᠦᠩᠭᠡ ᠶᠢᠨ ᠬᠠᠲᠠᠬ ᠪᠦᠷ ᠪᠠᠶᠢᠵᠤ ᠪᠤᠯᠤᠨ᠎ᠠ ᠃ ᠬᠠᠲᠠᠬ ᠪᠡᠷᠢᠬᠤ ᠳᠤ ᠪᠠᠨ ᠵᠡᠪᠡᠯ ᠠᠮᠡᠨ ᠲᠠᠯ᠎ᠠ | ᠶᠢ ᠨᠢ ᠪᠡᠷᠢᠬᠤ ᠬᠦᠮᠤᠨ ᠤ ᠪᠠᠨ ᠦᠬᠡᠲᠡ ᠬᠠᠨᠲᠤᠭᠤᠯᠵᠤ ᠂ ᠬᠠᠲᠠᠬ ᠵᠦᠷᠢᠬᠦᠯᠬᠦ ᠳᠤ ᠪᠠᠨ ᠠᠬᠠᠮᠠᠳ ᠤᠨ | ᠬᠠᠲᠠᠬ ᠤᠨ ᠲᠤᠭᠤᠤᠷ ᠰᠢᠷᠭᠤᠭᠤᠯᠵᠤ ᠪᠠᠷᠢᠨ᠎ᠠ ᠃ ᠬᠠᠲᠠᠬ ᠢᠶᠠᠨ ᠦᠷᠦᠬᠡᠯ ᠪᠤᠰᠤᠳ ᠤᠨ ᠬᠦᠵᠤᠬᠦᠨ ᠳᠤ | ᠵᠡᠬᠦᠯᠬᠡᠬᠦ ᠶᠢ ᠡᠷᠡᠰ ᠴᠡᠭᠡᠷᠯᠡᠬᠦ ᠬᠡᠷᠡᠭᠲᠡᠢ ᠃ ᠡᠬᠦᠨ ᠢ ᠨᠤᠲᠤᠬ ᠤᠷᠤᠨ ᠤ ᠪᠠᠨ ᠤᠲᠤᠮᠰᠢᠯᠲᠦ ᠵᠡᠩᠰᠢᠯ ᠢ | ᠮᠡᠲᠡᠲᠡᠭ ᠲᠤᠮᠤᠭᠠᠲᠡᠨ ᠠᠴᠠ ᠤᠷᠢᠳ ᠢᠶᠠᠷ ᠰᠠᠶᠢᠲᠦᠷ ᠠᠰᠠᠭᠤᠨ ᠰᠤᠷᠬᠤ ᠴᠢᠬᠤᠯᠡᠲᠡᠢ ᠃ ᠲᠤᠤᠷ᠎ᠡ ᠦᠶ᠎ᠡ ᠶᠢᠨ | ᠬᠦᠮᠤᠰ ᠪᠤᠶᠤ ᠬᠡᠤᠬᠡᠳ ᠥᠳ ᠲᠤ ᠶᠠᠷᠦ ᠨᠢ ᠬᠠᠲᠠᠬ ᠪᠡᠷᠢᠲᠠᠬ ᠦᠬᠡᠢ ᠶᠤᠰᠤ ᠲᠠᠢ ᠃ ᠠᠬᠠᠮᠠᠳ | ᠲᠤᠮᠤᠭᠠᠲᠠᠳ ᠬᠠᠲᠠᠬ ᠢ ᠲᠤᠰᠴᠤ ᠠᠪᠬᠤ ᠪᠤᠶᠤ ᠬᠠᠲᠠᠬ ᠵᠦᠷᠢᠬᠦᠯᠤᠬᠡᠳ ᠄ ︽ ᠵᠤᠪᠡᠯᠡᠩ ᠦᠬᠡᠢ ᠶᠠᠪᠤ ᠂ | ᠵᠠᠭᠤ ᠨᠠᠰᠤᠯᠡᠵᠤ ᠶᠠᠪᠤ ᠂ ᠨᠠᠷᠡᠨ ᠰᠠᠷᠡᠨ ᠰᠢᠬ ᠬᠡᠷᠡᠯᠲᠦᠵᠤ ᠶᠠᠪᠤ ᠂ ᠨᠠᠮᠠᠭ᠎ᠠ ᠴᠡᠴᠡᠭ ᠰᠢᠭ ᠲᠡᠯᠭᠡᠷᠡᠵᠤ ᠶᠠᠪᠤ ︾ | ᠬᠡᠬᠦ ᠮᠡᠲᠦᠴᠢᠯᠡᠨ ᠪᠡᠯᠡᠨ ᠰᠠᠶᠢᠬᠠᠨ ᠠᠮᠡᠨ ᠢᠷᠤᠬᠡᠯ ᠢᠶᠠᠨ ᠦᠭᠲᠡᠭ ᠃ ᠢᠷᠦᠬᠡᠯ ᠢ ᠰᠤᠨᠤᠰᠤᠭᠠᠳ ᠄ | ︽ ᠵᠡ ᠂ ᠢᠷᠦᠬᠡᠯ ᠲᠤᠬᠲᠠᠬᠤ ᠪᠤᠯᠲᠤᠭᠠᠢ ︾ ᠬᠡᠵᠤ ᠢᠷᠦᠬᠡᠯ ᠬᠠᠶᠢᠷᠡᠯᠠᠬᠰᠠᠨ ᠠᠬᠠᠮᠠᠳ ᠤᠨ ᠵᠦᠭ | ᠲᠡᠬᠢᠨᠲᠡ ᠮᠡᠬᠦ᠋ᠢᠨ ᠶᠤᠰᠤᠯᠡᠭᠠᠳ ᠬᠤᠶᠢᠰᠢ ᠤᠬᠤᠷᠢᠨ ᠵᠤᠬᠰᠤᠲᠠᠬ ᠶᠤᠰᠤ ᠲᠠᠢ ᠃ ᠬᠡᠷ ᠤᠨ ᠡᠵᠡᠨ ᠪᠤᠶᠤ | ᠠᠬᠠᠮᠠᠳ ᠠᠴᠠ ︽ ᠵᠡ ᠂ ᠵᠡ ᠂ ᠰᠠᠭᠤ ᠂ ᠰᠠᠭᠤ ︾ ᠬᠡᠵᠤ ᠬᠡᠯᠡᠬᠦᠯᠡᠷ ᠰᠠᠶ᠋ᠢ ᠰᠠᠭᠤᠲᠠᠬ ᠤᠴᠢᠷ ᠲᠠᠢ ᠃ | ᠲᠤᠰᠬᠠᠢ ᠪᠠᠷᠢᠬᠰᠠᠨ ᠬᠠᠲᠠᠬ ᠢ ᠪᠤᠯ ᠡᠷᠬᠦᠨ ᠲᠤᠰᠴᠤ ᠠᠪᠤᠭᠠᠳ ᠲᠡᠭᠡᠷ᠎ᠡ ᠭᠠᠵᠡᠷ ᠡᠪᠬᠡᠵᠤ ᠬᠤᠷᠢᠶᠡᠨ | ᠲᠠᠯᠪᠢᠬᠤ ᠪᠤᠶᠤ ᠡᠪᠤᠷᠯᠡᠲᠡᠭ ᠃ ᠤᠴᠢᠷ ᠨᠢ ᠬᠠᠲᠠᠬ ᠪᠤᠯ ᠶᠢᠰᠤ ᠶᠢᠰᠦ ᠨᠡᠶᠡᠨ ᠨᠢᠬᠡᠨ ᠪᠠᠯᠡᠭ ᠤᠨ ᠲᠡᠷᠢᠬᠦᠨ | ᠪᠡᠯᠡᠭ ᠂ ᠮᠦᠨ ᠴᠤ ᠰᠤᠷᠲᠡᠯ ᠲᠠᠢ ᠪᠢᠯᠡ ᠃ ᠲᠠᠪᠤ ᠂ ᠠᠮᠤᠷ ᠡᠷᠢᠬᠦ ᠳᠤ ᠪᠠᠨ ᠰᠦᠬᠦᠷᠡᠨ ᠠᠮᠤᠷ ᠡᠷᠢᠨ᠎ᠠ ᠃ | ᠡᠬᠦᠨ ᠳᠤ ᠰᠦᠬᠦᠷᠡᠨ ᠠᠮᠤᠷ ᠡᠷᠢᠬᠦ ᠬᠡᠲᠡᠭ ᠢ ᠰᠤᠷᠤᠬᠴᠢᠳ ᠲᠤ ᠵᠢᠭᠠᠵᠤ ᠦᠭᠬᠦᠨ᠎ᠠ ᠃ ᠰᠦᠬᠦᠷᠡᠨ ᠠᠮᠤᠷ | ᠡᠷᠢᠬᠦ ᠬᠡᠲᠡᠭ ᠨᠢ ᠡᠷᠡᠭᠲᠡᠢ ᠪᠤᠯ ᠬᠤᠶᠡᠷ ᠭᠠᠷ ᠤᠨ ᠠᠯᠠᠭ᠎ᠠ ᠪᠠᠨ ᠲᠤᠭᠤᠬᠰᠢ ᠬᠠᠨᠲᠦᠭᠤᠯᠤᠨ ᠪᠠᠷᠡᠭᠤᠨ ᠡᠪᠤᠲᠦᠭ | ᠲᠡᠭᠡᠷ᠎ᠡ ᠪᠠᠨ ᠲᠡᠷᠤᠵᠤ ᠂ ᠵᠡᠬᠦᠨ ᠡᠪᠤᠲᠦᠭ ᠢᠶᠠᠷ ᠢᠶᠠᠨ ᠨᠤᠭᠤᠷᠡᠰᠬᠢᠨ ᠂ ᠪᠦᠬᠦ ᠪᠠᠶ᠎ᠠ ᠮᠡᠬᠦ᠋ᠢᠰᠬᠢᠨ ᠶᠤᠰᠤᠯᠡᠨ | ᠵᠤᠯᠭᠠᠬᠤ ᠶᠢ ᠬᠡᠯᠡᠨ᠎ᠠ ᠃ ᠡᠮᠡᠭᠲᠡᠢ ᠪᠤᠯ ᠵᠡᠬᠦᠨ ᠡᠪᠤᠲᠦᠭ ᠢᠶᠠᠨ ᠲᠡᠷᠢᠵᠤ ᠰᠦᠬᠦᠷᠡᠨ ᠵᠤᠯᠭᠠᠨ᠎ᠠ ᠃ ᠮᠡᠨᠲᠦ | ᠮᠡᠨᠲᠤᠯᠡᠬᠦ ᠳᠤ ᠪᠠᠨ ᠦᠨᠲᠦᠷ ᠨᠡᠰᠤᠲᠡᠢ ᠤᠯᠤᠰ ᠤᠳ ᠪᠤᠯ ︽ ᠬᠦᠬᠡᠷᠭᠡ ᠰᠠᠶᠢᠨ ᠤᠤ ︖ ᠲᠡᠩᠭᠡᠭᠡ | ᠰᠠᠶᠢᠨ ᠤᠤ ︖︾ ᠬᠡᠵᠤ ᠮᠡᠨᠲᠦᠯᠡᠬᠦ ᠪᠡ ᠠᠬᠠᠮᠠᠳ ᠲᠤᠮᠤᠭᠠᠲᠠᠳ ᠲᠤ ᠪᠤᠯ ︽ ᠪᠠᠶ᠎ᠠ ᠰᠠᠶᠢᠨ ᠤᠤ ︖ | ︾ ᠬᠡᠵᠤ ᠂ ᠨᠡᠶᠢᠵᠡ ᠨᠦᠬᠦᠳ ᠲᠠᠢ ᠪᠠᠨ ᠪᠤᠯ ︽ ᠰᠠᠶᠢᠨ ᠤᠤ ︖ ᠰᠠᠶᠢᠨ ᠪᠠᠶᠢᠨ᠎ᠠ ᠤᠤ ︖ ︾ | ᠬᠡᠵᠤ ᠮᠡᠲᠦᠴᠢᠯᠡᠨ ᠵᠤᠯᠭᠠᠨ᠎ᠠ ᠃ ᠶᠠᠷᠦ ᠠᠲᠠᠯᠢ ᠪᠤᠰᠤ ᠦᠶ᠎ᠠ ᠵᠡᠷᠬᠡ ᠲᠠᠢ ᠪᠤᠶᠤ ᠠᠲᠠᠯᠢ ᠪᠤᠰᠤ ᠨᠠᠰᠤᠨ ᠤ | ᠬᠦᠮᠤᠰ ᠲᠤ ᠠᠲᠠᠯᠢ ᠪᠤᠰᠤ ᠶᠢᠨ ᠮᠠᠨᠲᠦ ᠬᠢᠲᠡᠭ ᠃ | ᠡᠬᠦᠨ ᠠᠴᠠ ᠭᠠᠲᠠᠨ᠎ᠠ ᠠᠮᠠᠷᠡᠯᠲᠡ ᠶᠢᠨ ᠬᠤᠭᠤᠴᠠᠭᠠᠨ ᠤ ᠲᠠᠰᠬᠠᠯ ᠳᠤ ᠰᠤᠷᠤᠬᠴᠢᠳ ᠤᠨ ᠰᠤᠷᠴᠤ | ᠪᠠᠶᠢᠭ᠎ᠠ ᠬᠢᠴᠢᠶᠡᠯ ᠲᠦᠷᠦᠯ ᠳᠤ ᠬᠤᠯᠪᠤᠬᠲᠠᠬᠤ ᠠᠭᠤᠯᠭ᠎ᠠ ᠶᠢ ᠬᠠᠷᠢᠴᠠᠩᠭᠤᠢ ᠪᠠᠷ ᠪᠠᠭ᠎ᠠ ᠰᠢᠬ ᠂ ᠠᠮᠢᠲᠦᠷᠡᠯ | ᠲᠠᠢ ᠬᠤᠯᠪᠤᠬᠲᠠᠬᠤ ᠂ ᠰᠤᠷᠤᠬᠴᠢᠳ ᠤᠨ ᠲᠤᠷ᠎ᠠ ᠪᠠᠬ᠎ᠠ ᠲᠠᠢ ᠠᠭᠤᠯᠭ᠎ᠠ ᠶᠢ ᠢᠯᠡᠬᠦᠬᠡᠨ ᠲᠤᠬᠢᠷᠡᠭᠤᠯᠵᠤ | ᠪᠤᠯᠤᠨ᠎ᠠ ᠃ ᠶᠠᠭᠤ ᠪᠤᠯᠤᠬᠰᠠᠨ ᠴᠤ ᠠᠮᠠᠷᠡᠯᠲᠡ ᠶᠢᠨ ᠬᠤᠭᠤᠴᠠᠭᠠᠨ ᠤ ᠲᠠᠰᠬᠠᠯ ᠢ ᠦᠯᠡᠲᠡᠭᠡᠬᠦ ᠳᠤ ᠪᠠᠨ | ᠰᠤᠷᠭᠠᠭᠤᠯᠢ ᠠᠴᠠ ᠴᠢᠬᠤᠯᠡᠴᠢᠯᠡᠨ ᠦᠵᠡᠵᠤ ᠂ ᠡᠯ᠎ᠠ ᠬᠢᠴᠢᠶᠡᠯ ᠲᠦᠷᠦᠯ ᠤᠨ ᠪᠠᠭᠰᠢ ᠬᠠᠷᠢᠯᠴᠡᠨ | ᠵᠦᠪᠲᠡᠯᠴᠡᠵᠤ ᠂ ᠬᠠᠷᠡᠯᠲᠡ ᠵᠤᠷᠢᠯᠭ᠎ᠠ ᠪᠠᠨ ᠲᠤᠲᠤᠷᠬᠠᠢᠢᠯᠡᠨ ᠂ ᠠᠭᠤᠯᠭ᠎ᠠ ᠰᠡᠲᠦᠪ ᠢᠶᠠᠨ ᠰᠢᠯᠢᠨ | ᠪᠤᠯᠪᠠᠰᠤᠷᠡᠭᠤᠯᠵᠤ ᠂ ᠰᠤᠷᠤᠬᠴᠢ ᠪᠡ ᠭᠠᠵᠡᠷ ᠤᠷᠤᠨ ᠤ ᠪᠠᠨ ᠪᠤᠲᠡᠲᠦ ᠪᠠᠶᠢᠲᠡᠯ ᠠᠴᠠ ᠡᠬᠦᠰᠤᠨ ᠂ | ᠰᠢᠨᠵᠢᠯᠡᠬᠦ ᠤᠬᠠᠭᠠᠨᠴᠢ ᠪᠠᠷ ᠲᠤᠬᠢᠷᠡᠭᠤᠯᠪᠡᠯ ᠵᠤᠬᠢᠨ᠎ᠠ ᠃ ᠪᠠᠭᠰᠢ ᠨᠡᠷ ᠰᠢᠨ᠎ᠠ ᠬᠢᠴᠢᠶᠡᠯᠯᠡᠭᠡ ᠶᠢᠨ ᠦᠬᠡᠷᠡᠴᠢᠯᠡᠯᠲᠡ | ᠲᠠᠢ ᠤᠶᠡᠯᠲᠦᠭᠤᠯᠤᠨ ᠠᠮᠠᠷᠡᠯᠲᠡ ᠶᠢᠨ ᠬᠤᠭᠤᠴᠠᠭᠠᠨ ᠤ ᠲᠠᠰᠬᠠᠯ ᠢ ᠦᠯᠡᠲᠡᠭᠡᠬᠦ ᠳᠤ ᠪᠠᠨ ᠵᠡᠪᠡᠯ | ᠰᠤᠷᠤᠬᠴᠢ ᠳᠤ ᠴᠢᠯᠤᠬᠡᠲᠡᠢ ᠂ ᠪᠡᠶᠡᠷ ᠬᠦᠷ ᠲᠠᠢ ᠂ ᠲᠤᠷ᠎ᠠ ᠪᠠᠬ᠎ᠠ ᠲᠠᠢ ᠠᠮᠢᠲᠦᠷᠡᠯ ᠲᠠᠢ ᠤᠶᠡᠯᠲᠤᠭᠤᠯᠬᠤ ᠶᠢ | ᠤᠷᠢᠲᠡᠴᠢ ᠨᠦᠬᠦᠴᠡᠯ ᠢᠶᠠᠨ ᠪᠤᠯᠭᠠᠬᠰᠠᠨ ᠪᠠᠶᠢᠬᠤ ᠬᠡᠷᠡᠭᠲᠡᠢ ᠂ ᠢᠩᠬᠢᠪᠡᠯ ᠰᠠᠶ᠋ᠢ ᠰᠤᠷᠤᠬᠴᠢᠳ ᠲᠠᠰᠬᠠᠯ ᠠᠴᠠ | ᠲᠡᠷᠤᠭᠠᠰᠤ ᠪᠢᠰᠢ ᠬᠠᠷᠢᠨ ᠲᠤᠰᠠ ᠤᠯᠵᠤ ᠬᠦᠷᠲᠡᠬᠦ ᠶᠤᠮ ᠃ | | | | |