ᠬᠠᠶᠢᠷ᠎ᠠ ᠬᠠᠷᠢᠭᠤᠴᠠᠯᠭ᠎ᠠ ᠠᠴᠠ ᠤᠨᠲᠤᠷᠤᠬᠰᠠᠨ ᠬᠠᠷᠠᠮ ᠦᠭᠡᠢ ᠵᠢᠳᠬᠦᠯ
ᠨᠡᠶᠢᠲᠡᠯᠡᠭᠰᠡᠨ ᠴᠠᠭ᠄
2021/2/5
     ᠬᠠᠶᠢᠷ᠎ᠠ ᠬᠠᠷᠢᠭᠤᠴᠠᠯᠭ᠎ᠠ ᠠᠴᠠ ᠤᠨᠲᠤᠷᠤᠬᠰᠠᠨ ᠬᠠᠷᠠᠮ ᠦᠭᠡᠢ ᠵᠢᠳᠬᠦᠯ        ᠊᠊᠊᠊᠊᠊ 2020 ᠣᠨ ᠳᠤ ᠮᠠᠨ ᠤ ᠬᠤᠲᠠ ᠶᠢᠨ ︽ᠬᠠᠤᠯᠢ ᠪᠠᠷ ᠵᠠᠰᠠᠬᠤ ᠠᠷᠪᠠᠨ ᠰᠤᠳᠤᠨ ᠬᠥᠮᠦᠨ ︾  ᠢᠶᠠᠷ ᠲᠤᠲᠤᠷᠠᠬᠰᠠᠨ ᠵᠤᠤ ᠱᠠᠨ ᠢ ᠲᠡᠮᠲᠡᠭᠯᠡᠪᠡ        2015 ᠣᠨ  ᠤ 8 ᠰᠠᠷ᠎ᠠ  ᠳᠤ ᠂ ᠴᠤᠭ ᠵᠤᠯᠢ ᠪᠠᠳᠠᠷᠠᠭᠰᠠᠨ ᠵᠤᠤ ᠱᠠᠨ ᠪᠠᠶᠢᠴᠠᠭᠠᠬᠤ ᠦᠶᠯᠡᠰ  ᠲᠤ ᠡᠷᠬᠢᠮ ᠳᠡᠭᠡᠳᠦ ᠬᠦᠨᠳᠦᠳᠬᠡᠯ ᠪᠠ ᠤᠷᠬᠢᠯᠤᠮ᠎ᠠ ᠬᠠᠯᠠᠭᠤᠨ ᠰᠡᠳᠬᠢᠯᠭᠡ ᠡᠪᠦᠷᠯᠡᠨ ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ  ᠤ ᠠᠷᠠᠳ  ᠤᠨ ᠪᠠᠶᠢᠴᠠᠭᠠᠬᠤ ᠬᠤᠷᠢᠶᠠᠨ  ᠤ ᠠᠯᠳᠠᠨ ᠪᠤᠱᠤᠭ᠎ᠠ ᠶᠢ ᠠᠯᠬᠤᠨ ᠣᠷᠣᠪᠠ ᠃ ᠦᠢᠯᠡᠰ  ᠤᠨ ᠲᠦᠷᠦᠭᠡ ᠬᠢᠰᠬᠢᠯᠡᠭᠰᠡᠨ ᠲᠡᠷᠡ ᠴᠠᠭ ᠠᠴᠠ ᠡᠬᠢᠯᠡᠨ ᠂ ᠵᠤᠤ ᠱᠠᠨ ᠰᠢᠷᠭᠠᠭᠤ ᠴᠢᠷᠮᠠᠶᠢᠯᠭ᠎ᠠ  ᠪᠠᠷ  ᠢᠶᠠᠨ ᠯᠠᠪᠳᠠᠭᠤᠨ ᠪᠠᠲᠤᠲᠠᠶ ᠲᠤᠬᠠᠢᠢᠯᠠᠭᠰᠠᠨ ᠠᠵᠢᠯ  ᠤᠨ ᠮᠡᠳᠡᠯᠭᠡ ᠪᠣᠯᠪᠠᠰᠤᠷᠠᠯ  ᠢ ᠬᠤᠷᠠᠮᠳᠤᠭᠤᠯᠵᠤ ᠂ ᠦᠨᠳᠦᠰᠦᠨ ᠱᠠᠲᠤᠨ  ᠤ ᠠᠷᠠᠳ ᠤᠯᠠᠨ ᠳᠤ ᠪᠠᠨ ᠦᠷᠦᠪᠴᠢ ᠬᠠᠶᠢᠷ᠎ᠠ ᠪᠠᠨ ᠶᠠᠭᠦᠯᠡᠵᠤ ᠶᠠᠪᠤᠭᠰᠠᠨ ᠰᠠᠨ ᠃ ᠡᠮᠡᠭᠲᠡᠶᠢᠴᠦᠳ  ᠲᠤ ᠤᠨᠴᠠ ᠪᠠᠶᠢᠳᠠᠭ ᠬᠠᠶᠢᠷ᠎ᠠ ᠬᠠᠯᠠᠮᠵᠢ ᠂ ᠨᠠᠷᠢᠨ ᠨᠢᠮᠪᠠᠶ ᠵᠠᠩ ᠠᠭᠠᠯᠢ ᠪᠠ ᠲᠡᠰᠪᠦᠷᠢ ᠲᠡᠪᠴᠢᠶᠡᠷᠢ  ᠪᠠᠷ  ᠢᠶᠠᠨ ᠪᠤᠷᠤᠭᠤ ᠠᠯᠬᠤᠭᠰᠠᠨ ᠨᠠᠰᠤᠨ  ᠳᠤ ᠦᠯᠦ ᠬᠦᠷᠦᠭᠰᠡᠳ  ᠢ ᠰᠤᠷᠭᠠᠨ ᠬᠥᠮᠦᠵᠢᠭᠦᠯᠵᠦ ᠂ ᠤᠶᠠᠷᠠᠭᠤᠯᠤᠨ ᠤᠬᠠᠭᠠᠷᠠᠭᠤᠯᠵᠤ ᠂ ᠲᠡᠳᠡᠨ  ᠤ ᠠᠮᠢᠳᠤᠷᠠᠯ  ᠤᠨ ᠢᠲᠡᠭᠡᠯ ᠵᠤᠷᠢᠭ  ᠢ ᠳᠠᠬᠢᠨ ᠬᠦᠪᠴᠢᠯᠡᠵᠤ ᠂ ᠬᠡᠪ  ᠤᠨ ᠰᠤᠷᠤᠯᠭ᠎ᠠ ᠠᠮᠢᠳᠤᠷᠠᠯ  ᠤᠨ ᠵᠠᠮ  ᠳᠤ ᠨᠢ ᠲᠠᠳᠠᠭᠰᠠᠨ ᠪᠠᠶᠢᠨ᠎ᠠ ᠃ ᠲᠡᠭᠦᠨ  ᠳᠤ ᠠᠪᠴᠤ ᠬᠡᠯᠡᠪᠡᠯ ᠂ ᠨᠠᠰᠤᠨ ᠳᠤ ᠦᠯᠦ ᠬᠦᠷᠦᠭᠰᠡᠳ  ᠤᠨ ᠪᠠᠶᠢᠴᠠᠭᠠᠬᠤ ᠠᠵᠢᠯ ᠨᠢ ᠬᠠᠮᠤᠭ ᠡᠷᠬᠢᠮ ᠨᠠᠨᠳᠢᠨ ᠵᠦᠢᠯ ᠪᠥᠭᠡᠳ ᠨᠢᠭᠡ ᠨᠠᠰᠤᠨ  ᠤ ᠬᠢᠨᠢ ᠦᠪ ᠡᠷᠳᠡᠨᠢ ᠪᠤᠯᠵᠠᠢ ᠃     ᠨᠠᠰᠤᠨ ᠳᠤ ᠦᠯᠦ ᠬᠦᠷᠦᠭᠰᠡᠳ  ᠤᠨ ᠡᠷᠡᠭᠦᠯ ᠰᠠᠷᠠᠭᠤᠯ ᠦᠰᠦᠨ ᠪᠤᠶᠢᠵᠢᠯᠳᠠ ᠶᠢᠨ ᠲᠦᠯᠦᠭᠡᠨ᠎ᠠ ᠦᠨᠡᠨᠴᠢ  ᠪᠠᠷ ᠵᠢᠳᠭᠦᠵᠦ ᠶᠠᠪᠤᠭᠰᠠᠨ ᠵᠣᠣ ᠱᠠᠨ ᠪᠤᠯ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ  ᠤ ᠠᠷᠠᠳ  ᠤᠨ ᠪᠠᠶᠢᠴᠠᠭᠠᠬᠤ ᠬᠤᠷᠢᠶᠠᠨ  ᠤ ᠪᠠᠶᠢᠴᠡᠭᠠᠬᠴᠢ ᠶᠢᠨ ᠲᠤᠰᠠᠯᠠᠭᠴᠢ ᠂ ᠨᠠᠰᠤᠨ ᠳᠤ ᠦᠯᠦ ᠬᠦᠷᠦᠭᠰᠡᠳ  ᠤᠨ ᠬᠡᠷᠡᠭ  ᠢ ᠪᠠᠶᠢᠴᠠᠭᠠᠨ ᠰᠢᠶᠳᠪᠦᠷᠢᠯᠡᠬᠦ ᠳᠤᠭᠤᠢᠢᠯᠠᠩ  ᠤᠨ ᠭᠡᠰᠢᠭᠦᠨ ᠪᠤᠯᠤᠨ᠎ᠠ ᠃ ᠲᠡᠷᠡ ᠪᠠᠷ 2020 ᠣᠨ  ᠳᠤ ᠮᠠᠨ  ᠤ ᠬᠤᠲᠠ  ᠶᠢᠨ ︽ ᠬᠠᠥᠯᠢ ᠪᠠᠷ ᠵᠠᠰᠠᠬᠤ ᠠᠷᠪᠠᠨ ᠰᠤᠳᠤᠨ ᠬᠥᠮᠦᠨ ︾   ᠤ ᠢᠷᠠᠭᠤ ᠠᠯᠳᠠᠷ  ᠢ ᠭᠥᠷᠳᠡᠭᠰᠡᠨ ᠪᠠᠶᠢᠨ᠎ᠠ ᠃ ᠲᠤᠬᠠᠢ ᠶᠢᠨ ᠱᠠᠩᠨᠠᠯ ᠣᠯᠭᠤᠬᠤ ᠶᠣᠰᠣᠯᠠᠯ  ᠤᠨ ᠠᠬᠤᠢ ᠲᠠᠯᠠᠪᠠᠢ  ᠳᠤ ︽ ᠡᠨᠡ ᠬᠦ ᠢᠷᠠᠭᠤ ᠠᠯᠳᠠᠷ ᠨᠢ ᠮᠢᠨᠦ ᠲᠠᠪᠤᠨ ᠵᠢᠯ ᠭᠠᠷᠤᠢ ᠶᠢᠨ ᠠᠵᠢᠯ  ᠳᠤ ᠬᠦᠢᠴᠡᠳ ᠨᠤᠳᠠᠯᠠᠯᠳᠠ ᠦᠭᠴᠡᠢ ᠂ ᠡᠨᠡ ᠨᠢ ᠮᠦᠨ ᠴᠤ ᠡᠭᠦᠷᠭᠡ ᠬᠠᠷᠢᠭᠤᠴᠠᠯᠭ᠎ᠠ ᠪᠤᠯᠬᠤ ᠶᠤᠮ ᠂ ᠬᠤᠵᠢᠮ ᠬᠤᠶᠢᠰᠢᠳᠠ ᠪᠢ ᠨᠠᠰᠤᠨ  ᠳᠤ ᠦᠯᠦ ᠬᠦᠷᠦᠭᠰᠡᠳ  ᠤᠨ ᠬᠡᠷᠡᠭ  ᠢ ᠪᠠᠶᠢᠴᠠᠭᠠᠬᠤ ᠠᠵᠢᠯ  ᠢ ᠤᠯᠠᠮ ᠰᠠᠶᠢᠲᠤᠷ ᠬᠢᠵᠦ ᠂ ᠠᠷᠠᠳ ᠲᠦᠮᠡᠨ  ᠳᠤ ᠨᠡᠩ ᠰᠡᠶᠢᠠ ᠦᠢᠯᠡᠴᠢᠯᠡᠨ᠎ᠡ ︾ ᠭᠡᠵᠦ ᠵᠤᠤ ᠱᠠᠨ ᠰᠡᠳᠬᠢᠯ ᠲᠤᠭᠳᠤᠯᠦᠩᠭᠤᠢ ᠶᠠᠷᠢᠬᠰᠠᠨ ᠪᠠᠶᠢᠨ᠎ᠠ ᠃     ᠠᠵᠢᠯ  ᠤᠨ ᠭᠠᠷᠤᠭ᠎ᠠ ᠪᠠᠨ ᠠᠪᠤᠭᠰᠠᠨ  ᠠᠴᠠ ᠨᠠᠭᠠᠰᠢ ᠂ ᠲᠡᠷᠡ ᠪᠠᠷ ᠢᠮᠠᠭᠲᠠ ᠥᠪᠡᠷ  ᠤᠨ ᠪᠡᠶ᠎ᠡ  ᠪᠠᠨ ᠥᠨᠳᠥᠷ ᠪᠠᠷᠢᠮᠵᠢᠶ᠎ᠠ  ᠪᠠᠷ ᠴᠢᠩᠭ᠎ᠠ ᠱᠠᠭᠠᠷᠳᠠᠬᠰᠠᠭᠠᠷ ᠢᠷᠡᠵᠡᠢ ᠃ ᠬᠡᠳᠦ᠋ᠢᠪᠡᠷ ᠰᠤᠷᠭᠠᠭᠤᠯᠢ  ᠳᠤ ᠪᠠᠶᠢᠬᠤ  ᠳᠤ ᠪᠠᠨ 4 ᠵᠢᠯ ᠬᠠᠤᠯᠢ ᠴᠠᠭᠠᠵᠠ  ᠶᠢᠨ ᠲᠤᠰᠬᠠᠶ ᠮᠡᠷᠭᠡᠵᠢᠯ ᠰᠤᠷᠤᠭᠰᠠᠨ ᠪᠣᠯᠪᠠᠴᠤ ᠦᠢᠯᠡᠳᠦᠯᠭᠡ ᠶᠢᠨ ᠲᠤᠷᠰᠢᠯᠭ᠎ᠠ ᠲᠤᠳᠠᠮᠠᠭ ᠤᠴᠢᠷ ᠠᠴᠠ ᠬᠠᠮᠳᠤ ᠠᠵᠢᠯᠯᠠᠭᠰᠠᠳ ᠠᠴᠠ ᠪᠠᠨ ᠬᠢᠴᠢᠶᠡᠨ ᠰᠤᠷᠴᠤ ᠂ ᠨᠠᠰᠤᠨ ᠳᠤ ᠦᠯᠦ ᠬᠦᠷᠦᠭᠰᠡᠳ  ᠤᠨ ᠬᠡᠷᠡᠭ  ᠢ ᠦᠨᠡᠨ ᠬᠦ ᠰᠠᠶᠢᠲᠤᠷ ᠰᠢᠶᠳᠪᠦᠷᠢᠯᠡᠬᠦ ᠪᠠᠷ ᠴᠢᠷᠮᠠᠶᠢᠨ ᠠᠵᠢᠯᠯᠠᠵᠠᠢ ᠃ ᠨᠣᠮ ᠪᠢᠴᠢᠭ  ᠤᠨ ᠮᠡᠳᠡᠯᠭᠡ ᠪᠠ ᠦᠢᠯᠡᠳᠦᠯᠭᠡ  ᠶᠢᠨ ᠳᠤᠮᠳᠠᠬᠢ ᠲᠤᠷᠰᠢᠯᠭ᠎ᠠ  ᠶᠢ ᠤᠶᠠᠯᠳᠤᠭᠤᠯᠵᠤ ᠂ ᠬᠡᠷᠡᠭ  ᠢ ᠰᠠᠶᠢᠳᠤᠷ ᠰᠢᠢᠳᠪᠦᠷᠢᠯᠡᠬᠦ ᠶᠢ ᠪᠡᠶᠡᠯᠡᠭᠦᠯᠪᠠ ᠃ ᠲᠡᠷᠡ ᠲᠤᠬᠠᠢᠢᠯᠠᠭᠰᠠᠨ ᠠᠵᠢᠯ  ᠤᠨ ᠰᠤᠷᠤᠯᠴᠠᠯᠭ᠎ᠠ  ᠪᠠᠨ ᠲᠠᠰᠤᠷᠠᠯᠲᠠ ᠦᠭᠡᠢ ᠴᠢᠩᠭᠠᠳᠬᠠᠵᠤ ᠂ ᠨᠠᠰᠤᠨ  ᠳᠤ ᠦᠯᠦ ᠬᠦᠷᠦᠭᠰᠡᠳ  ᠤᠨ ᠪᠠᠶᠢᠴᠠᠭᠠᠬᠤ ᠠᠵᠢᠯ  ᠤᠨ ᠠᠷᠭ᠎ᠠ ᠮᠠᠶ᠋ᠢᠭ  ᠢ ᠰᠢᠮᠳᠠᠨ ᠰᠤᠳᠤᠯᠤᠭᠰᠠᠨ  ᠤ ᠬᠠᠮᠲᠤ ᠶᠡᠭᠡ ᠬᠡᠮᠵᠢᠶᠡᠨ  ᠤ ᠰᠡᠳᠬᠢᠴᠡ ᠵᠦᠢ ᠪᠠ ᠵᠠᠯᠠᠭᠤ ᠪᠠᠭᠠᠴᠤᠳ  ᠤᠨ ᠰᠡᠳᠬᠢᠴᠡ  ᠶᠢᠨ ᠡᠷᠡᠭᠦᠯ ᠮᠡᠨᠳᠦ  ᠶᠢᠨ ᠲᠦᠷᠦᠯ  ᠤᠨ ᠨᠤᠮ ᠰᠤᠳᠤᠷ ᠤᠷᠪᠠᠭᠤᠯᠤᠨ ᠥᠪᠡᠷ  ᠢᠶᠠᠨ ᠰᠤᠷᠴᠤ ᠂ ︽ ᠰᠡᠳᠬᠢᠴᠡ   ᠶᠢᠨ ᠵᠥᠪᠯᠡᠭᠴᠢ ︾ ᠶᠢᠨ ᠭᠤᠷᠪᠠᠳᠤᠭᠠᠷ ᠳᠡᠰ  ᠤᠨ ᠰᠢᠯᠭᠠᠯᠲᠠ  ᠶᠢ ᠥᠩᠭᠡᠷᠡᠵᠦ ᠂ ᠨᠠᠰᠤᠨ  ᠳᠤ ᠦᠯᠦ ᠬᠦᠷᠦᠭᠰᠡᠳ  ᠤᠨ ᠬᠡᠷᠡᠭ  ᠢ ᠰᠢᠶᠳᠪᠦᠷᠢᠯᠡᠬᠦ  ᠳᠤ ᠪᠠᠲᠤ ᠪᠠᠬᠢ ᠰᠠᠭᠤᠷᠢ  ᠶᠢ ᠲᠠᠯᠪᠢᠭᠰᠠᠨ ᠪᠠᠶᠢᠨ᠎ᠠ ᠃     ᠨᠠᠰᠤᠨ  ᠳᠤ ᠥᠯᠥ ᠭᠦᠷᠦᠭᠰᠡᠳ  ᠲᠤ ᠬᠤᠯᠪᠣᠭᠳᠠᠭᠰᠠᠨ ᠬᠡᠷᠡᠭ  ᠤᠨ ᠲᠤᠬᠠᠶ ᠵᠣᠣ ᠱᠠᠨ ᠮᠠᠰᠢ ᠬᠦᠨ ᠲᠥᠷᠥᠭᠳᠡᠯ  ᠲᠠᠢ ᠪᠠᠶᠢᠪᠠ ᠃ ᠲᠡᠷᠡ ᠡᠶᠢᠮᠦ ᠨᠢᠭᠡᠨ ᠬᠡᠷᠡᠭ  ᠢ ᠰᠢᠶᠳᠪᠦᠷᠢᠯᠡᠵᠤ ᠥᠩᠭᠡᠷᠡᠵᠡᠶ ᠄ ᠨᠠᠰᠤᠨ  ᠳᠤ ᠬᠦᠷᠦᠭᠡᠲᠦᠢ 4 ᠬᠡᠥᠬᠡᠳ ᠰᠦᠯᠵᠢᠶᠡᠨ  ᠳᠤ ᠭᠠᠷᠬᠤ ᠵᠣᠭᠤᠰ ᠥᠬᠡᠶ ᠪᠣᠯᠵᠣ ᠂ ᠲᠦᠷᠪᠡᠭᠦᠯᠡ ᠪᠠᠨ ᠬᠠᠮᠳᠤᠷᠠᠨ ᠪᠤᠰᠤᠳ  ᠤᠨ ᠵᠤᠭᠤᠰ  ᠢ ᠪᠤᠯᠢᠶᠠᠨ ᠳᠡᠭᠡᠷᠡᠮᠳᠡᠵᠡᠶ ᠃ ᠲᠡᠮᠳᠡᠭᠯᠡᠯ ᠬᠢᠬᠦ ᠦᠶ᠎ᠠ  ᠳᠤ ᠂ ᠭᠡᠷ  ᠤᠨ ᠠᠬᠠᠮᠠᠳ  ᠲᠠᠢ ᠨᠢ ᠤᠳᠠᠰᠤ ᠪᠠᠷ ᠬᠠᠷᠢᠯᠴᠠᠬᠤ ᠳᠤ ᠬᠡᠷᠡᠭ  ᠲᠤ ᠬᠤᠯᠪᠣᠭᠳᠠᠭᠰᠠᠨ ᠬᠡᠳᠦᠨ ᠬᠡᠦᠭᠡᠳ  ᠤᠨ ᠡᠴᠢᠭᠡ ᠡᠬᠡ ᠨᠢ ᠴᠦᠮ ᠤᠷᠤᠭ ᠰᠠᠯᠤᠭᠰᠠᠨ ᠪᠢᠰᠢ ᠪᠤᠯ ᠲᠡᠳᠡᠨ  ᠢ ᠬᠠᠮᠢᠶᠠᠷᠴᠤ ᠲᠡᠶᠢᠯᠬᠦ ᠦᠭᠡᠶ ᠪᠤᠯᠤᠭᠰᠠᠨ  ᠢ ᠮᠡᠳᠡᠵᠡᠶ ᠃ ᠡᠨᠡ ᠨᠢ ᠵᠣᠣ ᠱᠠᠨ  ᠤ ᠰᠡᠳᠬᠢᠯ  ᠢ ᠭᠦᠨ ᠬᠥᠨᠳᠡᠵᠡᠶ ᠃ ︽ ᠠᠰᠠᠭᠤᠳᠠᠯ  ᠲᠠᠢ ᠬᠡᠦᠬᠡᠳ ᠨᠢᠭᠡᠪᠦᠷᠢ  ᠶᠢᠨ ᠠᠷᠤ  ᠳᠤ ᠴᠥᠮ ᠠᠰᠠᠭᠤᠳᠠᠯ  ᠲᠠᠢ ᠭᠡᠷ ᠪᠦᠯᠢ ᠪᠠᠶᠢᠳᠠᠭ ᠂ ᠡᠶᠢᠮᠦ  ᠠᠴᠠ ᠪᠢ ᠡᠳᠡᠭᠡᠷ ᠬᠡᠦᠬᠡᠳ  ᠤᠨ ᠡᠮᠦᠨ᠎ᠡ  ᠠᠴᠠ ᠶᠠᠭᠤ ᠨᠢᠭᠡ  ᠶᠢ ᠬᠠᠪᠰᠤᠷᠴᠤ ᠬᠢᠶ᠎ᠡ ᠭᠡᠵᠦ ᠶᠡᠭᠡ ᠰᠠᠨᠠᠲᠠᠭ ᠂ ᠬᠡᠳᠦ᠋ᠢᠪᠡᠷ ᠨᠢᠬᠡ ᠯᠡ ᠬᠦᠮᠦᠨ   ᠤ ᠬᠦᠴᠦ ᠬᠢᠵᠠᠭᠠᠷ  ᠲᠠᠢ ᠪᠣᠯᠪᠠᠴᠤ ᠦᠷᠬᠦᠯᠵᠢᠯᠡᠨ ᠬᠢᠳᠡᠭ ᠯᠡ ᠶᠤᠮ ᠪᠣᠯ ᠭᠡᠦᠭᠡᠳ  ᠤᠨ ᠢᠷᠡᠭᠡᠳᠦᠢ   ᠳᠤ ᠯᠠᠪ ᠲᠤᠰᠠ ᠬᠦᠷᠭᠡᠨ᠎ᠡ ︾ ᠭᠡᠵᠦ ᠵᠤᠤ ᠱᠠᠨ ᠶᠠᠷᠢᠨ᠎ᠠ ᠃     5 ᠵᠢᠯ  ᠤᠨ ᠲᠤᠷᠰᠢ ᠂ ᠵᠣᠣ ᠱᠠᠨ ᠨᠠᠰᠤᠨ  ᠳᠤ ᠤᠢᠯᠦ ᠬᠦᠷᠦᠭᠰᠡᠦᠠ  ᠢ ᠡᠭᠡ ᠬᠦᠮᠦᠨ  ᠤ ᠠᠭᠤᠤ ᠬᠠᠶᠢᠷ᠎ᠠ ᠪᠠᠷ ᠬᠠᠶᠢᠷᠠᠯᠠᠨ ᠬᠠᠯᠠᠮᠵᠢᠯᠠᠵᠤ ᠶᠠᠪᠤᠬᠤ ᠴᠠᠶᠢᠯᠭᠠᠨ ᠰᠡᠳᠬᠢᠯ  ᠢ ᠪᠠᠷᠢᠮᠲᠠᠯᠠᠵᠤ ᠂ ᠬᠡᠷᠡᠭ  ᠲᠤ ᠬᠤᠯᠪᠣᠭᠳᠠᠭᠰᠠᠨ ᠨᠠᠰᠤᠨ  ᠳᠤ ᠥᠯᠥ ᠭᠦᠷᠦᠭᠰᠡᠳ  ᠲᠤ ᠬᠠᠤᠯᠢ ᠴᠠᠭᠠᠵᠠ ᠶᠢᠨ ᠲᠤᠰᠠᠯᠠᠮᠵᠢ ᠥᠵᠡᠬᠦᠯᠦᠭᠰᠡᠨ  ᠢᠶᠠᠷ ᠪᠠᠷᠠᠬᠤ ᠥᠬᠡᠶ ᠂ ᠬᠡᠷᠡᠭ ᠰᠢᠶᠳᠪᠦᠷᠢᠯᠡᠬᠦ ᠶᠠᠪᠤᠴᠠ  ᠳᠤ ᠪᠠᠨ ᠪᠠᠰᠠ ᠲᠡᠳᠡᠨ  ᠳᠤ ᠰᠡᠳᠬᠢᠴᠡ  ᠶᠢᠨ ᠵᠢᠯᠣᠭᠤᠳᠣᠯᠭ᠎ᠠ ᠬᠢᠭᠰᠡᠨ ᠪᠠᠶᠢᠨ᠎ᠠ ᠃ ᠨᠠᠰᠤᠨ  ᠳᠤ ᠥᠯᠥ ᠭᠦᠷᠦᠭᠰᠡᠳ  ᠤᠨ ᠠᠰᠢᠭ ᠲᠤᠰᠠ  ᠶᠢ ᠬᠠᠮᠤᠭ  ᠤᠨ ᠶᠡᠭᠡ ᠬᠡᠮᠵᠢᠶ᠎ᠡ ᠪᠠᠷ ᠬᠠᠮᠠᠭᠠᠯᠠᠬᠤ ᠵᠠᠷᠴᠢᠮ  ᠢ ᠪᠠᠷᠢᠮᠲᠠᠯᠠᠨ ᠂ ᠴᠠᠭ ᠢᠮᠠᠭᠳᠠ ᠨᠠᠰᠤᠨ  ᠳᠤ ᠥᠯᠥ ᠭᠦᠷᠦᠭᠰᠡᠳ  ᠤᠨ ᠲᠥᠯᠥᠭᠡ ᠪᠣᠳᠣᠯᠬᠢᠯᠠᠵᠤ ᠂ ᠴᠢᠩᠭ᠎ᠠ ᠰᠢᠢᠳᠬᠡᠬᠦ ᠶᠣᠰᠣᠲᠠᠶ  ᠶᠢ ᠨᠢ ᠴᠢᠩᠭ᠎ᠠ ᠰᠢᠢᠳᠭᠡᠵᠦ ᠂ ᠠᠭᠤᠴᠢᠯᠠᠨ ᠰᠢᠢᠳᠬᠡᠬᠦ ᠶᠣᠰᠣᠲᠠᠶ  ᠶᠢ ᠨᠢ ᠠᠭᠤᠴᠢᠯᠠᠵᠤ ᠂ ᠬᠡᠷᠡᠭ  ᠲᠤ ᠬᠤᠯᠪᠣᠭᠳᠠᠭᠰᠠᠨ ᠨᠠᠰᠤᠨ  ᠳᠤ ᠥᠯᠥ ᠭᠦᠷᠦᠭᠰᠡᠳ  ᠢ ᠵᠥᠪ ᠵᠠᠮ  ᠢᠶᠠᠷ ᠬᠦᠳᠦᠯᠬᠦ  ᠪᠠᠷ ᠴᠢᠷᠮᠠᠶᠢᠵᠤ ᠢᠷᠡᠵᠡᠢ ᠃ ᠡᠭᠦᠨ  ᠠᠴᠠ ᠭᠠᠳᠠᠨ᠎ᠠ ᠂ ᠵᠤᠤ ᠱᠠᠨ ᠪᠠᠰᠠ ᠰᠤᠷᠭᠠᠭᠤᠯᠢ ᠂ ᠮᠠᠯᠵᠢᠬᠤ ᠲᠠᠷᠢᠶᠠᠯᠠᠬᠤ ᠣᠷᠣᠨ  ᠳᠤ ᠭᠦᠨᠵᠡᠭᠡᠶᠢᠷᠡᠨ ᠂ ᠬᠠᠤᠯᠢ ᠴᠠᠭᠠᠵᠠ  ᠶᠢ ᠲᠦᠭᠡᠮᠡᠯᠵᠢᠭᠦᠯᠬᠦ ᠤᠬᠠᠭᠤᠯᠭ᠎ᠠ  ᠶᠢ 20 ᠭᠠᠷᠤᠢ ᠤᠳᠠᠭ᠎ᠠ ᠥᠷᠨᠢᠭᠦᠯᠵᠦ ᠂ ᠬᠦᠯᠢᠶᠡᠨ ᠠᠪᠤᠭᠴᠢᠳ  ᠤᠨ ᠲᠤᠭ᠎ᠠ ᠲᠦᠮᠡ ᠭᠠᠷᠤᠢ ᠬᠥᠮᠦᠨ ᠤᠳᠠᠭ᠎ᠠ  ᠳᠤ ᠬᠦᠷᠴᠡᠢ ᠃ ᠨᠠᠰᠤᠨ ᠳᠤ ᠦᠯᠦ ᠬᠦᠷᠦᠭᠰᠡᠳ  ᠤᠨ ᠪᠠᠶᠢᠴᠠᠭᠠᠬᠤ ᠠᠵᠢᠯ  ᠤᠨ ᠡᠮᠦᠨ᠎ᠡ ᠂ ᠲᠡᠷᠡ ︽ ᠰᠠᠶᠢᠨ ᠪᠠᠭᠰᠢ ᠂ ᠰᠠᠶᠢᠨ ᠡᠵᠢ ︾ ᠪᠣᠯᠬᠤ  ᠪᠠᠷ ᠬᠦᠴᠦᠯᠡᠨ ᠴᠢᠷᠮᠠᠶᠢᠵᠤ ᠂ ᠦᠷᠦᠪᠴᠢ ᠡᠨᠡᠷᠢᠩᠭᠦᠢ ᠬᠠᠶᠢᠷ᠎ᠠ ᠪᠠᠷ ᠢᠶᠠᠨ ᠨᠠᠰᠤᠨ  ᠳᠤ ᠥᠯᠥ ᠭᠦᠷᠦᠭᠰᠡᠳ  ᠤᠨ ᠡᠷᠡᠭᠦᠯ ᠰᠠᠷᠠᠭᠤᠯ ᠦᠰᠦᠨ ᠪᠤᠶᠢᠵᠢᠯᠳᠠ ᠳᠤ ᠵᠢᠯᠤᠭᠤᠲᠤᠯᠭ᠎ᠠ ᠬᠠᠩᠭᠠᠭᠰᠠᠨ ᠪᠥᠭᠡᠳ ᠪᠠᠶᠢᠴᠠᠭᠠᠬᠤ ᠦᠶᠯᠡᠰ  ᠲᠤ ᠥᠪᠡᠷ  ᠤᠨ ᠬᠤᠪᠢ ᠨᠡᠮᠡᠷᠢ  ᠪᠠᠨ ᠦᠵᠡᠭᠦᠯᠦᠭᠰᠡᠨ ᠪᠠᠶᠢᠨ᠎ᠠ ᠃
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号