ᠲᠠᠯ᠎ᠠ ᠳᠠᠭᠠᠨ ᠬᠤᠴᠣᠷᠠᠭᠰᠠᠨ ᠰᠠᠷ᠎ᠠ | ᠦᠭᠡ᠄ ᠲ᠊᠂ ᠰᠣᠳᠣᠪᠢᠯᠢᠭ᠌ | ᠠᠶ᠎ᠠ᠄ ᠠ᠊᠂ ᠪᠠᠶᠠᠷ | ᠲᠠᠭᠤᠴᠢᠨ᠄ ᠦᠷᠴᠠᠶᠢᠬᠤ | | ᠡᠪᠡᠰᠣ ᠲᠠᠢ ᠭᠦᠨᠳᠡᠢ ᠳᠤ ᠪᠤᠶᠢᠯᠠᠩᠬᠠᠨ ᠪᠣᠳᠣᠭᠤ | ᠦᠷᠣ ᠪᠠᠷᠢᠭᠠᠳ ᠡᠩᠰᠡᠷᠬᠡᠨ ᠴᠤ ᠶᠤᠮ ᠡ | ᠡᠵᠢ ᠶᠢᠨ ᠮᠢᠨᠢ ᠭᠦᠨᠦᠭ ᠲᠤ ᠪᠠᠭᠤᠭᠰᠠᠨ | ᠰᠠᠷ᠎ᠠ ᠨᠢ ᠰᠦ ᠪᠠᠨ ᠠᠮᠰᠠᠭᠠᠳ ᠴᠠᠯᠬᠢᠯᠦᠨᠠ ᠳ᠋ᠠ ᠭᠦ᠋ | ᠲᠠᠯ᠎ᠠ ᠳᠠᠭᠠᠨ ᠬᠤᠴᠣᠷᠠᠭᠰᠠᠨ ᠰᠠᠷ᠎ᠠ | ᠲᠡᠷᠭᠡᠯ ᠲᠠᠶᠢᠪᠣᠭᠤᠬᠠᠨ ᠢᠶᠠᠷ ᠢᠶᠠᠨ | ᠨᠠᠮᠠᠶᠢ ᠪᠠᠨ ᠵᠣᠯᠠᠶᠢᠳᠠᠭᠰᠠᠭᠠᠷ ᠭᠦ᠋ | ᠬᠤᠨᠢᠨ ᠤ ᠪᠣᠷᠣ ᠶᠢᠨ ᠨᠠᠮᠣᠭᠤᠬᠠᠨ ᠲᠣᠷᠬᠢᠯᠳᠡ ᠨᠢ | ᠨᠦᠢᠷ ᠢ ᠪᠠᠷᠢᠭᠠᠳ ᠣᠷᠣᠮᠳᠠᠬᠤ ᠴᠤ ᠶᠤᠮ ᠡ | ᠬᠤᠨᠢᠴᠢᠨ ᠠᠪᠤ ᠶᠢᠨ ᠮᠢᠨᠢ | ᠲᠣᠰᠣᠳᠠᠢ ᠶᠠᠷᠢᠶ᠎ᠠ ᠨᠢ ᠥᠯᠢᠭᠡᠷ ᠪᠣᠯᠣᠭᠠᠳ | ᠣᠨᠣᠭᠰᠠᠭᠠᠷ ᠠ ᠭᠦ᠋ | ᠲᠠᠯ᠎ᠠ ᠳᠠᠭᠠᠨ ᠬᠤᠴᠣᠷᠠᠭᠰᠠᠨ ᠰᠠᠷ᠎ᠠ | ᠲᠡᠷᠭᠡᠯ ᠲᠠᠶᠢᠪᠣᠭᠤᠬᠠᠨ ᠢᠶᠠᠷ ᠢᠶᠠᠨ | ᠨᠠᠮᠠᠶᠢ ᠪᠠᠨ ᠵᠣᠯᠠᠶᠢᠳᠠᠭᠰᠠᠭᠠᠷ ᠭᠦ᠋ | ᠵᠣᠨ ᠲᠠᠢ ᠡᠭᠡᠴᠢ ᠶᠢᠨ ᠮᠢᠨᠢ | ᠵᠦᠭᠡᠯᠡᠭᠡᠨ ᠬᠤᠭᠤᠯᠠᠢ ᠨᠢ ᠵᠣᠰᠠᠭᠠᠯ ᠢ | ᠢᠯᠢᠭᠡᠳ ᠵᠢᠮᠪᠣᠷᠳᠦᠨᠡ ᠳ᠋ᠧ ᠭᠦ᠋ | ᠵᠢᠭᠠᠯᠬᠠᠨ ᠨᠠᠰᠣᠨ ᠤ ᠮᠢᠨᠢ ᠲᠣᠭᠠᠯᠠᠳᠠᠭ | ᠣᠳᠣᠳ ᠨᠢ ᠵᠠᠶᠠᠭ᠎ᠠ ᠪᠠᠨ | ᠬᠠᠶᠢᠭᠠᠳ ᠢᠨᠠᠭᠰᠢᠨᠠ ᠳ᠋ᠠ ᠲᠠᠯ᠎ᠠ ᠳᠠᠭᠠᠨ | ᠬᠤᠴᠣᠷᠠᠭᠰᠠᠨ ᠰᠠᠷ᠎ᠠ | ᠲᠡᠷᠭᠡᠯ ᠲᠠᠶᠢᠪᠣᠭᠤᠬᠠᠨ ᠢᠶᠠᠷ ᠢᠶᠠᠨ | ᠨᠠᠮᠠᠶᠢ ᠪᠠᠨ ᠵᠣᠯᠠᠶᠢᠳᠠᠭᠰᠠᠭᠠᠷ ᠭᠦ᠋ | ᠢᠷᠡᠯᠲᠡ᠄ ᠬᠤᠯᠪᠤᠭ᠎ᠠ ᠪᠦᠷᠬᠡ |