| | | ᠨᠢᠭᠡ ᠬᠦᠮᠦᠨ ᠦᠯᠦ ᠮᠡᠳᠡᠭᠳᠡᠮ᠎ᠡ ᠪᠠᠶᠢᠳᠠᠯ ᠲᠤᠥᠷ᠎ᠠ ᠪᠤᠰᠤᠳ ᠬᠦᠮᠦᠨ ᠤ ᠦᠭᠡ ᠭᠡᠯᠡ᠂ ᠢᠯᠡᠷᠡᠯ᠂ ᠦᠢᠯᠡ | ᠬᠦᠳᠡᠯᠭᠡᠭᠡᠨ ᠵᠡᠷᠭᠡ ᠲᠠᠯ᠎ᠠ ᠶᠢᠨ ᠨᠦᠯᠦᠭᠡᠯᠡᠯ ᠢ ᠬᠦᠷᠳᠡᠵᠤ᠂ ᠤᠷᠮ᠎ᠠ ᠪᠠᠬ᠎ᠠ᠂ ᠤᠪᠤᠷ ᠰᠤᠷᠳᠠᠯ ᠵᠡᠷᠭᠡ ᠲᠠᠯ᠎ᠠ ᠪᠠᠷ | ᠬᠠᠷᠭᠠᠯᠵᠠᠭᠰᠠᠨ ᠬᠤᠪᠢᠷᠠᠯᠳᠠ ᠭᠠᠷᠴᠤ ᠪᠠᠶᠢᠪᠠᠯ ᠡᠨᠡ ᠬᠦᠮᠦᠨ ᠲᠠᠷᠤᠢ ᠪᠤᠰᠤᠳ ᠤᠨ ᠬᠢ ᠳᠤ ᠲᠠᠮ ᠢᠶᠠᠷ | ᠨᠦᠯᠦᠭᠡᠯᠡᠭᠳᠡᠵᠤ ᠪᠠᠶᠢᠬᠤ ᠶᠤᠮ᠃ | ᠮᠠᠨ ᠤ ᠮᠤᠩᠭᠤᠯᠴᠤᠳ ᠡᠷᠳᠡ ᠲᠡᠭᠡᠳᠦ ᠠᠴᠠ ᠪᠠᠨ ᠲᠡᠭᠡᠳᠦ ᠦᠶ᠎ᠡ ᠨᠢ ᠲᠤᠥᠷ᠎ᠠ ᠦᠶ᠎ᠡ ᠶᠢᠨ ᠢᠶᠠᠨ ᠲᠠᠮ ᠢᠶᠠᠷ | ᠨᠦᠯᠦᠭᠡᠯᠡᠭᠰᠡᠭᠡᠷ ᠢᠷᠡᠭᠰᠡᠨ ᠢᠷᠠᠭᠤ ᠰᠠᠶᠢᠬᠠᠨ ᠤᠳᠤᠮᠰᠢᠯ ᠲᠠᠢ ᠪᠢᠯᠡ᠃ ᠲᠠᠷᠤᠢ ᠭᠡᠷ ᠪᠦᠯᠢ ᠶᠢᠨ ᠠᠮᠢᠳᠤᠷᠠᠯ ᠤᠨ | ᠲᠤᠮᠳᠠ ᠲᠠᠮ ᠢᠶᠠᠷ ᠭᠡᠥᠭᠡᠳ ᠢ ᠨᠦᠯᠦᠭᠡᠯᠡᠭᠦ ᠪᠤᠶᠤ ᠬᠦᠮᠦᠵᠢᠭᠦᠯᠦᠨ ᠰᠤᠷᠭᠠᠬᠤ ᠶᠢ ᠡᠷᠬᠢᠮᠯᠡᠳᠡᠭ᠃ ᠲᠠᠮ ᠢᠶᠠᠷ | ᠨᠦᠯᠦᠭᠡᠯᠡᠬᠦ ᠨᠢ ᠬᠤᠪᠢ ᠬᠦᠮᠦᠨ ᠢ ᠠᠵᠤ ᠠᠮᠢᠳᠤᠷᠠᠯ ᠪᠠ ᠠᠵᠢᠯ ᠦᠢᠯᠡᠰ ᠤᠨ ᠶᠠᠮᠠᠷ ᠨᠢᠭᠡᠨ ᠲᠤᠭᠳᠠᠭᠰᠠᠨ | ᠲᠤᠭᠤᠷᠢᠨ ᠳᠤ ᠲᠤᠬᠢᠷᠠᠯᠴᠠᠭᠤᠯᠬᠤ ᠶᠤᠮ᠃ ᠨᠡᠩ ᠴᠦ ᠦᠪᠡᠷ ᠢ ᠪᠠᠨ ᠲᠠᠰᠤᠷᠠᠯᠳᠠ ᠦᠭᠡᠢ ᠲᠡᠭᠦᠯᠳᠡᠷᠵᠢᠭᠦᠯᠵᠤ᠂ | ᠪᠠᠰᠠ ᠵᠦᠢᠯ ᠪᠦᠷᠢ ᠶᠢᠨ ᠰᠠᠶᠢᠨ ᠰᠠᠶᠢᠬᠠᠨ ᠲᠤᠷᠰᠢᠯᠭ᠎ᠠ ᠶᠢ ᠬᠤᠷᠠᠮᠳᠠᠭᠤᠯᠳᠠᠭ᠃ ᠡᠶᠢᠮᠦ ᠠᠴᠠ ᠭᠡᠥᠭᠡᠳ ᠢ ︽ | ᠭᠠᠷ ᠢ ᠨᠢ ᠭᠠᠨᠵᠤᠭᠠᠨ ᠳᠤ᠂ ᠬᠦᠯ ᠢ ᠨᠢ ᠲᠦᠷᠦᠭᠡᠨ ᠳᠤ ᠭᠠᠷᠭᠠᠬᠤ︾ ᠳᠤ᠂ ᠵᠠᠪᠠᠯ ᠲᠠᠮ ᠢᠶᠠᠷ ᠨᠦᠯᠦᠭᠡᠯᠡᠬᠦ ᠡᠨᠡᠬᠦ | ᠰᠤᠷᠭᠠᠨ ᠬᠦᠮᠦᠵᠢᠯ ᠢ ᠡᠷᠬᠢᠮᠯᠡᠨ ᠲᠡᠭᠦᠯᠳᠡᠷᠵᠢᠭᠦᠯᠬᠦ ᠴᠢᠬᠤᠯᠠ ᠲᠠᠢ ᠪᠢᠯᠡ᠃ | ᠭᠡᠥᠭᠡᠳ ᠤᠨ ᠮᠡᠳᠡᠯᠭᠡ ᠶᠢᠨ ᠲᠤᠷᠰᠢᠯᠭ᠎ᠠ ᠪᠤᠯᠤᠨ ᠮᠠᠭᠠᠳᠯᠠᠬᠤ ᠴᠢᠳᠠᠪᠤᠷᠢ ᠨᠢ ᠬᠢᠵᠠᠭᠠᠷᠲᠠᠢ᠂ ᠯᠤᠬᠢᠭ | ᠴᠢᠳᠠᠪᠤᠷᠢ ᠨᠢ ᠲᠤᠥᠷ᠎ᠠ᠃ ᠭᠡᠪᠡᠴᠤ ᠬᠦᠯᠢᠶᠡᠨ ᠠᠪᠬᠤ ᠴᠢᠳᠠᠪᠤᠷᠢ ᠨᠢ ᠴᠢᠩᠭ᠎ᠠ ᠪᠤᠯᠬᠤᠷ᠂ ᠠᠪᠤ ᠡᠵᠢ ᠶᠢᠨ ᠢᠶᠠᠨ | ᠵᠢᠭᠠᠨ ᠰᠤᠷᠭᠠᠬᠤ ᠪᠠ ᠡᠳᠦᠷ ᠲᠤᠳᠤᠮ ᠤᠨ ᠦᠢᠯᠡ ᠶᠠᠷᠢᠶᠠᠨ ᠲᠡᠭᠡᠷᠡᠬᠢ ᠶᠠᠪᠤᠴᠠ ᠳᠤ ᠠᠶᠠᠨᠳᠠᠭᠠᠨ ᠲᠠᠮ ᠢᠶᠠᠷ | ᠨᠦᠯᠦᠭᠡᠯᠡᠭᠳᠡᠳᠡᠭ ᠶᠤᠮ᠃ ᠡᠶᠢᠮᠦ ᠠᠴᠠ ᠡᠴᠢᠭᠡ ᠡᠭᠡ ᠪᠤᠯᠤᠭᠰᠠᠳ ᠵᠠᠪᠠᠯ ᠦᠷ᠎ᠡ ᠭᠡᠥᠭᠡᠳ ᠲᠡᠭᠡᠨ ᠢᠳᠡᠪᠬᠢᠳᠡᠢ | ᠪᠦᠭᠡᠳ ᠵᠦᠪ ᠲᠠᠯ᠎ᠠ ᠶᠢᠨ ᠵᠢᠭᠠᠨ ᠰᠤᠷᠭᠠᠯᠳᠠ ᠶᠢ ᠦᠭᠬᠦ ᠠᠴᠠ ᠪᠢᠰᠢ ᠶᠠᠭᠠᠬᠢᠭᠰᠠᠨ ᠴᠦ ᠨᠠᠵᠠᠭᠠᠢ ᠲᠠᠯ᠎ᠠ ᠶᠢᠨ ᠮᠠᠭᠤ | ᠵᠠᠩᠰᠢᠯ ᠤᠨ ᠲᠠᠮ ᠰᠤᠷᠭᠠᠯᠳᠠ ᠶᠢ ᠬᠦᠷᠳᠡᠭᠡᠵᠤ ᠪᠤᠯᠬᠤ ᠦᠭᠡᠢ᠃ ᠡᠴᠢᠭᠡ ᠡᠭᠡ ᠶᠢᠨ ᠦᠷ᠎ᠡ ᠭᠡᠥᠭᠡᠳ ᠲᠡᠭᠡᠨ | ᠦᠯᠡᠳᠡᠭᠡᠬᠦ ᠲᠠᠮ ᠰᠤᠷᠭᠠᠯᠳᠠ ᠨᠢ ᠵᠠᠷᠢᠮ ᠳᠠᠭᠠᠨ ᠰᠠᠨᠠᠭᠠᠨ ᠠᠴᠠ ᠭᠠᠳᠠᠭᠤᠷ ᠦᠷ᠎ᠡ ᠠᠰᠢᠭ ᠲᠠᠢ ᠪᠠᠶᠢᠳᠠᠭ᠃ | ᠢᠩᠭᠢᠬᠦᠯᠡᠷ ᠡᠭᠡ ᠡᠴᠢᠭᠡ ᠪᠤᠯᠤᠭᠰᠠᠳ ᠦᠪᠡᠷ ᠤᠨ ᠬᠢ ᠦᠭᠡ ᠬᠡᠯᠡ ᠦᠢᠯᠡ ᠬᠦᠳᠡᠯᠭᠡᠭᠡᠨ ᠢᠶᠠᠨ ᠤᠨᠴᠠ | ᠠᠩᠬᠠᠷᠴᠤ ᠪᠠᠶᠢᠬᠤ ᠭᠡᠷᠡᠭᠳᠡᠢ᠃ ᠲᠡᠷᠡᠴᠢᠯᠡᠨ ᠭᠡᠥᠭᠡᠳ ᠲᠡᠭᠡᠨ ᠦᠭᠬᠦ ᠨᠦᠯᠦᠭᠡ ᠶᠢ ᠪᠤᠳᠤᠯᠬᠢᠯᠠᠵᠤ ᠪᠠᠰᠠ | ᠭᠡᠥᠭᠡᠳ ᠲᠤ ᠭᠠᠳᠠᠭᠠᠳᠤ ᠠᠴᠠ ᠦᠭᠬᠦ ᠲᠠᠮ ᠰᠤᠷᠭᠠᠯᠳᠠ ᠶᠢᠨ ᠨᠦᠯᠦᠭᠡ ᠶᠢ ᠤᠨᠴᠠ ᠠᠩᠬᠠᠷᠬᠤ ᠭᠡᠷᠡᠭᠳᠡᠢ᠃ | ᠭᠡᠷ ᠪᠦᠯᠢ ᠶᠢᠨ ᠰᠤᠷᠭᠠᠨ ᠬᠦᠮᠦᠵᠢᠯ ᠳᠤ ᠭᠡᠥᠭᠡᠳ ᠲᠤ ᠦᠭᠴᠦ ᠮᠡᠳᠡᠭᠦ ᠤᠪᠤᠷ ᠰᠤᠷᠳᠠᠯ᠂ ᠦᠵᠡᠯ ᠲᠠᠨᠢᠯᠳᠠ | ᠂ ᠤᠷᠮ᠎ᠠ ᠪᠠᠬ᠎ᠠ᠂ ᠢᠳᠡᠭᠡᠯ ᠵᠤᠷᠢᠭ᠂ ᠬᠠᠶᠢᠷ᠎ᠠ ᠰᠡᠳᠭᠢᠯᠭᠡ᠂ ᠲᠦᠷᠢ ᠲᠦᠯᠦᠪ᠂ ᠦᠢᠯᠡ ᠬᠦᠳᠡᠯᠦᠯ ᠵᠡᠷᠭᠡ | ᠲᠠᠯ᠎ᠠ ᠶᠢᠨ ᠭᠡᠥᠭᠡᠳ ᠤᠨ ᠤᠶᠤᠨ ᠤ ᠪᠤᠰᠤ ᠶᠢᠨ ᠡᠯᠮᠧᠨᠲ ᠶᠢ ᠨᠦᠯᠦᠭᠡᠯᠡᠭᠦ ᠶᠢ ᠵᠠᠪᠠᠯ ᠠᠩᠬᠠᠷᠬᠤ ᠭᠡᠷᠡᠭᠳᠡᠢ᠃ ᠠᠵᠢᠯ | ᠬᠦᠳᠡᠯᠮᠦᠷᠢ ᠶᠢᠨ ᠭᠡᠷᠡᠭᠴᠡᠭᠡ ᠠᠴᠠ ᠪᠤᠯᠵᠤ᠂ ᠦᠭᠡ ᠬᠡᠯᠡᠨ ᠤ ᠬᠦᠳᠡᠯᠭᠡᠭᠡᠨ᠂ ᠨᠢᠭᠤᠷ ᠲᠦᠷᠢ ᠶᠢᠨ ᠢᠯᠡᠷᠡᠯ ᠤᠨ | ᠭᠠᠳᠠᠭᠠᠳᠤ ᠪᠠᠶᠢᠳᠠᠯ᠂ ᠦᠰᠦᠭ ᠪᠢᠴᠢᠭ ᠤᠨ ᠲᠢᠭ ᠮᠠᠶ᠋ᠢᠭ᠂ ᠡᠳ᠋ ᠪᠤᠳᠠᠰ ᠢ ᠪᠠᠶᠢᠷᠯᠠᠭᠤᠯᠬᠤ᠂ ᠪᠤᠰᠤᠳ ᠲᠠᠢ | ᠶᠠᠪᠤᠯᠴᠠᠬᠤ ᠵᠡᠷᠭᠡ ᠲᠠᠯ᠎ᠠ ᠪᠠᠷ ᠲᠤᠬᠢᠷᠠᠮᠵᠢᠳᠠᠢ ᠠᠷᠭ᠎ᠠ ᠶᠢ ᠠᠪᠴᠤ᠂ ᠰᠢᠭᠤᠳ ᠪᠤᠶᠤ ᠲᠠᠮ ᠢᠶᠠᠷ ᠭᠡᠥᠭᠡᠳ ᠲᠤ | ᠰᠤᠷᠭᠠᠨ ᠬᠦᠮᠦᠵᠢᠭᠦᠯᠦᠯ ᠬᠦᠷᠳᠡᠭᠡᠭᠦ ᠶᠢ ᠴᠢᠬᠤᠯᠠᠴᠢᠯᠠᠨ᠎ᠠ᠃ | ᠭᠡᠥᠭᠡᠳ ᠤᠨ ᠦᠰᠦᠯᠳᠡ ᠪᠤᠶᠢᠵᠢᠯᠳᠠ ᠶᠢ ᠲᠠᠭᠠᠯᠳᠤᠨ ᠠᠪᠤ ᠡᠵᠢ ᠪᠤᠯᠤᠭᠰᠠᠳ ᠵᠠᠪᠠᠯ ᠭᠡᠥᠭᠡᠳ ᠢ ᠬᠠᠪᠰᠤᠷᠴᠤ | ᠲᠡᠳᠡᠨ ᠳᠤ ᠲᠡᠷᠡᠭᠦ ᠠᠮᠠᠷᠬᠠᠨ ᠢᠶᠠᠷ ᠵᠦᠪ ᠪᠤᠰᠤ ᠲᠠᠯ᠎ᠠ ᠪᠠᠷ᠂ ᠲᠠᠮ ᠢᠶᠠᠷ ᠨᠡᠷᠪᠡᠬᠦ ᠰᠤᠷᠭᠠᠯ ᠬᠦᠷᠳᠡᠭᠦ ᠶᠢ | ᠰᠡᠷᠡᠮᠵᠢᠯᠡᠭᠦᠯᠵᠤ᠂ ᠭᠡᠥᠭᠡᠳ ᠢ ᠬᠠᠪᠰᠤᠷᠴᠤ ᠨᠠᠷᠢᠨ ᠨᠢᠭᠳᠠ ᠪᠤᠳᠤᠯᠬᠢᠯᠠᠨ᠂ ᠪᠡᠶ᠎ᠡ ᠪᠠᠨ ᠲᠠᠭᠠᠭᠠᠬᠤ ᠲᠡᠰᠡᠪᠦᠷᠢᠳᠤ | ᠴᠢᠨᠠᠷ ᠢᠶᠠᠨ ᠬᠦᠭᠵᠢᠬᠦᠯᠬᠦ ᠶᠢ ᠵᠤᠷᠢᠭᠵᠢᠭᠤᠯᠤᠨ᠂ ᠰᠤᠷᠭᠠᠨ ᠬᠦᠮᠦᠵᠢᠭᠦᠯᠬᠦ ᠵᠤᠷᠢᠯᠭ᠎ᠠ ᠳᠠᠭᠠᠨ ᠬᠦᠷᠦᠨ᠎ᠡ᠃ | ᠢᠷᠡᠯᠲᠡ᠄ ᠬᠤᠯᠪᠤᠭ᠎ᠠ ᠪᠦᠷᠬᠡ |