ᠡᠭᠦᠳᠡ ᠣᠩᠭᠤᠶᠢᠯᠭᠠᠬᠤ ᠦᠭᠡᠢ ᠪᠣᠯ ᠡᠷᠦᠬᠡ ᠨᠡᠭᠡᠭᠡᠭᠳᠡᠬᠦ ᠦᠭᠡᠢ᠃ ᠡᠷᠦᠬᠡ ᠭᠡᠵᠦ ᠡᠭᠦᠳᠡ ᠯᠦᠭᠡ ᠨᠢᠬᠲᠠ | ᠬᠤᠯᠪᠤᠭ᠎ᠠ ᠲᠠᠢ ᠪᠣᠯᠬᠤᠷ ᠡᠭᠦᠳᠡᠨ ᠤ ᠰᠠᠭᠤᠷᠢ ᠪᠣᠯᠣᠬᠰᠠᠨ ᠪᠣᠱᠤᠭ᠎ᠠ ᠨᠢ ᠲᠤᠩ ᠬᠦᠨᠳᠦᠦᠨᠬᠡᠯ ᠲᠠᠢ ᠪᠠᠶᠢᠵᠤ᠂ | ᠪᠣᠱᠤᠭ᠎ᠠ ᠶᠢᠨ ᠲᠣᠬᠠᠢ ᠶᠣᠰᠣ ᠴᠡᠭᠡᠷ ᠮᠠᠰᠢ ᠴᠢᠩᠭ᠎ᠠ ᠪᠠᠶᠢᠳᠠᠭ᠃ ᠪᠣᠱᠤᠭ᠎ᠠ ᠶᠢ ᠵᠠᠷᠢᠮᠠᠤᠨ ᠨᠢ ︽ᠬᠠᠲᠠᠪᠴᠢ︾ | ᠭᠡᠵᠦ᠂ ᠬᠠᠶᠠ ᠪᠠᠰᠠ ︽ᠬᠠᠪᠲᠠᠰᠤ︾ ᠭᠡᠵᠦ ᠬᠡᠯᠡᠳᠡᠭ ᠴᠤ ᠪᠤᠢ᠃ ︽ᠪᠣᠱᠤᠭ᠎ᠠ︾ ᠨᠢ ᠪᠢᠴᠢᠭ ᠤᠨ ᠦᠭᠡ | ᠪᠠᠶᠢᠵᠤ᠂ ᠪᠣᠰᠣᠤᠨ ᠨᠢ ᠨᠤᠲᠤᠭ ᠤᠨ ᠬᠡᠯᠡᠯᠭᠡ ᠪᠠᠶᠢᠳᠠᠭ᠃ ᠮᠠᠨ ᠤ ᠮᠤᠩᠭᠤᠯᠴᠣᠤᠨ ᠤᠵᠠᠭᠤᠷ ᠠᠴᠠ ᠪᠠᠨ ᠡᠭᠦᠳᠡ | ᠬᠠᠭᠠᠯᠭ᠎ᠠ ᠪᠠᠨ ᠮᠠᠰᠢ ᠬᠦᠨᠳᠦᠦᠨᠬᠡᠨ᠂ ᠣᠨᠴᠠᠭᠠᠶᠢᠯᠠᠨ ᠡᠭᠦᠳᠡᠨ ᠪᠣᠱᠤᠭ᠎ᠠ ᠶᠢ ᠦᠷ᠎ᠡ ᠦᠨᠳᠦᠰᠦ ᠵᠠᠯᠭᠠᠮᠵᠢᠯᠠᠨ | ᠳᠡᠯᠭᠡᠷᠡᠬᠦ ᠶᠢᠨ ᠪᠡᠯᠭᠡᠳᠡᠯ ᠪᠣᠯᠭᠠᠨ ᠬᠦᠨᠳᠦᠦᠨᠬᠡᠨ ᠦᠵᠡᠳᠡᠭ᠃ ᠪᠣᠱᠤᠭ᠎ᠠ ᠨᠢ ᠱᠠᠯᠠ ᠲᠠᠢ ᠨᠠᠭᠠᠯᠳᠤᠨ ᠵᠠᠯᠭᠠᠯᠳᠤᠵᠤ | ᠪᠠᠶᠢᠬᠤ ᠪᠣᠯᠬᠤᠷ ᠬᠦᠮᠦᠰ ᠬᠢᠴᠢᠶᠡᠮᠵᠢ ᠦᠭᠡᠢ ᠪᠣᠯ ᠪᠣᠱᠤᠭ᠎ᠠ ᠶᠢ ᠬᠢᠰᠬᠢᠵᠦ ᠮᠡᠳᠡᠬᠦ ᠶᠤᠮ᠃ | ᠡᠶᠢᠨ ᠬᠦ᠂ ᠮᠤᠩᠭᠤᠯᠴᠣᠤᠨ ᠣᠤᠯ ᠠᠴᠠ ᠪᠠᠨ ᠦᠷ᠎ᠡ ᠬᠡᠦᠬᠡᠳ ᠲᠡᠭᠡᠨ ᠬᠠᠷᠠᠬᠠᠨ ᠪᠠᠭ᠎ᠠ ᠠᠴᠠ ᠨᠢ | ᠪᠣᠱᠣᠭᠠᠨ ᠤ ᠲᠣᠬᠠᠢ ᠶᠣᠰᠣ ᠴᠡᠭᠡᠷ ᠢ ᠮᠡᠳᠡᠭᠦᠯᠳᠡᠭ ᠪᠠᠶᠢᠵᠠᠢ᠃ ᠪᠣᠱᠤᠭᠠᠨ ᠳᠡᠭᠡᠷ᠎ᠡ ᠬᠢᠰᠬᠢᠵᠦ ᠪᠣᠯᠳᠠᠭ ᠦᠭᠡᠢ᠃ | ᠡᠭᠦᠳᠡᠨ ᠪᠣᠱᠤᠭᠠᠨ ᠳᠡᠭᠡᠷ᠎ᠡ ᠬᠢᠰᠬᠢᠬᠦ ᠶᠢ ᠣᠨᠴᠠ ᠴᠡᠭᠡᠷᠯᠡᠵᠦ᠂ ᠪᠣᠱᠤᠭᠠᠨ ᠳᠡᠭᠡᠷ᠎ᠡ ᠬᠢᠰᠬᠢᠪᠡᠯ ᠮᠠᠰᠢ ᠶᠡᠭᠡ | ᠭᠤᠲᠤᠭᠠᠯ ᠵᠦᠬᠡᠯ ᠢᠶᠠᠷ ᠦᠵᠡᠳᠡᠭ᠃ ᠪᠣᠱᠤᠭ᠎ᠠ ᠶᠢ ᠬᠦᠨᠳᠦᠦᠨᠬᠡᠬᠦ ᠨᠢ ᠳᠡᠭᠡᠳᠦᠰ ᠲᠡᠭᠡᠨ ᠦᠨᠡᠨᠴᠢ ᠪᠠᠶᠢᠵᠤ᠂ | ᠳᠡᠭᠡᠳᠦᠰ ᠤᠨ ᠬᠦᠨᠳᠦᠦᠨᠬᠡᠯ ᠤᠨ ᠨᠢᠭᠡ ᠬᠡᠯᠪᠡᠷᠢ ᠬᠡᠮᠡᠨ ᠦᠵᠡᠵᠦ᠂ ᠪᠣᠱᠤᠭ᠎ᠠ ᠶᠢ ᠬᠢᠰᠬᠢᠪᠡᠯ ᠳᠡᠭᠡᠳᠦᠰ ᠢ | ᠳᠣᠷᠣᠮᠵᠢᠯᠠᠨ ᠭᠡᠷ ᠤᠨ ᠡᠵᠡᠨ ᠢ ᠵᠦᠭᠡᠵᠦ ᠪᠠᠶᠢᠨ᠎ᠠ ᠬᠡᠮᠡᠨ ᠬᠢᠯᠢᠩᠨᠡᠨ ᠠᠭᠤᠷᠯᠠᠳᠠᠭ᠃ ᠪᠣᠱᠤᠭ᠎ᠠ ᠶᠢ ᠬᠢᠰᠬᠢᠪᠡᠯ | ᠬᠡᠶᠢᠮᠣᠷᠢ ᠬᠡᠪᠲᠡᠨ᠎ᠡ ᠭᠡᠳᠡᠭ᠃ ᠲᠡᠦᠬᠡᠨ ᠳᠡᠮᠳᠡᠭᠯᠡᠯ ᠳᠤ ᠮᠤᠩᠭᠤᠯ ᠬᠠᠭᠠᠨᠳᠤ ᠤᠯᠤᠰ ᠤᠨ ᠦᠶ᠎ᠡ ᠳᠤ᠂ ᠪᠤᠱᠤᠭᠠᠨ | ᠳᠡᠭᠡᠷ᠎ᠡ ᠬᠢᠰᠬᠢᠭᠰᠡᠨ ᠬᠦᠮᠦᠨ ᠳᠤ ᠬᠠᠮᠤᠭ ᠤᠨ ᠬᠥᠨᠳᠦ ᠡᠷᠡᠭᠦᠦ ᠲᠤᠯᠭᠠᠨ ᠰᠢᠢᠦᠨᠬᠡᠳᠡᠭ ᠤᠯᠤᠰ ᠤᠨ ᠴᠠᠭᠠᠵᠠ ᠲᠠᠢ | ᠪᠠᠶᠢᠵᠠᠢ᠃ ︽ᠮᠤᠩᠭᠤᠯ ᠤᠯᠤᠰ ᠤᠨ ᠴᠠᠭᠠᠵᠠ︾ ᠬᠡᠮᠡᠬᠦ ᠳᠤ ︽ᠡᠭᠦᠳᠡᠨ ᠪᠣᠱᠤᠭ᠎ᠠ ᠬᠢᠰᠬᠢᠯᠡᠭᠰᠡᠨ᠂ ᠮᠣᠷᠢᠨ ᠤ | ᠲᠣᠯᠤᠭᠠᠢ ᠨᠢᠳᠦ ᠶᠢ ᠵᠠᠨᠴᠢᠬᠰᠠᠨ ᠁ ᠪᠦᠬᠦᠨ ᠢ ᠠᠯᠠᠮᠤᠢ︾ ᠬᠡᠮᠡᠬᠦ ᠲᠡᠮᠳᠡᠭᠯᠡᠯ ᠪᠤᠢ᠃ ᠮᠤᠩᠭᠤᠯᠴᠣᠤᠨ | ᠡᠭᠦᠳᠡᠨ ᠪᠣᠱᠤᠭ᠎ᠠ ᠶᠢ ᠬᠠᠭᠠᠨ ᠤ ᠭᠠᠷᠴᠤ ᠣᠷᠤᠳᠠᠭ ︽ᠡᠷᠳᠡᠨᠢ ᠶᠢᠨ ᠪᠣᠱᠤᠭ᠎ᠠ︾ ᠬᠡᠮᠡᠨ ᠡᠭᠦᠳᠡᠨ ᠪᠣᠱᠤᠭ᠎ᠠ ᠶᠢ | ᠣᠨᠴᠠᠭᠠᠢ ᠴᠢᠬᠤᠯᠠ ᠪᠣᠯᠭᠠᠨ ᠡᠷᠬᠢᠮᠯᠡᠵᠦ᠂ ᠬᠦᠨᠳᠦᠦᠨᠬᠡᠨ ᠪᠢᠰᠢᠷᠡᠬᠦ ᠲᠥᠷᠦᠭᠳᠡᠯ ᠲᠠᠢ ᠪᠠᠶᠢᠳᠠᠭ᠃ ᠡᠶᠢᠨ ᠬᠦ᠂ | ᠪᠣᠱᠤᠭᠠᠨ ᠳᠡᠭᠡᠷ᠎ᠡ ᠵᠣᠬᠰᠤᠬᠤ ᠪᠤᠶᠤ ᠰᠠᠭᠤᠬᠤ ᠶᠢ ᠡᠷᠡᠰ ᠴᠡᠭᠡᠷᠯᠡᠵᠦ᠂ ᠪᠣᠱᠤᠭᠠᠨ ᠳᠡᠭᠡᠷ᠎ᠡ ᠵᠣᠬᠰᠣᠵᠤ ᠰᠠᠭᠤᠪᠠᠯ | ᠰᠤᠷᠭᠠᠯ ᠰᠤᠷᠲᠠᠯ ᠦᠭᠡᠢ ᠬᠡᠮᠡᠨ ᠦᠵᠡᠵᠦ᠂ ᠪᠤᠶᠠᠨ ᠴᠢᠨᠢ ᠪᠠᠭᠤᠷᠠᠨ᠎ᠠ ᠭᠡᠵᠦ ᠠᠬᠠᠮᠠᠳ ᠬᠦᠮᠦᠰ ᠠᠭᠤᠷ ᠬᠦᠷᠳᠡᠭ | ᠪᠠᠶᠢᠵᠠᠢ᠃ ᠪᠣᠱᠤᠭ᠎ᠠ ᠶᠢᠨ ᠶᠣᠰᠣ ᠴᠡᠭᠡᠷ ᠰᠣᠶᠣᠯ ᠨᠢ ᠮᠤᠩᠭᠤᠯᠴᠣᠤᠨ ᠤᠨ ᠭᠡᠷ ᠪᠦᠯᠢ ᠶᠢᠨ ᠬᠦᠮᠦᠵᠢᠯ ᠤᠨ ᠨᠢᠭᠡ | ᠰᠣᠷᠪᠤᠯᠵᠢ ᠪᠣᠯᠵᠤ᠂ ᠦᠷ᠎ᠡ ᠬᠤᠶᠢᠴᠢᠰ ᠤᠨ ᠪᠣᠯᠪᠠᠰᠤᠨ ᠮᠤᠷᠠᠯ ᠲᠠᠢ ᠪᠣᠯᠪᠠᠰᠤᠷᠠᠯ ᠰᠠᠶᠢᠲᠠᠢ ᠬᠦᠮᠦᠵᠢᠭᠳᠡᠬᠦ ᠳᠤ | ᠠᠰᠢᠬᠲᠠᠢ ᠪᠠᠶᠢᠳᠠᠭ᠃ ᠮᠤᠩᠭᠤᠯᠴᠣᠤᠨ ᠤᠨ ᠪᠣᠱᠤᠭᠠᠨ ᠳᠡᠭᠡᠷ᠎ᠡ ᠬᠤᠭ ᠲᠣᠭᠤᠰᠤ ᠪᠣᠵᠠᠷ ᠪᠣᠷᠳᠠᠭ ᠬᠦᠷᠭᠡᠬᠦ ᠶᠢ | ᠴᠡᠭᠡᠷᠯᠡᠬᠦ ᠨᠢ ᠪᠠᠰᠠ ᠠᠷᠢᠭᠤᠨ ᠴᠡᠪᠡᠷ ᠡᠷᠡᠭᠦᠯ ᠮᠡᠨᠳᠦ ᠶᠢ ᠡᠷᠬᠢᠮᠯᠡᠭᠰᠡᠨ ᠰᠠᠨᠠᠭ᠎ᠠ ᠢᠯᠡᠷᠡᠯ ᠪᠠᠶᠢᠵᠤ ᠲᠠᠭᠠᠷᠠᠨ᠎ᠠ᠃ | ᠡᠶᠢᠨ ᠬᠦ᠂ ︽ᠬᠦᠯᠳᠡᠳᠡᠭ ᠦᠭᠡᠢ ᠪᠤᠯᠠᠭ᠂ ᠬᠦᠨᠳᠡᠳᠡᠭ ᠦᠭᠡᠢ ᠪᠣᠱᠤᠭ᠎ᠠ︾ ᠭᠡᠰᠡᠨ ᠪᠣᠳᠠᠳᠤ ᠰᠠᠶᠢᠬᠠᠨ ᠵᠦᠢᠷ | ᠦᠭᠡ ᠪᠤᠢ ᠪᠣᠯᠤᠬᠰᠠᠨ ᠪᠠᠶᠢᠳᠠᠭ᠃ | ᠣᠳᠣ ᠬᠠᠷᠢᠨ ᠡᠷᠦᠬᠡ ᠭᠡᠷ ᠤᠨ ᠳᠣᠳᠤᠷ᠎ᠠ ᠥᠷᠦᠭᠡ ᠳᠠᠰᠤᠯᠭ᠎ᠠ ᠣᠯᠠᠨ ᠪᠣᠯᠤᠬᠰᠠᠨ ᠪᠣᠯᠪᠠᠴᠤ ᠡᠭᠦᠳᠡᠨ ᠳᠤᠨᠢ | ᠪᠣᠱᠤᠭ᠎ᠠ ᠦᠭᠡᠢ ᠪᠣᠯᠵᠤ ᠪᠠᠶᠢᠭ᠎ᠠ ᠨᠢ ᠭᠠᠶᠢᠬᠠᠯᠲᠠᠢ᠃ ᠡᠶᠢᠨ ᠬᠦ ᠪᠣᠱᠤᠭ᠎ᠠ ᠶᠢᠨ ᠰᠣᠶᠣᠯ ᠪᠠᠯᠠᠷᠠᠬᠤ ᠲᠡᠶᠢᠰᠢ ᠪᠠᠨ | ᠲᠦᠭᠦᠵᠦ᠂ ᠪᠠᠭᠠᠴᠤᠳ ᠬᠡᠦᠬᠡᠳ ᠪᠣᠱᠤᠭ᠎ᠠ ᠶᠢ ᠲᠠᠨᠢᠨ ᠮᠡᠳᠡᠵᠦ᠂ ᠪᠣᠱᠤᠭ᠎ᠠ ᠶᠢᠨ ᠲᠣᠬᠠᠢ ᠶᠣᠰᠣ ᠴᠡᠭᠡᠷ ᠢ | ᠤᠶᠢᠯᠠᠭᠠᠨ ᠵᠢᠷᠤᠮᠯᠠᠬᠤ ᠨᠢ ᠲᠣᠲᠠᠮᠠᠭ ᠪᠣᠯᠵᠤ ᠪᠤᠢ᠃ ᠡᠭᠦᠳᠡᠨ ᠪᠣᠱᠤᠭ᠎ᠠ ᠶᠢ ᠰᠠᠨᠳᠠᠶᠢᠯᠠᠬᠤ᠂ ᠡᠭᠦᠳᠡ ᠠᠯᠳᠠᠯᠠᠬᠤ᠂ | ᠡᠭᠦᠳᠡ ᠪᠠᠷ ᠳᠣᠳᠤᠬᠰᠢ ᠱᠠᠭᠠᠶᠢᠬᠤ᠂ ᠡᠭᠦᠳᠡᠨ ᠠᠴᠠ ᠳᠡᠭᠦᠵᠢᠯᠡᠬᠦ᠂ ᠡᠯᠭᠦᠮᠡᠯ ᠡᠭᠦᠳᠡᠨ ᠤ ᠪᠣᠷᠤᠭᠤ ᠲᠠᠯ᠎ᠠ ᠪᠠᠷ | ᠣᠷᠤᠵᠤ ᠭᠠᠷᠬᠤ ᠶᠢ ᠴᠢᠩᠳᠠ ᠴᠡᠭᠡᠷᠯᠡᠬᠦ ᠶᠣᠰᠣᠨ ᠪᠤᠢ᠃ ᠵᠦᠷᠢᠴᠡᠪᠡᠰᠦ ᠦᠯᠵᠡᠢ ᠪᠣᠰᠤ ᠢᠷᠸ᠎ᠠ ᠲᠠᠢ ᠭᠡᠵᠦ | ᠦᠵᠡᠳᠡᠭ᠃ ︵ᠯᠢ ᠪᠤᠶᠠᠨᠴᠤᠬᠯᠠ︶ | | | |