| ᠨᠡᠶᠢᠲᠡᠯᠡᠭᠰᠡᠨ ᠴᠠᠭ᠄ 2022/12/15 | | | 1. ᠲᠦᠭᠦᠬᠡᠢ ᠭᠠ ᠶᠢ ᠨᠢᠮᠭᠡᠨ ᠬᠡᠷᠴᠢᠵᠦ ᠵᠥᠭᠡᠯᠡᠨ ᠭᠠᠯ ᠳᠡᠭᠡᠷ᠎ᠡ ᠪᠠᠭ᠎ᠠ ᠬᠠᠯᠠᠭᠠᠭᠠᠳ ᠡᠪᠡᠳᠴᠦ ᠪᠠᠶᠢᠭ᠎ᠠ | ᠰᠢᠳᠦ ᠪᠠᠷ ᠢᠶᠠᠨ ᠵᠠᠭᠤᠪᠠᠯ ᠴᠠᠭ ᠤᠨ ᠲᠠᠷᠠᠭ᠎ᠠ ᠡᠪᠡᠳᠭᠦ ᠨᠢ ᠨᠠᠮᠳᠠᠳᠠᠭ᠃ | 2. ᠼᠤᠤ ᠶᠢ ᠪᠠᠭ᠎ᠠ ᠬᠠᠯᠠᠭᠤᠯᠤᠭᠠᠳ ᠪᠦᠯᠢᠶᠡᠨ ᠪᠣᠯᠤᠭᠰᠠᠨ ᠤ ᠲᠠᠷᠠᠭ᠎ᠠ ᠰᠢᠳᠦ ᠪᠠᠨ ᠵᠠᠶᠢᠯᠪᠠᠯ ᠡᠪᠡᠳᠭᠦ ᠨᠢ | ᠨᠠᠮᠳᠠᠳᠠᠭ᠃ | 3. ᠡᠪᠡᠳᠴᠦ ᠪᠠᠶᠢᠭ᠎ᠠ ᠰᠢᠳᠤᠨ ᠳᠡᠭᠡᠨ ᠮᠥᠬᠦᠯᠢᠭᠲᠦ ᠳᠠᠪᠤᠰᠤ ᠶᠢ ᠵᠠᠭᠤᠪᠠᠯ᠂ ᠲᠡᠷᠡ ᠳᠣᠣᠷ᠎ᠠ ᠨᠢ ᠨᠡᠯᠢᠶᠡᠳ | ᠡᠪᠡᠳᠦᠭᠰᠡᠨ ᠴᠦ ᠠᠭᠠᠵᠢᠮ ᠳᠠᠭᠠᠨ ᠬᠤᠣᠷ ᠢ ᠨᠢ ᠳᠠᠷᠤᠵᠤ ᠪᠠᠺᠲ᠋ᠧᠷᠢ ᠶᠢ ᠤᠰᠠᠳᠬᠠᠵᠤ ᠬᠠᠪᠤᠳᠠᠷ ᠢ ᠨᠠᠮᠳᠠᠭᠤᠯᠳᠠᠭ᠃ | | 4. ᠰᠢᠳᠦ ᠬᠤᠷᠣᠬᠠᠶᠢᠲᠤᠭᠰᠠᠨ ᠠᠴᠠ ᠪᠣᠯᠵᠤ ᠡᠪᠡᠳᠴᠦ ᠪᠠᠶᠢᠪᠠᠯ ᠲᠣᠯᠣᠭᠠᠢ ᠶᠢᠨ ᠣᠷᠣᠢ ᠶᠢᠨ ᠰᠤᠳᠠᠯ ᠪᠤᠶᠤ | ᠬᠤᠶᠠᠷ ᠴᠢᠬᠢᠨ ᠤ ᠠᠷᠤ ᠳᠠᠬᠢ ᠰᠤᠳᠠᠯ ᠢ ᠬᠢᠮᠤᠰᠤ ᠪᠠᠷ ᠢᠶᠠᠨ 3 ᠮᠢᠨᠦ᠋ᠲ ᠳᠠᠷᠤᠨ᠎ᠠ᠃ ᠡᠨᠡ ᠮᠡᠲᠦ ᠪᠠᠷ ᠠᠷᠤ | ᠠᠷᠤ ᠠᠴᠠ ᠨᠢ 3 ᠤᠳᠠᠭ᠎ᠠ ᠳᠠᠷᠤᠪᠠᠯ ᠡᠪᠡᠳᠭᠦ ᠨᠢ ᠨᠠᠮᠳᠠᠳᠠᠭ᠃ | 5. ᠰᠢᠳᠦᠨ ᠤ ᠡᠪᠡᠳᠴᠢᠨ ᠳᠤ ᠭᠠᠭᠴᠠ ᠲᠣᠯᠣᠭᠠᠢ ᠰᠠᠷᠢᠮᠰᠠᠭ ᠢ ᠨᠢᠴᠠᠯᠵᠤ᠂ ᠶᠤᠤᠮᠠᠢ ᠶᠢᠨ ᠭᠤᠯᠢᠷ ᠲᠠᠢ | ᠬᠠᠮᠲᠤ ᠰᠢᠩᠭᠡᠨ ᠵᠢᠭᠤᠷᠠᠭᠠᠳ ᠡᠪᠡᠳᠴᠦ ᠪᠠᠶᠢᠭ᠎ᠠ ᠲᠠᠯ᠎ᠠ ᠶᠢᠨ ᠬᠠᠴᠠᠷ ᠳᠡᠭᠡᠷ᠎ᠡ ᠭᠡᠳᠦ ᠤᠳᠠᠭ᠎ᠠ ᠰᠢᠪᠡᠵᠤ ᠨᠠᠭᠠᠪᠠᠯ | ᠰᠢᠳᠦ ᠡᠪᠡᠳᠭᠦ ᠨᠢ ᠳᠠᠷᠤᠢ ᠵᠣᠭᠰᠣᠴᠢᠬᠠᠳᠠᠭ᠂ ᠪᠠᠰᠠ ᠠᠷᠢᠬᠢ ᠬᠤᠯᠢᠭᠰᠠᠨ ᠴᠦ ᠪᠣᠯᠣᠨ᠎ᠠ᠃ | |