| ᠨᠡᠶᠢᠲᠡᠯᠡᠭᠰᠡᠨ ᠴᠠᠭ᠄ 2023/1/12 | | | ᠮᠣᠩᠭᠤᠯᠴᠤᠳ ᠬᠡᠳᠦᠨ ᠮᠢᠩᠭᠠᠨ ᠵᠢᠯ ᠤᠨ ᠲᠤᠷᠰᠢ ᠲᠠᠯ᠎ᠠ ᠨᠤᠲᠤᠭ ᠤᠨ ᠨᠡᠭᠦᠳᠡᠯ ᠰᠣᠶᠣᠯ ᠤᠨ | ᠪᠣᠯᠪᠠᠰᠤᠨ ᠢ ᠪᠦᠲᠦᠭᠡᠬᠦ ᠶᠠᠪᠤᠴᠠ ᠳᠤ ᠪᠠᠨ ᠴᠠᠭᠠᠨ ᠢᠳᠡᠭᠡᠨ ᠭᠡᠮᠡᠭᠦ ᠥᠪᠡᠷᠮᠢᠴᠡ ᠰᠠᠶᠢᠬᠠᠨ ᠢᠳᠡᠭᠡᠨ ᠤᠮᠳᠠᠭᠠᠨ ᠤ | ᠰᠣᠶᠣᠯ ᠢ ᠡᠭᠦᠳᠦᠭᠰᠡᠨ ᠪᠢᠯᠡ᠃ ᠴᠠᠭᠠᠨ ᠢᠳᠡᠭᠡᠨ ᠪᠣᠯ ᠰᠢᠮ᠎ᠡ ᠲᠡᠵᠢᠭᠡᠯ ᠢᠶᠠᠷ ᠥᠨᠳᠥᠷ ᠴᠤᠯ ᠪᠠᠶᠢᠭᠠᠯᠢᠯᠢᠭ | ᠢᠳᠡᠭᠡᠨ ᠮᠥᠨ᠂ ᠳᠡᠭᠡᠪᠡᠯ ᠴᠠᠭᠠᠨ ᠢᠳᠡᠭᠡᠨ ᠤ ᠭᠤᠣᠯ ᠲᠦᠷᠦᠯ ᠵᠦᠢᠯ ᠪᠤᠯᠬᠤ ᠬᠤᠷᠤᠳ ᠨᠢ ᠬᠥᠮᠥᠨ ᠤ ᠪᠡᠶ᠎ᠡ ᠳᠤ | ᠶᠠᠮᠠᠷ ᠠᠴᠢ ᠲᠤᠰᠠ ᠲᠠᠢ ᠪᠣᠯ︖ ᠨᠤᠲᠤᠭ ᠨᠤᠲᠤᠭ ᠤᠨ ᠥᠪᠡᠷᠮᠢᠴᠡ ᠣᠨᠴᠠᠯᠢᠭ ᠠᠴᠠ ᠪᠣᠯᠵᠤ ᠬᠤᠷᠤᠳ ᠤᠨ | ᠳᠦᠷᠦᠯ ᠵᠦᠢᠯ ᠪᠠ ᠬᠢᠬᠦ ᠠᠷᠭ᠎ᠠ ᠪᠦᠷ ᠠᠳᠠᠯᠢ ᠦᠭᠡᠢ᠂ ᠶᠡᠷᠦᠳᠡᠭᠡᠨ ᠰᠦᠨ ᠬᠤᠷᠤᠳ ᠪᠠ ᠠᠭᠠᠷᠴᠠᠨ ᠬᠤᠷᠤᠳ | ᠭᠡᠵᠦ ᠬᠤᠶᠠᠷ ᠠᠩᠭᠢᠯᠠᠨ᠎ᠠ᠃ | ᠰᠦᠨ ᠬᠤᠷᠤᠳ ᠪᠣᠯ ᠬᠠᠮᠤᠭ ᠤᠨ ᠥᠯ ᠰᠢᠮ᠎ᠡ ᠲᠠᠢ ᠢᠳᠡᠭᠡᠨ ᠪᠣᠯᠣᠨ᠎ᠠ᠃ ᠰᠦᠨ ᠬᠤᠷᠤᠳ ᠲᠤ ᠬᠥᠮᠥᠨ ᠤ | ᠪᠡᠶ᠎ᠡ ᠳᠤ ᠬᠡᠷᠡᠭᠰᠡᠬᠦ ᠠᠮᠢᠨᠤ᠋ ᠬᠦᠴᠢᠯ ᠠᠷᠪᠢᠨ ᠠᠭᠤᠯᠤᠭᠳᠠᠵᠤ ᠪᠠᠶᠢᠳᠠᠭ ᠪᠣᠯᠬᠤᠷ ᠪᠡᠶ᠎ᠡ ᠶᠢᠨ ᠲᠠᠮᠢᠷ ᠢ | ᠰᠠᠶᠢᠵᠢᠷᠠᠭᠤᠯᠵᠤ᠂ ᠡᠪᠡᠳᠴᠢᠨ ᠡᠰᠡᠷᠭᠦᠴᠡᠬᠦ ᠦᠢᠯᠡᠳᠦᠯ ᠲᠠᠢ︔ ᠣᠶᠢᠷ᠎ᠠ ᠶᠢᠨ ᠵᠢᠯ ᠤᠨ ᠰᠤᠳᠤᠯᠭᠠᠨ ᠠᠴᠠ | ᠦᠵᠡᠪᠡᠯ᠂ ᠰᠦ ᠶᠢ ᠪᠣᠯᠪᠠᠰᠤᠷᠠᠭᠤᠯᠤᠨ ᠬᠤᠷᠤᠳ ᠬᠢᠬᠦ ᠶᠠᠪᠤᠴᠠ ᠳᠤ ᠰᠦᠨ ᠳᠣᠲᠣᠷ᠎ᠠ ᠠᠭᠤᠯᠤᠭᠳᠠᠬᠤ ᠨᠢᠭᠡ | ᠵᠦᠢᠯ ᠤᠨ ᠤᠭᠤᠷᠠᠭ ᠠᠴᠠ ᠵᠠᠳᠠᠷᠠᠨ ᠡᠭᠦᠰᠦᠭᠰᠡᠨ ᠪᠣᠳᠠᠰ ᠨᠢ ᠴᠢᠰᠤᠨ ᠤ ᠢᠯᠲᠠᠰᠤ ᠡᠭᠡᠳᠡᠭᠦ ᠶᠢ ᠬᠤᠷᠢᠭᠯᠠᠨ᠎ᠠ᠂ | ᠡᠨᠡ ᠨᠢ ᠴᠢᠰᠤᠨ ᠤ ᠳᠠᠷᠤᠯᠲᠠ ᠶᠢ ᠪᠠᠭᠤᠷᠠᠭᠤᠯᠬᠤ ᠦᠢᠯᠡᠳᠦᠯ ᠲᠠᠢ᠃ | ᠠᠭᠠᠷᠴᠠᠨ ᠬᠤᠷᠤᠳ ᠬᠤᠣᠷ ᠲᠠᠶᠢᠯᠬᠤ᠂ ᠰᠢᠮᠡᠵᠢᠭᠦᠯᠦᠨ ᠲᠠᠮᠢᠷᠵᠢᠭᠤᠯᠬᠤ ᠪᠠ ᠤᠮᠳᠠᠭᠠᠰᠬᠤ ᠶᠢ ᠵᠣᠭᠰᠤᠭᠠᠬᠤ | ᠵᠡᠷᠭᠡ ᠴᠢᠳᠠᠮᠵᠢ ᠲᠠᠢ᠂ ᠭᠤᠣᠯᠳᠠᠭᠤ ᠢᠳᠡᠭᠡᠨ ᠤ ᠬᠤᠣᠷ ᠪᠠ ᠡᠮ ᠤᠨ ᠬᠤᠣᠷ ᠢ ᠳᠠᠶᠢᠯᠵᠤ᠂ ᠤᠮᠳᠠᠭᠠᠰᠬᠤ ᠶᠢ | ᠵᠤᠭᠰᠤᠭᠠᠵᠤ ᠲᠠᠶᠢᠯᠤᠨ᠎ᠠ᠃ | ᠰᠦᠨ ᠬᠤᠷᠤᠳ ᠪᠣᠯᠣᠨ ᠠᠭᠠᠷᠴᠠᠨ ᠬᠤᠷᠤᠳ ᠲᠤ ᠸᠢᠲ᠋ᠠᠮᠢᠨ᠂ ᠥᠭᠡᠬᠦ᠂ ᠹᠣᠰᠹᠣᠷ᠂ ᠲᠡᠮᠦᠷ ᠵᠡᠷᠭᠡ ᠬᠥᠮᠥᠨ ᠤ | ᠪᠡᠶ᠎ᠡ ᠳᠤ ᠲᠤᠰᠠᠲᠠᠢ ᠪᠢᠴᠢᠯ ᠡᠯᠧᠮᠧᠨ᠋ᠲ ᠡᠯᠪᠡᠭ ᠠᠭᠤᠯᠤᠭᠳᠠᠳᠠᠭ ᠠᠴᠠ ᠭᠠᠳᠠᠨ᠎ᠠ ᠲᠠᠷᠬᠠᠯᠠᠭ᠎ᠠ ᠶᠢ ᠳᠡᠭᠡᠭᠰᠢᠯᠡᠭᠦᠯᠵᠤ᠂ | ᠥᠩᠭᠡ ᠵᠢᠰᠦ ᠶᠢ ᠭᠤᠸᠠᠯᠢᠭᠵᠢᠭᠤᠯᠬᠤ ᠦᠢᠯᠡᠳᠦᠯ ᠲᠠᠢ᠃ ᠮᠣᠩᠭᠤᠯᠴᠤᠳ ᠪᠠᠶᠢᠭᠠᠯᠢ᠂ ᠴᠠᠭ ᠠᠭᠠᠷ ᠤᠨ | ᠨᠥᠬᠦᠴᠡᠯ ᠳᠤ ᠲᠣᠬᠢᠷᠠᠭᠤᠯᠤᠨ ᠰᠦ ᠪᠠᠷ ᠤᠯᠠᠨ ᠳᠦᠷᠦᠯ ᠤᠨ ᠴᠠᠭᠠᠨ ᠢᠳᠡᠭᠡᠨ ᠤ ᠪᠦᠲᠦᠭᠡᠭᠳᠡᠬᠦᠨ ᠬᠢᠵᠦ᠂ | ᠵᠢᠯ ᠤᠨ ᠳᠦᠷᠪᠡᠨ ᠤᠯᠠᠷᠢᠯ ᠳᠤ ᠵᠣᠬᠢᠴᠠᠭᠤᠯᠤᠨ ᠬᠦᠨᠡᠰᠦᠨ ᠳᠤ ᠪᠠᠨ ᠬᠡᠷᠡᠭᠯᠡᠳᠡᠭ ᠢᠶᠠᠷ ᠮᠤᠩᠬᠤᠯ ᠬᠥᠮᠥᠨ ᠤ | ᠪᠡᠶ᠎ᠡ ᠳᠤ ᠭᠠᠶᠢᠬᠠᠮᠰᠢᠭᠲᠠᠢ ᠵᠣᠬᠢᠴᠠᠵᠤ᠂ ᠡᠷᠡᠭᠦᠯ ᠰᠠᠷᠠᠭᠤᠯ ᠠᠵᠤ ᠳᠦᠷᠦᠭᠦ ᠰᠠᠭᠤᠷᠢ ᠪᠣᠯᠣᠭᠰᠠᠭᠠᠷ ᠢᠷᠡᠭᠰᠡᠨ ᠶᠤᠮ | ᠃ | ᠬᠠᠬᠢᠷ ᠬᠦᠢᠲᠡᠨ ᠤᠯᠠᠷᠢᠯ ᠳᠤ ᠳᠠᠷᠬᠠᠯᠠᠭ᠎ᠠ ᠰᠡᠷᠭᠦᠭᠡᠵᠦ ᠶᠠᠳᠠᠷᠠᠭ᠎ᠠ ᠲᠠᠶᠢᠯᠬᠤ ᠳᠤ ᠠᠭᠠᠷᠴᠠᠨ ᠬᠤᠷᠤᠳ ᠬᠢᠭᠰᠡᠨ | ᠪᠠᠩᠰᠢ ᠲᠠᠢ ᠱᠥᠯᠥ ᠤᠤᠭᠤᠨ᠎ᠠ︔ ᠬᠤᠳᠣᠭᠤᠳᠤ ᠳᠡᠯᠢᠭᠦᠦ ᠶᠢᠨ ᠲᠠᠮᠢᠷ ᠳᠣᠷᠦ᠋ᠢᠲᠠᠬᠤ ᠳᠤ ᠬᠤᠷᠤᠳ ᠲᠠᠢ ᠭᠤᠯᠢᠷ | ᠢᠳᠡᠭᠡᠨ ᠢᠶᠠᠷ ᠡᠮᠨᠡᠳᠡᠭ︔ ᠬᠤᠷᠤᠳ ᠮᠢᠬ᠎ᠠ ᠶᠢᠨ ᠵᠠᠭᠤᠰᠢ ᠨᠢ ᠲᠠᠪᠤᠨ ᠴᠤᠯᠤ ᠶᠢ ᠰᠠᠶᠢᠵᠢᠷᠠᠭᠤᠯᠤᠨ᠎ᠠ︔ ᠬᠤᠣᠷᠲᠤ | ᠮᠣᠭᠠᠢ ᠪᠤᠶᠤ ᠰᠢᠪᠠᠵᠢ ᠬᠤᠷᠣᠬᠠᠢ ᠳᠤ ᠬᠠᠵᠠᠭᠳᠠᠪᠠᠯ ᠴᠠᠭ᠎ᠠ ᠶᠢᠨ ᠳᠤᠭᠰᠢᠨ ᠰᠢᠷᠡᠰᠤ ᠪᠠᠷ ᠤᠬᠢᠶᠠᠬᠤ ᠪᠤᠶᠤ | ᠠᠭᠠᠷᠴᠠ ᠰᠢᠪᠠᠵᠤ ᠬᠤᠣᠷ ᠲᠠᠶᠢᠯᠬᠤ ᠵᠡᠷᠭᠡ ᠤᠯᠠᠨ ᠤᠯᠠᠮᠵᠢᠯᠠᠯᠲᠤ ᠵᠣᠷ ᠤᠳ ᠪᠤᠢ᠃ ᠡᠭᠦᠨ ᠠᠴᠠ ᠭᠠᠳᠠᠨ᠎ᠠ | ᠠᠭᠠᠷᠴᠠᠨ ᠬᠤᠷᠤᠳ ᠢ ᠵᠢᠵᠢᠭᠯᠡᠭᠡᠳ ᠶᠠᠰᠤᠨ ᠤ ᠱᠥᠯᠥ᠂ ᠮᠢᠬ᠎ᠠ ᠲᠠᠢ ᠪᠤᠳᠠᠭ᠎ᠠ ᠪᠣᠯᠣᠨ ᠱᠥᠯᠥ ᠭᠤᠯᠢᠷ ᠲᠤ ᠬᠢᠵᠦ | ᠢᠳᠡᠳᠡᠭ᠃ ᠪᠠᠰᠠ ᠵᠠᠷᠢᠮ ᠠᠶᠢᠯ ᠬᠠᠷ᠎ᠠ ᠱᠥᠯᠥ ᠪᠣᠯᠣᠨ ᠪᠤᠤᠵᠠ᠂ ᠪᠠᠩᠰᠢ ᠶᠢᠨ ᠨᠠᠶᠢᠷᠠᠯᠭ᠎ᠠ ᠳᠤ ᠪᠠᠨ ᠠᠭᠠᠷᠴᠠᠨ | ᠬᠤᠷᠤᠳ ᠬᠢᠵᠦ ᠢᠳᠡᠨ᠎ᠡ᠃ ᠢᠩᠭᠢᠵᠦ ᠢᠳᠡᠬᠦ ᠨᠢ ᠢᠳᠡᠰᠢ ᠰᠢᠩᠭᠡᠭᠡᠬᠦ᠂ ᠬᠤᠳᠣᠭᠤᠳᠤ ᠭᠡᠳᠡᠰᠦ ᠶᠢ | ᠰᠠᠶᠢᠵᠢᠷᠠᠭᠤᠯᠬᠤ᠂ ᠶᠠᠳᠠᠷᠠᠭ᠎ᠠ ᠲᠠᠶᠢᠯᠬᠤ ᠪᠠ ᠬᠦᠴᠦ ᠲᠠᠮᠢᠷ ᠤᠷᠤᠭᠤᠯᠬᠤ ᠦᠢᠯᠡᠳᠦᠯ ᠲᠠᠢ︔ ᠥᠷᠯᠥᠭᠡᠨ ᠤ | ᠴᠠᠢ ᠳᠠᠭᠠᠨ ᠬᠡᠳᠦᠨ ᠵᠦᠰᠦᠮ ᠬᠤᠷᠤᠳ ᠬᠢᠭᠡᠳ ᠤᠤᠭᠤᠪᠠᠯ ᠬᠠᠭᠠᠰ ᠡᠳᠦᠷ ᠥᠯᠥᠰᠴᠦ ᠤᠮᠳᠠᠭᠠᠰᠬᠤ ᠦᠭᠡᠢ | ᠥᠯ ᠲᠠᠢ ᠪᠠᠶᠢᠳᠠᠭ ᠪᠥᠭᠡᠳ ᠲᠡᠷᠡᠴᠢᠯᠡᠨ ᠡᠳᠦᠷ ᠪᠦᠷᠢ ᠬᠤᠷᠤᠳ ᠲᠠᠢ ᠴᠠᠢ ᠤᠤᠭᠤᠬᠤ ᠨᠢ ᠪᠡᠶ᠎ᠡ ᠮᠠᠬᠠᠪᠤᠳ ᠢ | ᠴᠢᠭᠢᠷᠠᠭᠵᠢᠭᠤᠯᠤᠨ᠂ ᠳᠠᠷᠬᠠᠯᠠᠭ᠎ᠠ ᠶᠢ ᠶᠡᠬᠡᠪᠡᠷ ᠰᠠᠶᠢᠵᠢᠷᠠᠭᠤᠯᠳᠠᠭ᠃ ᠭᠡᠪᠡᠴᠦ ᠬᠤᠷᠤᠳ ᠨᠢ ᠰᠢᠩᠭᠡᠭᠦ ᠳᠤ ᠤᠳᠠᠭᠠᠨ | ᠤᠴᠢᠷ ᠠᠴᠠ ᠰᠢᠩᠭᠡᠭᠡᠯᠲᠡ ᠮᠠᠭᠤ ᠬᠥᠮᠥᠰ ᠠᠷᠪᠢᠨ ᠢᠳᠡᠵᠦ ᠪᠤᠯᠬᠤ ᠦᠭᠡᠢ︔ | ᠬᠤᠷᠤᠳ ᠲᠤ ᠫᠦᠷᠢᠨ ᠠᠷᠪᠢᠨ ᠠᠭᠤᠯᠤᠭᠳᠠᠬᠤ ᠤᠴᠢᠷ ᠠᠴᠠ ᠦᠷᠭᠡᠰᠤᠳᠤ ᠬᠠᠪᠤᠳᠠᠷ ᠲᠠᠢ ᠡᠪᠡᠳᠴᠢᠲᠡᠨ | ᠪᠣᠯᠣᠨ ᠴᠢᠰᠤᠨ ᠳᠠᠬᠢ ᠰᠢᠭᠡᠰᠦᠨ ᠬᠦᠴᠢᠯ ᠤᠨ ᠥᠳᠬᠡᠴᠡ ᠥᠨᠳᠥᠷ ᠬᠥᠮᠥᠰ ᠢᠳᠡᠬᠦ ᠳᠤ ᠪᠠᠨ ᠬᠢᠴᠢᠶᠡᠬᠦ ᠬᠡᠷᠡᠭᠲᠡᠢ | ︔ ᠬᠤᠷᠤᠳ ᠲᠤ ᠶᠡᠭᠡ ᠬᠡᠮᠵᠢᠶᠡᠨ ᠤ ᠠᠮᠢᠨᠤ᠋ ᠬᠦᠴᠢᠯ ᠠᠭᠤᠯᠤᠭᠳᠠᠬᠤ ᠤᠴᠢᠷ ᠠᠴᠠ ᠭᠡᠳᠤ ᠠᠷᠪᠢᠨ ᠢᠳᠡᠪᠡᠯ ᠨᠦᠢᠷ | ᠬᠤᠯᠵᠢᠭᠤᠯᠳᠠᠭ᠃ | |