| | ᠥᠷᠥᠮ᠎ᠡ ᠪᠣᠯ ᠮᠣᠩᠭᠤᠯᠴᠤᠳ ᠤᠨ ᠡᠳ᠋ᠰᠢᠭᠦᠯᠦᠨ ᠪᠣᠯᠪᠠᠰᠤᠷᠠᠭᠤᠯᠳᠠᠭ ᠳᠡᠭᠡᠳᠦ ᠲᠠᠰ ᠤᠨ ᠢᠳᠡᠬᠡᠨ ᠤ ᠨᠢᠭᠡ | ᠶᠤᠮ᠃ ᠥᠷᠥᠮ᠎ᠡ ᠶᠢ ᠵᠠᠷᠢᠮ ᠭᠠᠵᠠᠷ ᠲᠤ ᠴᠣᠬᠤᠷ ᠥᠷᠥᠮ᠎ᠡ᠂ ᠬᠠᠪᠲᠠᠭᠠᠢ ᠥᠷᠥᠮ᠎ᠡ ᠭᠡᠬᠦ ᠪᠤᠶᠤ ᠬᠥᠰᠢᠭᠡᠭᠰᠡᠨ | ᠥᠷᠥᠮ᠎ᠡ ᠭᠡᠵᠦ ᠬᠡᠯᠡᠳᠡᠭ᠃ ᠲᠡᠭᠦᠨ ᠢ ᠦᠨᠢᠶᠡᠨ ᠰᠦ᠂ ᠬᠤᠨᠢ ᠢᠮᠠᠭᠠᠨ ᠰᠦ᠂ ᠲᠡᠮᠡᠭᠡᠨ ᠰᠦ ᠪᠠᠷ ᠪᠦᠷ | ᠵᠠᠮᠣᠷᠭᠠᠵᠥ ᠪᠣᠯᠣᠨ᠎ᠠ᠃ ᠮᠣᠩᠭᠤᠯᠴᠤᠳ ᠵᠣᠨ ᠤ ᠤᠯᠠᠷᠢᠯ ᠳᠤ ᠬᠤᠨᠢ ᠬᠤᠯᠪᠣᠨ ᠰᠠᠭᠠᠳᠠᠭ ᠪᠣᠯᠬᠤᠷ ᠬᠤᠨᠢᠨ | ᠰᠦ ᠶᠢᠨ ᠥᠷᠥᠮ᠎ᠡ ᠵᠠᠮᠣᠷᠭᠠᠳᠠᠬ᠃ ᠬᠤᠨᠢᠨ ᠰᠦ ᠠᠭᠰᠢᠭᠤᠨ ᠲᠣᠰᠣᠯᠢᠭ ᠲᠤᠯᠠ ᠥᠷᠥᠮ᠎ᠡ ᠵᠤᠵᠠᠭᠠᠨ ᠰᠠᠭᠤᠳᠠᠭ᠃ | | ᠥᠷᠥᠮ᠎ᠡ ᠵᠠᠮᠣᠷᠭᠠᠬᠤ ᠪᠣᠯ ᠮᠡᠷᠭᠡᠵᠢᠯ ᠤᠨ ᠴᠢᠨᠠᠷᠲᠠᠢ ᠠᠵᠢᠯ ᠪᠥᠭᠡᠳ ᠰᠢᠨ᠎ᠡ ᠰᠠᠭᠠᠭᠰᠠᠨ ᠰᠦ ᠱᠠᠭᠠᠷᠳᠠᠭᠳᠠᠨ᠎ᠠ | ᠃ ᠰᠠᠶ᠋ᠢᠬᠠᠨ ᠰᠠᠭᠠᠭᠰᠠᠨ ᠰᠦ ᠪᠠᠨ ᠠᠷᠭᠠᠯ ᠤᠨ ᠵᠥᠭᠡᠯᠡᠨ ᠭᠠᠯ ᠳᠡᠭᠡᠷ᠎ᠡ ᠲᠠᠯᠪᠢᠭᠰᠠᠨ ᠣᠡᠭᠬᠤᠷ ᠲᠣᠭᠤᠭᠠᠨ ᠳᠠᠭᠠᠨ | ᠲᠤᠩᠭᠠᠭᠠᠨ ᠬᠢᠵᠦ ᠪᠤᠴᠠᠯᠠᠬᠤ ᠰᠢᠭ᠋ ᠪᠤᠯᠬᠤ ᠳᠤ ᠭᠠᠯ ᠢ ᠨᠢ ᠵᠣᠭᠰᠣᠭᠠᠵᠤ ᠲᠠᠰᠣᠷᠠᠯ ᠦᠭᠡᠢ ᠰᠠᠮᠤᠷᠴᠤ | ᠬᠥᠭᠡᠰᠦᠷᠡᠭᠦᠯᠦᠨ ᠰᠠᠯᠬᠢ ᠵᠢᠪᠠᠷ ᠠᠪᠤᠭᠤᠯᠬᠤ ᠦᠭᠡᠢ ᠪᠠᠷ ᠠᠶ᠎ᠠ ᠪᠠᠷ ᠨᠢ ᠵᠠᠮᠣᠷᠭᠠᠵᠥ ᠬᠥᠰᠢᠭᠡᠨᠡ᠃ ᠬᠥᠰᠢᠭᠡᠭᠰᠡᠨ | ᠥᠷᠥᠮ᠎ᠡ ᠶᠢᠨ ᠴᠠᠭ ᠨᠢ ᠣᠷᠳᠥ ᠪᠣᠯ ᠵᠤᠵᠠᠭᠠᠨ ᠪᠣᠯᠵᠤ᠂ ᠣᠬᠤᠷ ᠴᠠᠭ ᠲᠤ ᠠᠪᠤᠪᠠᠯ ᠨᠢᠮᠭᠡᠨ ᠪᠤᠯᠳᠠᠬ᠃ ᠵᠤᠵᠠᠭᠠᠨ | ᠰᠠᠭᠤᠭᠰᠠᠨ ᠥᠷᠥᠮ᠎ᠡ ᠪᠠᠨ ᠲᠡᠭᠰᠢ ᠶᠠᠭᠤᠮᠠᠨ ᠳᠡᠭᠡᠷ᠎ᠡ ᠲᠠᠯᠪᠢᠵᠤ ᠨᠢᠭᠡ ᠲᠠᠯ᠎ᠠ ᠳᠡᠭᠡᠷ᠎ᠡ ᠨᠢ ᠬᠠᠭᠤᠷᠤᠭᠰᠠᠨ ᠪᠤᠳᠠᠭ᠎ᠠ | ᠪᠤᠶᠤ ᠪᠤᠷᠠᠮ ᠱᠠᠭᠠᠳᠡᠩ ᠥᠷᠥᠵᠥ᠂ ᠨᠥᠬᠦᠬᠡ ᠲᠠᠯ᠎ᠠ ᠶᠢ ᠨᠢ ᠳᠡᠭᠡᠭᠦᠷ ᠨᠢ ᠨᠤᠭᠤᠯᠵᠤ ᠬᠠᠪᠰᠤᠷᠤᠨ᠎ᠠ᠃ ᠴᠠᠭ ᠨᠢ | ᠣᠬᠤᠷ ᠪᠤᠶᠤ ᠬᠤᠶᠠᠷ ᠭᠤᠷᠪᠠᠳᠤᠭᠠᠷ ᠲᠣᠭᠤᠭᠠᠨ ᠤ ᠥᠷᠥᠮ᠎ᠡ ᠨᠢ ᠨᠢᠮᠭᠡᠨ ᠰᠠᠭᠤᠳᠠᠭ ᠪᠣᠯᠬᠤᠷ ᠵᠥᠭᠡᠬᠡᠢ ᠰᠢᠭ | ᠬᠠᠮᠤᠵᠤ ᠠᠪᠳᠠᠬ᠃ ᠵᠠᠷᠢᠮ ᠭᠠᠵᠠᠷ ᠤᠨ ᠮᠣᠩᠭᠤᠯᠴᠤᠳ ᠬᠠᠮᠤᠵᠤ ᠠᠪᠤᠭᠰᠠᠨ ᠥᠷᠥᠮ᠎ᠡ ᠪᠠᠨ ᠮᠣᠳᠣᠨ ᠠᠭᠠᠷᠣᠣ | ᠪᠤᠶᠤ ᠬᠤᠩᠭᠤ ᠳᠤ ᠬᠤᠷᠢᠶᠠᠨ ᠬᠠᠳᠠᠭᠠᠯᠠᠵᠤ᠂ ᠨᠠᠮᠤᠷ ᠤᠨ ᠰᠡᠷᠢᠭᠦᠨ ᠣᠷᠣᠭᠰᠠᠨ ᠤ ᠬᠤᠶᠢᠨ᠎ᠠ ᠲᠠᠬᠢᠨ ᠬᠠᠯᠠᠭᠠᠵᠤ | ᠨᠤᠬᠤᠵᠤ ᠨᠡᠶᠢᠯᠡᠭᠦᠯᠦᠭᠡᠳ ᠬᠤᠨᠢᠨ ᠤ ᠭᠦᠵᠡᠭᠡᠨ ᠳᠤ ᠬᠢᠵᠦ ᠬᠠᠳᠠᠭᠠᠯᠠᠭᠠᠳ ᠡᠪᠦᠯ ᠳᠡᠭᠡᠨ ᠢᠳᠡᠬᠦ ᠳᠤ ᠪᠡᠯᠡᠳᠬᠡᠳᠡᠭ᠃ | | |