ᠤᠷᠮ᠎ᠠ ᠪᠠᠬ᠎ᠠ ᠪᠤᠯ ᠬᠠᠮᠤᠭ ᠤᠨ ᠰᠠᠶᠢᠨ ᠪᠠᠭᠰᠢ
ᠨᠡᠶᠢᠲᠡᠯᠡᠭᠰᠡᠨ ᠴᠠᠭ᠄
2023/3/28
          ︽ᠤᠷᠮ᠎ᠠ ᠪᠠᠬ᠎ᠠ ᠪᠤᠯ ᠬᠠᠮᠤᠭ ᠤᠨ ᠰᠠᠶᠢᠨ ᠪᠠᠭᠰᠢ︾ ᠬᠡᠳᠡᠭᠴᠢᠯᠡᠨ ᠰᠤᠷᠤᠭᠴᠢᠳ ᠤᠨ ᠰᠤᠷᠬᠤ ᠳᠤᠷᠠᠰᠢᠯ ᠬᠦᠭᠵᠢᠪᠠᠯ ᠤᠬᠠᠮᠰᠠᠷ ᠠᠴᠠ ᠪᠠᠨ ᠰᠤᠷᠬᠤ ᠨᠠᠰᠤᠨ ᠲᠤᠷᠰᠢᠳᠠ ᠪᠠᠨ ᠰᠤᠷᠬᠤ ᠡᠷᠬᠢᠮ ᠴᠢᠨᠠᠷ ᠪᠦᠷᠢᠯᠳᠤᠨ᠎ᠠ᠃ ᠬᠠᠮᠤᠭ ᠤᠨ ᠰᠠᠶᠢᠨ ᠪᠠᠭᠰᠢ ᠪᠠᠨ ᠡᠷᠢᠵᠦ ᠤᠯᠬᠤ ᠨᠢ ᠲᠤᠩ ᠴᠢᠬᠤᠯᠠ ᠪᠠᠶᠢᠳᠠᠭ᠃ ᠶᠠᠮᠠᠷ ᠴᠦ ᠬᠢᠴᠢᠶᠡᠯ ᠲᠦᠷᠦᠯ ᠭᠡᠰᠡᠨ ᠴᠦ ᠬᠠᠮᠢᠶ᠎ᠠ ᠦᠭᠡᠢ᠂ ᠰᠤᠷᠤᠭᠴᠢᠳ ᠤᠨ ᠤᠷᠮ᠎ᠠ ᠪᠠᠬ᠎ᠠ ᠶᠢ ᠳᠡᠳᠡᠵᠦ ᠲᠡᠶᠢᠯᠪᠡᠯ ᠰᠠᠶ᠋ᠢ ᠠᠮᠵᠢᠯᠳᠠ ᠳᠤ ᠭᠦᠷᠴᠤ ᠴᠢᠳᠡᠨ᠎ᠠ᠃   ᠰᠤᠷᠤᠭᠴᠢᠳ ᠤᠨ ᠰᠤᠷᠤᠯᠭ᠎ᠠ ᠶᠢᠨ ᠬᠢᠷᠢ ᠪᠦᠲᠦᠮᠵᠢ ᠵᠥᠷᠢᠶ᠎ᠡ ᠲᠠᠢ ᠪᠠᠶᠢᠬᠤ ᠨᠢ ᠵᠠᠶᠢᠯᠠᠰᠢ ᠦᠭᠡᠢ ᠶᠤᠮ᠃ ᠬᠠᠷᠢᠨ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠰᠠᠶᠢᠳᠤᠷ ᠵᠢᠯᠥᠭᠤᠳᠬᠤ ᠨᠢ ᠵᠢᠭᠠᠨ ᠰᠤᠷᠭᠠᠯᠲᠠ ᠶᠢᠨ ᠶᠠᠰᠤ ᠴᠢᠨᠠᠷ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠳᠤ ᠠᠰᠢᠬᠳᠠᠢ ᠪᠠᠶᠢᠵᠦ ᠂ ᠠᠷᠭ᠎ᠠ ᠪᠦᠬᠦᠨ ᠢ ᠰᠦᠪᠡᠭᠴᠢᠯᠡᠨ᠂ ᠰᠠᠶᠢᠳᠤᠷ ᠠᠵᠢᠬᠯᠠᠵᠦ᠂ ᠬᠦᠯᠢᠴᠡᠩᠭᠦᠢ ᠬᠦᠮᠦᠵᠢᠬᠦᠯᠬᠦ ᠪᠣᠯ ᠪᠠᠭᠰᠢ ᠨᠢᠭᠡᠪᠦᠷᠢ ᠶᠢᠨ ᠵᠢᠭᠠᠨ ᠰᠤᠷᠭᠠᠯᠲᠠ ᠶᠢᠨ ᠡᠭᠦᠷᠭᠡ ᠪᠠᠨ ᠲᠡᠭᠦᠰ ᠠᠮᠵᠢᠯᠲᠠᠲᠠᠶ ᠪᠡᠶᠡᠯᠡᠭᠦᠯᠬᠦ ᠶᠢᠨ ᠴᠢᠬᠤᠯᠠ ᠭᠤᠭᠴᠤᠭ᠎ᠠ ᠪᠣᠯᠤᠨ᠎ᠠ᠃ ᠳᠡᠭᠡᠪᠡᠯ ᠂ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠬᠡᠷᠬᠢᠨ ᠵᠢᠯᠤᠭᠤᠳᠬᠤ ᠪᠤᠢ︖    ᠨᠢᠬᠡ᠂ ᠰᠤᠷᠬᠤᠢ ᠶᠢᠨ ᠬᠦᠳᠡᠯᠭᠡᠭᠴᠢ ᠬᠦᠴᠦᠨ ᠢ ᠬᠦᠮᠦᠵᠢᠬᠦᠯᠵᠦ ᠵᠤᠷᠢᠭᠵᠢᠭᠤᠯᠬᠤ ᠶᠢ ᠠᠩᠬᠠᠷᠤᠨ᠎ᠠ᠃   ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢᠨ ᠪᠡᠶ᠎ᠡ ᠳᠡᠭᠡᠷᠡᠬᠢ ︽ᠬᠢᠯᠡᠰ ᠴᠡᠭ︾ ᠢ ᠴᠢᠳᠠᠮᠠᠭᠠᠢ ᠪᠠᠷ ᠢᠯᠡᠷᠡᠬᠦᠯᠵᠦ᠂ ︽ᠬᠢᠯᠡᠰ ᠴᠡᠭ︾ ᠲᠤ ᠨᠢ ᠳᠤᠬᠢᠷᠠᠭᠤᠯᠤᠨ᠂ ᠴᠠᠭ ᠲᠤᠬᠠᠢ ᠳᠤ ᠨᠢ ᠮᠠᠭᠳᠠᠨ ᠰᠠᠶᠢᠰᠢᠶᠠᠵᠦ᠂ ᠬᠦᠬᠢᠬᠦᠯᠥᠨ ᠱᠠᠩᠨᠠᠵᠦ᠂ ᠲᠡᠳᠡᠨ ᠤ ᠦᠪᠡᠷ ᠢ ᠪᠠᠨ ᠢᠲᠡᠭᠡᠬᠦ ᠰᠡᠳᠬᠢᠯ ᠪᠠ ᠬᠠᠮᠳᠤ ᠶᠢᠨ ᠢᠷᠠᠭᠤ ᠠᠯᠳᠠᠷ ᠤᠨ ᠰᠡᠳᠬᠢᠯᠬᠡ ᠶᠢ ᠨᠡᠮᠡᠭᠳᠡᠭᠦᠯᠥᠨ᠎ᠡ᠃ ᠲᠡᠳᠡᠨ ᠤ ᠥᠴᠦᠬᠡᠨ ᠲᠠᠪᠰᠢᠯᠳᠠ ᠶᠢ ᠣᠯᠵᠤ ᠮᠡᠳᠡᠮᠡᠭᠴᠡ ᠳᠠᠷᠤᠶ ᠴᠠᠭ ᠲᠤᠬᠠᠶ ᠳᠤ ᠨᠢ ᠮᠠᠭᠲᠠᠨ ᠰᠠᠶᠢᠰᠢᠶᠠᠵᠤ᠂ ᠲᠡᠳᠡᠨ ᠢ ᠬᠦᠴᠦᠯᠡᠨ ᠴᠢᠷᠮᠠᠶᠢᠵᠤ ᠥᠭᠡᠳᠡᠯᠡᠨ ᠲᠠᠪᠰᠢᠬᠤ ᠶᠢ ᠵᠣᠷᠢᠭᠵᠢᠭᠤᠯᠬᠤ ᠬᠡᠷᠡᠭᠲᠡᠶ᠃   ᠬᠤᠶᠠᠷ᠂ ᠬᠠᠯᠠᠮᠵᠢᠯᠠᠨ ᠬᠠᠶᠢᠷᠠᠯᠠᠬᠤ ᠪᠠ ᠴᠢᠩᠭ᠎ᠠ ᠱᠠᠭᠠᠷᠳᠠᠬᠤ ᠶᠢ ᠤᠶᠠᠯᠳᠤᠭᠤᠯᠬᠤ ᠶᠢ ᠠᠩᠬᠠᠷᠤᠨ᠎ᠠ᠃   ᠵᠤᠷᠢᠭᠵᠢᠭᠤᠯᠬᠤ ᠪᠠᠷ ᠭᠤᠤᠯᠳᠠᠭᠤᠯᠵᠦ᠂ ᠰᠢᠭᠦᠮᠵᠢᠯᠡᠬᠦ ᠶᠢ ᠪᠠᠭᠠᠰᠬᠠᠬᠤ ᠡᠨᠡ ᠬᠦ ᠠᠷᠭ᠎ᠠ ᠨᠢ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠳᠤ ᠨᠡᠩ ᠴᠢᠬᠤᠯᠠ᠃ ᠲᠠᠷᠤᠢ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠬᠠᠶᠠᠨ ᠳᠤ ᠨᠢ ᠬᠠᠶᠠᠬᠤ ᠪᠢᠰᠢ᠂ ᠪᠠᠰᠠ ᠦᠷᠬᠦᠯᠵᠢ ᠵᠠᠩᠨᠠᠵᠦ ᠠᠭᠤᠷᠯᠠᠬᠤ᠂ ᠰᠢᠬᠦᠮᠵᠢᠯᠡᠬᠦ ᠪᠢᠰᠢ᠂ ᠲᠡᠳᠡᠨ ᠤ ᠰᠤᠷᠤᠯᠴᠠᠬᠤ ᠠᠯᠬᠤᠮ ᠪᠦᠷᠢ ᠳᠤ ᠵᠤᠷᠢᠭᠵᠢᠭᠤᠯᠬᠤ ᠪᠠᠷ ᠭᠤᠤᠯ ᠪᠤᠯᠭᠠᠵᠦ᠂ ᠢᠳᠡᠭᠡᠯ ᠢ ᠨᠢ ᠡᠷᠴᠢᠯᠠᠵᠦ᠂ ᠠᠯᠳᠠᠭ᠎ᠠ ᠪᠤᠷᠤᠭᠤ ᠶᠢ ᠨᠢ ᠬᠦᠯᠢᠴᠡᠩᠬᠦᠢ ᠪᠠᠷ ᠵᠠᠯᠠᠷᠠᠭᠤᠯᠬᠤ ᠶᠢᠨ ᠬᠠᠮᠳᠤ ᠰᠢᠬᠦᠮᠵᠢᠯᠡᠬᠦ ᠶᠢ ᠪᠠᠭᠠᠰᠬᠠᠵᠦ᠂ ᠬᠠᠯᠠᠮᠵᠢᠯᠠᠨ ᠬᠠᠶᠢᠷᠠᠯᠠᠬᠤ ᠪᠠ ᠴᠢᠩᠭ᠎ᠠ ᠱᠠᠭᠠᠷᠳᠠᠬᠤ ᠶᠢ ᠬᠠᠷᠢᠯᠴᠠᠨ ᠤᠶᠠᠯᠳᠤᠭᠤᠯᠪᠠᠯ ᠵᠤᠬᠢᠨ᠎ᠠ᠃ ᠰᠤᠷᠤᠭᠴᠢᠳ ᠪᠠᠭᠰᠢ ᠶᠢᠨ ᠬᠠᠶᠢᠷ᠎ᠠ ᠶᠢ ᠣᠯᠵᠤ ᠴᠢᠳᠠᠬᠤ ᠦᠭᠡᠢ ᠨᠢ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠪᠣᠯᠵᠦ ᠪᠠᠶᠢᠭ᠎ᠠ ᠶᠢᠨ ᠰᠢᠯᠲᠠᠠᠭᠠ ᠤ ᠨᠢᠭᠡ ᠪᠣᠯᠤᠨ᠎ᠠ᠃ ᠬᠠᠷᠢᠴᠠᠩᠭᠤᠶ ᠪᠠᠷ ᠬᠡᠯᠡᠪᠡᠯ᠂ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢᠨ ᠰᠤᠷᠤᠯᠴᠠᠬᠤ ᠶᠠᠪᠤᠴᠠ ᠳᠤ ᠣᠯᠠᠩᠬᠢ ᠨᠢ ᠰᠢᠭᠦᠮᠵᠢᠯᠡᠯ᠂ ᠴᠢᠨᠠᠭᠰᠢᠯᠠᠪᠠᠯ ᠬᠤᠱᠣᠩᠨᠠᠨ ᠶᠣᠵᠣᠯᠠᠬᠤ ᠦᠭᠡ ᠶᠠᠷᠢᠶ᠎ᠠ ᠪᠠᠶᠢᠳᠠᠭ᠃ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠨᠢ ᠪᠠᠭᠰᠢ ᠶᠢᠨ ᠰᠤᠷᠭᠠᠨ ᠬᠥᠮᠦᠵᠢᠯ ᠳᠤ ᠦᠷᠭᠦᠯᠵᠢ ᠵᠠᠶᠢᠯᠠᠬᠤ ᠪᠠ ᠳᠤᠷ᠎ᠠ ᠦᠭᠡᠶᠢᠴᠡᠬᠦ ᠪᠠᠶᠢᠳᠠᠯ ᠲᠠᠢ ᠪᠠᠶᠢᠳᠠᠭ᠃ ᠡᠶᠢᠮᠦ ᠠᠴᠠ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠳᠤ ᠬᠦᠢᠲᠡᠮᠰᠤᠭ᠌ ᠢᠶᠠᠷ ᠬᠠᠨᠳᠤᠵᠦ ᠪᠣᠯᠬᠤ ᠦᠭᠡᠢ᠂ ᠬᠠᠷᠢᠨ ᠲᠡᠳᠡᠨ ᠤ ᠪᠡᠶ᠎ᠡ ᠳᠡᠭᠡᠷᠡᠬᠢ ᠳᠠᠪᠠᠭᠤᠯᠢᠭ ᠲᠠᠯ᠎ᠠ ᠶᠢ ᠢᠯᠡᠷᠡᠭᠦᠯᠬᠦ ᠶᠢ ᠴᠢᠷᠮᠠᠶᠢᠨ ᠠᠩᠬᠠᠷᠴᠤ᠂ ᠲᠡᠳᠡᠨ ᠤ ᠲᠣᠰ ᠪᠡᠶ᠎ᠡ ᠶᠢᠨ ᠳᠠᠪᠠᠭᠤᠯᠢᠭ ᠲᠠᠯ᠎ᠠ ᠶᠢ ᠠᠩᠬᠠᠷᠬᠤ ᠬᠡᠷᠡᠭᠲᠡᠶ᠃ ᠰᠤᠷᠤᠯᠭ᠎ᠠ ᠶᠢᠨ ᠬᠦᠴᠢᠷᠳᠡᠯ ᠢ ᠢᠯᠠᠨ ᠳᠠᠪᠠᠭ᠋ᠤ ᠬᠡᠷᠡᠭᠲᠡᠶ᠃ ᠪᠠᠭᠰᠢ ᠪᠣᠯᠤᠭᠰᠠᠳ ᠬᠢᠴᠢᠶᠡᠯ ᠤᠨ ᠭᠠᠳᠠᠨᠠᠬᠢ ᠴᠠᠭ ᠢᠶᠠᠨ ᠠᠰᠢᠭᠯᠠᠨ ᠳᠡᠳᠡᠨ ᠲᠠᠢ ᠣᠶᠢᠷᠠᠲᠤᠵᠤ᠂ ᠳᠡᠳᠡᠨ ᠲᠠᠢ ᠰᠡᠳᠬᠢᠯ ᠤᠨ ᠦᠭᠡ ᠪᠠᠨ ᠶᠠᠷᠢᠯᠴᠠᠵᠤ᠂ ᠳᠡᠳᠡᠨ ᠤ ᠬᠦᠴᠢᠷ ᠪᠡᠷᠬᠡᠰᠢᠶᠡᠯ ᠯᠦᠭᠡ ᠲᠡᠮᠡᠴᠡᠬᠦ ᠢᠲᠡᠭᠡᠯ ᠵᠣᠷᠢᠭ᠂ ᠬᠠᠲᠠᠭᠤ ᠵᠣᠷᠢᠭ ᠲᠠᠢ ᠪᠣᠯᠬᠤ ᠶᠢ ᠵᠣᠷᠢᠭᠵᠢᠭᠤᠯᠬᠤ ᠬᠡᠷᠡᠭᠲᠡᠶ᠃    ᠭᠤᠷᠪᠠ᠂ ᠰᠤᠷᠤᠭᠴᠢ ᠶᠢᠨ ᠪᠤᠳᠠᠭᠠᠯᠢ ᠪᠡᠶ᠎ᠡ ᠶᠢᠨ ᠵᠦᠷᠢᠶᠡᠳᠤ ᠴᠢᠨᠠᠷ ᠲᠤ ᠴᠢᠭᠯᠡᠬᠦᠯᠥᠨ᠂ ᠬᠠᠨᠳᠤᠯᠭᠠᠳᠤ ᠴᠢᠨᠠᠷ ᠲᠠᠢ ᠪᠠᠷ ᠠᠯᠭᠤᠷ ᠠᠭᠠᠵᠢᠮ ᠢᠶᠠᠷ ᠵᠢᠭᠠᠨ ᠵᠢᠯᠤᠭᠤᠳᠤᠨ᠎ᠠ᠃    ᠰᠤᠷᠤᠭᠴᠢᠳ ᠤᠨ ᠰᠤᠷᠤᠯᠭ᠎ᠠ ᠶᠢᠨ ᠪᠠᠶᠢᠳᠠᠯ ᠢ ᠪᠦᠬᠦ ᠲᠠᠯ᠎ᠠ ᠪᠠᠷ ᠣᠶᠢᠯᠠᠭᠠᠭᠰᠠᠨ ᠰᠠᠭᠤᠷᠢᠨ ᠳᠡᠭᠡᠷ᠎ᠡ᠂ ᠰᠤᠷᠤᠭᠴᠢᠳ ᠤᠨ ᠬᠦᠯᠢᠶᠡᠨ ᠠᠪᠬᠤ ᠬᠢᠷᠢ ᠬᠡᠮᠵᠢᠶ᠎ᠠ ᠠᠳᠠᠯᠢ ᠪᠤᠰᠤ ᠪᠠᠶᠢᠳᠠᠯ ᠳᠤ ᠴᠢᠭᠯᠡᠭᠦᠯᠦᠨ᠂ ᠵᠣᠬᠢᠴᠠᠩᠭᠤᠶ ᠵᠢᠭᠠᠨ ᠰᠤᠷᠭᠠᠬᠤ ᠠᠷᠭ᠎ᠠ ᠪᠠ ᠵᠢᠭᠠᠬᠤ ᠵᠠᠷᠴᠢᠮ ᠢ ᠬᠡᠷᠡᠭᠯᠡᠪᠡᠯ ᠵᠤᠬᠢᠨ᠎ᠠ᠃ ᠰᠤᠷᠤᠯᠴᠠᠬᠤ ᠵᠣᠷᠢᠯᠭ᠎ᠠ ᠨᠢ ᠲᠣᠳᠣᠷᠬᠠᠶ ᠦᠭᠡᠢ ᠪᠣᠯᠬᠤᠷ ᠣᠪᠣᠷ ᠨᠢ ᠲᠥᠪ ᠪᠤᠰᠤ᠂ ᠬᠢᠷᠢ ᠪᠦᠲᠦᠮᠵᠢ ᠪᠠᠷ ᠠᠨᠠᠶ ᠰᠤᠷᠤᠭᠴᠢᠳ ᠲᠤ ᠬᠦᠯᠢᠴᠡᠩᠭᠦᠶ ᠨᠢᠮᠪᠠᠶ ᠦᠵᠡᠯ ᠰᠠᠨᠠᠭᠠᠨ ᠤ ᠠᠵᠢᠯ ᠬᠢᠬᠦ ᠶᠢ ᠪᠠᠷᠢᠮᠲᠠᠯᠠᠬᠤ ᠬᠡᠷᠡᠭᠲᠡᠶ᠃ ᠵᠠᠯᠠᠭᠤᠴᠤᠳ ᠪᠠᠭᠠᠴᠤᠳ ᠲᠤ ᠰᠣᠶᠣᠯ ᠮᠡᠳᠡᠯᠭᠡ ᠶᠢ ᠰᠠᠶᠢᠲᠤᠷ ᠰᠤᠷᠤᠯᠴᠠᠬᠤ ᠪᠣᠯ ᠲᠡᠷᠢᠭᠦᠨ ᠴᠢᠬᠤᠯᠠ ᠡᠭᠦᠷᠭᠡ ᠮᠥᠨ᠂ ᠥᠪᠡᠷ ᠤᠨ ᠰᠠᠶᠢᠨ ᠰᠠᠶᠢᠬᠠᠨ ᠢᠷᠡᠭᠡᠳᠦᠶ ᠳᠤ ᠪᠠᠨ ᠬᠤᠯᠪᠣᠭᠳᠠᠬᠤ ᠶᠡᠭᠡ ᠶᠠᠪᠤᠳᠠᠯ ᠮᠥᠨ ᠭᠡᠳᠡᠭ ᠢ ᠲᠣᠳᠣᠷᠬᠠᠶᠢᠯᠠᠭᠤᠯᠬᠤ ᠬᠡᠷᠡᠭᠲᠡᠶ᠃ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠳᠤ ᠠᠪᠴᠤ ᠬᠡᠯᠡᠪᠠᠯ᠂ ᠵᠦᠪᠬᠡᠨ ᠬᠢᠴᠢᠶᠡᠯ ᠤᠨ ᠴᠠᠭ ᠢ ᠲᠦᠰᠢᠭᠯᠡᠬᠦ ᠨᠢ ᠬᠦᠷᠦᠯᠴᠡᠬᠦ ᠦᠭᠡᠢ ᠶᠤᠮ᠃ ᠬᠢᠴᠢᠶᠡᠯ ᠤᠨ ᠴᠠᠭ ᠤᠨ ᠠᠭᠤᠯᠭ᠎ᠠ ᠪᠤᠯᠤᠨ ᠬᠢᠴᠢᠶᠠᠯ ᠠᠴᠠ ᠭᠠᠳᠠᠭᠤᠷ ᠬᠠᠪᠰᠤᠷᠤᠨ ᠵᠢᠯᠤᠭᠤᠳᠬᠤ ᠶᠢ ᠤᠶᠠᠯᠳᠤᠭᠤᠯᠪᠠᠯ ᠵᠤᠬᠢᠨ᠎ᠠ᠃ ᠳᠡᠳᠡᠨᠤᠰ ᠤᠨ ᠰᠤᠯᠡ ᠰᠡᠯᠡᠬᠦᠤ ᠴᠠᠭ ᠢ ᠢᠯᠡᠭᠦᠬᠡᠨ ᠠᠰᠢᠭᠯᠠᠵᠦ᠂ ᠪᠠᠭᠰᠢ ᠠᠴᠠ ᠵᠤᠬᠢᠬᠤ ᠬᠡᠮᠵᠢᠶᠡᠨ ᠤ ᠬᠢᠴᠢᠶᠡᠯ ᠤᠨ ᠭᠠᠳᠠᠨᠠᠬᠢ ᠴᠠᠭ ᠢ ᠵᠠᠷᠤᠴᠠᠭᠤᠯᠵᠦ ᠪᠠᠶᠢᠭᠠᠳ ᠲᠠᠬᠢᠨ ᠲᠠᠪᠳᠠᠨ ᠲᠠᠶᠢᠯᠪᠤᠷᠢᠯᠡᠵᠦ ᠵᠢᠭᠠᠨ ᠵᠢᠯᠤᠭᠤᠳᠬᠤ ᠬᠡᠷᠡᠭᠲᠠᠢ᠃ ᠡᠭᠦᠨ ᠤ ᠬᠠᠮᠲᠤ ᠳᠠᠰᠬᠠᠯ ᠢ ᠨᠢ ᠴᠠᠭ ᠲᠤᠬᠠᠢ ᠳᠤ ᠨᠢ ᠪᠠᠶᠢᠴᠠᠭᠠᠵᠤ᠂ ᠰᠠᠶᠢᠨ ᠰᠤᠷᠤᠯᠴᠠᠬᠤ ᠳᠠᠳᠬᠠᠯ ᠲᠠᠢ ᠪᠣᠯᠭᠠᠬᠤ ᠶᠢ ᠱᠠᠭᠠᠷᠳᠠᠳᠠᠭ᠄ ᠵᠢᠱᠢᠶᠡᠯᠡᠪᠡᠯ ᠬᠢᠴᠢᠶᠡᠯ ᠤᠨ ᠴᠠᠭ ᠲᠤ ᠰᠠᠶᠢᠳᠤᠷ ᠰᠣᠨᠣᠰᠬᠤ ᠶᠢ ᠠᠩᠬᠠᠷᠤᠭᠤᠯᠬᠤ︔ ᠳᠠᠰᠬᠠᠯ ᠢᠶᠠᠨ ᠨᠠᠷᠢᠨ ᠬᠢᠨᠠᠮᠠᠭᠠᠶ ᠴᠠᠭ ᠲᠤᠬᠠᠶ ᠳᠤ ᠨᠢ ᠪᠡᠶᠡᠯᠡᠭᠦᠯᠬᠦ ᠶᠢ ᠱᠠᠭᠠᠷᠳᠠᠬᠤ︔ ᠨᠣᠮ ᠪᠢᠴᠢᠭ ᠢᠯᠡᠭᠦᠦ ᠤᠩᠰᠢᠭᠤᠯᠵᠤ᠂ ᠨᠣᠮ ᠤᠡᠭᠰᠢᠬᠤ ᠳᠠᠳᠬᠠᠯ ᠲᠠᠢ ᠪᠤᠯᠭᠠᠬᠤ᠃ ᠲᠡᠳᠡᠠ ᠢ ᠬᠦᠴᠦ ᠣᠷᠣᠭᠤᠯᠵᠤ᠂ ᠰᠢᠮᠳᠡᠠ ᠰᠤᠷᠦᠯᠴᠡᠵᠦ᠂ ᠢᠯᠡᠭᠦᠦ ᠪᠣᠯᠪᠠᠰᠤᠷᠠᠵᠤ ᠢᠯᠡᠭᠦᠦ ᠤᠩᠰᠢᠳᠠᠭ ᠯᠠ ᠶᠤᠮ ᠪᠣᠯ ᠯᠠᠪᠲᠠᠢ ᠰᠡᠶᠢᠠ ᠠᠮᠵᠢᠯᠲᠠ ᠣᠯᠵᠤ ᠴᠢᠳᠠᠬᠤ ᠶᠤᠮ ᠭᠡᠵᠦ ᠵᠣᠷᠢᠭᠵᠢᠭᠤᠯᠤᠨ᠎ᠠ᠃ ᠲᠡᠳᠡᠭᠡᠷ ᠠᠯᠢᠶ᠎ᠠ ᠪᠤᠷᠤᠩᠬᠤᠶ᠂ ᠪᠡᠶ᠎ᠡ ᠪᠠᠨ ᠪᠠᠷᠢᠬᠤ ᠴᠢᠳᠠᠪᠤᠷᠢ ᠪᠠᠷ ᠠᠨᠠᠶ ᠰᠤᠷᠤᠭᠴᠢᠳ ᠲᠤ ᠤᠳᠠᠭᠠᠨ ᠳᠠᠭᠠᠭᠠᠮᠠᠭᠠᠶ ᠳᠠᠶᠢᠨ ᠬᠢᠬᠦ ᠶᠢ ᠪᠠᠷᠢᠮᠲᠠᠯᠠᠨ᠎ᠠ᠃ ᠬᠢᠴᠢᠶᠡᠯ ᠣᠷᠣᠬᠤ ᠦᠶᠡᠰ᠂ ᠲᠡᠳᠡᠨ ᠢ ᠬᠠᠮᠤᠭ ᠤᠨ ᠡᠮᠦᠨ᠎ᠡ ᠰᠠᠭᠤᠯᠭᠠᠵᠤ᠂ ᠡᠳᠡᠭᠡᠷ ᠰᠤᠷᠤᠭᠴᠢᠳ ᠲᠤ ᠠᠩᠬᠠᠷᠤᠯ ᠢᠶᠠᠨ ᠲᠥᠪᠯᠡᠷᠡᠭᠦᠯᠬᠦ ᠶᠢ ᠴᠠᠭ ᠢᠮᠠᠭᠲᠠ ᠳᠠᠯᠳᠠ ᠪᠠᠷ ᠮᠡᠳᠡᠭᠳᠡᠨ᠎ᠡ︔ ᠳᠠᠰᠬᠠᠯ ᠬᠢᠬᠦ ᠳᠤ ᠪᠠᠨ ᠬᠠᠵᠠᠭᠤ ᠳᠤ ᠨᠢ ᠰᠠᠭᠤᠵᠤ ᠪᠠᠶᠢᠭᠠᠳ ᠬᠠᠷᠠᠵᠤ ᠪᠠᠶᠢᠭᠠᠳ ᠵᠢᠯᠣᠭᠤᠳᠤᠨ᠂ ᠠᠩᠬᠠᠷᠤᠯ ᠢ ᠨᠢ ᠲᠥᠪᠯᠡᠷᠡᠭᠦᠯᠦᠨ᠎ᠡ᠃ ᠢᠩᠭᠢᠪᠡᠯ ᠲᠡᠳᠡᠨ ᠤ ᠳᠠᠰᠬᠠᠯ ᠪᠠᠶᠡᠯᠡᠬᠦᠯᠬᠦ ᠴᠢᠨᠠᠷ ᠢ ᠳᠡᠭᠡᠭᠰᠢᠯᠡᠭᠦᠯᠵᠦ ᠴᠢᠳᠠᠨ᠎ᠠ᠂ ᠪᠠᠰᠠ ᠲᠡᠳᠡᠨ ᠢ ᠬᠠᠪᠰᠤᠷᠴᠤ ᠰᠤᠨᠵᠢᠷᠠᠭᠤᠯᠤᠨ ᠤᠳᠠᠭᠠᠰᠢᠷᠠᠭᠤᠯᠳᠠᠭ᠂ ᠠᠯᠵᠠᠭᠤ ᠵᠠᠯᠬᠠᠭᠤ ᠮᠠᠭᠤ ᠳᠠᠳᠬᠠᠯ ᠢ ᠨᠢ ᠵᠠᠯᠠᠷᠠᠭᠤᠯᠵᠤ ᠴᠢᠳᠠᠨ᠎ᠠ᠃    ᠲᠦᠷᠪᠠ᠂ ᠰᠡᠩᠬᠡᠷᠡᠭᠦᠯᠦᠨ ᠵᠢᠯᠥᠭᠤᠳᠴᠤ᠂ ᠬᠦᠳᠦᠯᠥᠨ ᠳᠠᠭᠠᠭᠤᠯᠬᠤ ᠪᠠᠷ ᠳᠠᠮᠵᠢᠨ ᠰᠤᠷᠤᠭᠴᠢᠳ ᠤᠨ ᠰᠤᠷᠤᠯᠴᠠᠬᠤ ᠤᠷᠮ᠎ᠠ ᠶᠢ ᠬᠦᠮᠦᠵᠢᠬᠦᠯᠦᠨ᠎ᠡ᠃   ᠤᠷᠮ᠎ᠠ ᠪᠠᠬ᠎ᠠ ᠶᠢ ᠬᠥᠮᠦᠵᠢᠭᠦᠯᠬᠦ ᠪᠣᠯ ᠮᠡᠳᠡᠯᠭᠡ ᠣᠯᠵᠤ᠂ ᠬᠡᠷᠡᠭ ᠪᠣᠳᠠᠰ ᠢ ᠲᠠᠨᠢᠬᠤ ᠬᠠᠮᠤᠭ ᠤᠨ ᠦᠨᠳᠦᠰᠦᠨ ᠬᠠᠮᠤᠭ ᠤᠨ ᠴᠢᠬᠤᠯᠠ ᠡᠯᠧᠮᠧᠨ᠋ᠲ ᠤᠨ ᠨᠢᠭᠡ ᠪᠣᠯᠤᠨ᠎ᠠ᠃ ᠠᠩᠭᠢ ᠪᠤᠯᠭᠠᠨ ᠳᠤ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠲᠠᠢ ᠪᠠᠶᠢᠵᠤ᠂ ᠰᠢᠨᠵᠢᠯᠡᠬᠦ ᠤᠬᠠᠭᠠᠨᠴᠢ ᠰᠤᠷᠤᠯᠴᠠᠬᠤ ᠠᠷᠭ᠎ᠠ ᠪᠠᠷ ᠳᠤᠲᠠᠮᠠᠭ᠂ ᠰᠤᠷᠤᠯᠴᠠᠬᠤ ᠳᠤ ᠮᠠᠰᠢ ᠶᠡᠭᠡ ᠬᠦᠴᠢᠷᠲᠡᠵᠦ ᠪᠠᠶᠢᠳᠠᠭ᠃ ᠡᠳᠡᠭᠡᠷ ᠰᠤᠷᠤᠭᠴᠢᠳ ᠲᠤ ᠭᠤᠣᠯᠳᠠᠭᠤ ᠰᠤᠷᠤᠯᠴᠠᠬᠤ ᠤᠷᠮ᠎ᠠ ᠪᠠᠬ᠎ᠠ ᠶᠢ ᠨᠢ ᠬᠥᠮᠦᠵᠢᠭᠦᠯᠵᠦ᠂ ᠰᠤᠷᠤᠯᠴᠠᠬᠤ ᠵᠠᠪᠰᠢᠶᠠᠨ ᠣᠯᠭᠤᠬᠤ ᠬᠡᠷᠡᠭᠲᠡᠢ᠃ ᠬᠢᠴᠢᠶᠡᠯ ᠤᠨ ᠲᠠᠩᠬᠢᠮ ᠳᠤ᠂ ᠳᠥᠭᠦᠮᠬᠡᠨ ᠠᠰᠠᠭᠤᠯᠲᠠ ᠶᠢ ᠲᠡᠳᠡᠨ ᠢᠶᠠᠷ ᠢᠯᠡᠭᠦᠬᠡᠨ ᠬᠠᠷᠢᠭᠤᠯᠠᠭᠤᠯᠵᠦ᠂ ᠡᠬᠢ ᠠᠳᠠᠭ ᠦᠭᠡᠢ ᠬᠠᠷᠢᠭᠤᠯᠤᠯ᠎ᠠ ᠴᠤ ᠭᠡᠰᠡᠨ ᠭᠦᠶᠴᠡᠳ ᠨᠤᠲᠠᠯᠠᠬᠤ ᠬᠡᠷᠡᠭᠲᠡᠶ᠃ ᠬᠠᠷᠢᠭᠤᠯᠤᠭᠰᠠᠨ ᠨᠢ ᠵᠥᠪ ᠬᠡᠰᠡᠭ ᠢ ᠨᠢ ᠪᠠᠰᠠ ᠮᠠᠭᠲᠠᠨ ᠰᠠᠶᠢᠰᠢᠶᠠᠵᠤ᠂ ᠲᠡᠳᠡᠨ ᠤ ᠰᠤᠷᠤᠯᠴᠠᠬᠤ ᠤᠷᠮ᠎ᠠ ᠪᠠᠬ᠎ᠠ ᠶᠢ ᠨᠢ ᠬᠥᠭᠵᠢᠭᠡᠨ᠎ᠡ᠃ ᠳᠠᠳᠠᠨ ᠢ ᠪᠠᠰᠠ ᠣᠶᠢᠯᠠᠭᠠᠬᠤ ᠦᠭᠡᠢ ᠵᠦᠢᠯ ᠢᠶᠠᠨ ᠢᠳᠡᠪᠬᠢᠲᠡᠢ ᠢᠯᠡᠬᠦᠬᠡᠨ ᠠᠰᠠᠭᠤᠬᠤ ᠶᠢ ᠨᠢ ᠵᠤᠷᠢᠬᠵᠢᠭᠤᠯᠬᠤ ᠬᠡᠷᠡᠭᠲᠡᠶ᠃ ᠲᠡᠳᠡᠨ ᠤ ᠳᠤᠷᠠᠳᠤᠭᠰᠠᠨ ᠠᠰᠠᠭᠤᠳᠠᠯ ᠢ ᠪᠠᠭᠰᠢ ᠪᠣᠯᠤᠭᠰᠠᠳ ᠠᠭᠤᠵᠢᠭᠤ ᠲᠠᠯᠪᠢᠭᠤ ᠣᠪᠣᠷ ᠢᠶᠠᠷ ᠨᠢᠭᠡ ᠨᠢᠭᠡ ᠪᠠᠷ ᠲᠠᠶᠢᠯᠪᠤᠷᠢᠯᠠᠵᠤ᠂ ᠣᠶᠢᠯᠠᠭᠠᠵᠤ ᠮᠡᠳᠡᠬᠦᠯᠬᠦ ᠬᠡᠷᠡᠭᠲᠡᠶ᠃ ᠵᠠᠷᠢᠮ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠣᠷᠣᠯᠴᠠᠵᠤ ᠪᠣᠯᠬᠤ ᠰᠤᠷᠤᠯᠴᠠᠬᠤ ᠠᠵᠢᠯᠯᠠᠭ᠎ᠠ ᠶᠢ ᠨᠠᠷᠢᠨ ᠨᠢᠮᠪᠠᠶ ᠲᠥᠯᠥᠪᠯᠡᠵᠦ᠂ ᠵᠢᠱᠢᠶᠡᠯᠡᠪᠡᠯ ᠠᠩᠭᠢ ᠳᠤ ᠪᠠᠨ ᠦᠰᠦᠭ ᠪᠢᠴᠢᠬᠦ ᠤᠷᠤᠯᠳᠤᠭᠠᠨ ᠶᠠᠪᠤᠭᠤᠯᠪᠠᠯ᠂ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠢᠯᠡᠭᠦᠬᠡᠨ ᠣᠷᠣᠯᠴᠠᠭᠤᠯᠪᠡᠯ ᠵᠤᠬᠢᠨ᠎ᠠ᠃ ᠵᠠᠷᠢᠮ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢᠨ ᠬᠦᠯᠢᠶᠡᠨ ᠠᠪᠬᠤ ᠬᠢᠷᠢ ᠪᠦᠲᠦᠮᠵᠢ ᠨᠢ ᠠᠨᠠᠶ᠂ ᠭᠡᠪᠡᠴᠦ ᠦᠰᠦᠭ ᠪᠢᠴᠢᠬᠦ ᠨᠢ ᠰᠠᠶᠢᠬᠠᠨ᠂ ᠡᠨᠡ ᠨᠢ ᠶᠠᠭ ᠬᠦᠮᠦᠰ ᠲᠤ ᠡᠷᠳᠡᠮ ᠴᠢᠳᠠᠯ ᠢᠶᠠᠨ ᠦᠵᠡᠭᠦᠯᠬᠦ ᠵᠠᠪᠰᠢᠶᠠᠨ ᠪᠣᠯᠤᠨ᠎ᠠ᠃ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠳᠤ ᠲᠣᠰ ᠪᠡᠶ᠎ᠡ ᠶᠢᠨ ᠦᠨ᠎ᠡ ᠥᠷᠲᠡᠭ ᠢ ᠮᠡᠳᠡᠷᠡᠭᠦᠯᠬᠦ︔ ᠬᠢᠴᠢᠶᠡᠯ ᠤᠨ ᠭᠠᠳᠠᠭᠤᠷᠬᠢ ᠬᠥᠳᠡᠯᠭᠡᠭᠡᠨ ᠬᠢᠬᠦ᠂ ᠮᠡᠳᠡᠯᠭᠡ ᠶᠢᠨ ᠴᠢᠨᠠᠷᠲᠠᠶ ᠲᠣᠭᠯᠠᠭᠠᠮ ᠬᠢᠬᠦ ᠦᠶᠡᠰ ᠠᠯᠢ ᠴᠢᠳᠠᠬᠤ ᠪᠠᠷ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢᠳ ᠲᠤ ᠢᠯᠡᠬᠦᠬᠡᠨ ᠣᠷᠣᠯᠴᠠᠬᠤ ᠲᠣᠬᠢᠶᠠᠯ ᠣᠯᠭᠤᠵᠤ᠂ ᠬᠥᠳᠡᠯᠭᠡᠭᠡᠨ ᠢᠶᠠᠷ ᠳᠠᠮᠵᠢᠭᠤᠯᠵᠦ᠂ ᠰᠣᠶᠣᠯ ᠮᠡᠳᠡᠯᠭᠡ ᠰᠤᠷᠬᠤ ᠳᠤᠷ᠎ᠠ ᠰᠣᠨᠢᠷᠬᠠᠯ ᠢ ᠨᠢ ᠢᠳᠡᠭ ᠢᠳᠡᠭ ᠢᠶᠠᠷ ᠬᠥᠮᠦᠵᠢᠭᠦᠯᠵᠦ᠂ ᠰᠣᠶᠣᠯ ᠮᠡᠳᠡᠯᠭᠡ ᠶᠢ ᠤᠬᠠᠮᠰᠠᠷ ᠠᠴᠠ ᠨᠢ ᠰᠠᠶᠢᠲᠤᠷ ᠰᠤᠷᠤᠯᠴᠠᠭᠤᠯᠬᠤ ᠬᠡᠷᠡᠭᠲᠡᠶ᠃   ᠲᠠᠪᠤ᠂ ᠣᠯᠠᠨ ᠳᠡᠰ ᠳᠠᠪᠬᠤᠷᠭ᠎ᠠ ᠶᠢᠨ ᠵᠢᠭᠠᠨ ᠰᠤᠷᠭᠠᠯᠲᠠ ᠳᠤ ᠰᠤᠷᠤᠭᠴᠢᠳ ᠤᠨ ᠬᠢᠷᠢ ᠪᠦᠲᠦᠮᠵᠢ ᠶᠢᠨ ᠵᠥᠷᠢᠶ᠎ᠡ ᠶᠢ ᠦᠨᠳᠦᠰᠦᠯᠡᠨ᠂ ᠴᠢᠳᠠᠪᠤᠷᠢ ᠳᠤ ᠨᠢ ᠲᠤᠬᠢᠷᠠᠭᠤᠯᠤᠨ ᠬᠦᠮᠦᠵᠢᠬᠦᠯᠬᠦ ᠵᠠᠷᠴᠢᠮ ᠢ ᠬᠡᠷᠡᠭᠵᠢᠭᠦᠯᠬᠦ ᠬᠡᠷᠡᠭᠲᠡᠶ᠃   ᠰᠤᠷᠤᠭᠴᠢᠳ ᠢ ᠰᠤᠷᠤᠯᠭ᠎ᠠ ᠶᠢᠨ ᠬᠢᠷᠢ ᠪᠦᠲᠦᠮᠵᠢ᠂ ᠮᠡᠳᠡᠯᠭᠡ ᠶᠢ ᠬᠦᠯᠢᠶᠡᠨ ᠠᠪᠴᠤ ᠤᠶᠢᠢᠯᠠᠭᠠᠬᠤ ᠴᠢᠳᠠᠪᠤᠷᠢ ᠶᠢ ᠨᠢ ᠦᠨᠳᠦᠰᠦᠯᠡᠵᠦ ᠵᠢᠭᠠᠨ ᠰᠤᠷᠭᠠᠯᠳᠠ ᠪᠠᠨ ᠳᠤᠬᠢᠷᠠᠭᠤᠯᠳᠠᠭ᠃ ᠬᠢᠴᠢᠶᠡᠯ ᠤᠨ ᠲᠠᠩᠬᠢᠮ ᠤᠨ ᠬᠥᠮᠦᠵᠢᠯ ᠳᠤᠮᠳᠠ᠂ ᠰᠤᠷᠤᠯᠭ᠎ᠠ ᠶᠢᠨ ᠬᠢᠷᠢ ᠪᠦᠳᠦᠮᠵᠢ ᠨᠢ ᠳᠤᠮᠳᠠ ᠵᠡᠷᠭᠡ ᠶᠢᠨ ᠠᠨᠠᠶ ᠰᠣᠷᠣᠭᠴᠢ ᠳᠤ ᠰᠠᠭᠤᠷᠢᠯᠠᠨ᠂ ᠪᠥᠬᠦ ᠰᠤᠷᠤᠭᠴᠢ ᠳᠤ ᠬᠠᠨᠳᠤᠭᠤᠯᠤᠨ ᠬᠢᠴᠢᠶᠡᠯ ᠣᠷᠣᠨ᠎ᠠ᠃ ᠬᠢᠴᠢᠶᠡᠯᠯᠡᠭᠡ ᠳᠤᠮᠳᠠ ᠰᠤᠷᠤᠯᠭ᠎ᠠ ᠠᠨᠠᠶ ᠰᠤᠷᠤᠭᠴᠢ ᠠᠴᠠ ᠢᠯᠡᠭᠦᠬᠡᠨ ᠠᠰᠠᠭᠤᠯᠲᠠ ᠠᠰᠠᠭᠤᠵᠤ᠂ ᠳᠡᠳᠡᠨ ᠢ ᠵᠣᠷᠢᠭᠵᠢᠭᠤᠯᠤᠨ᠎ᠠ᠃ ᠡᠬᠦᠨ ᠳᠤ᠂ ᠰᠤᠷᠤᠯᠭ᠎ᠠ ᠶᠢᠨ ᠬᠢᠷᠢ ᠪᠦᠳᠦᠮᠵᠢ ᠨᠢ ᠳᠤᠮᠳᠠ ᠵᠡᠷᠭᠡ ᠶᠢᠨ ᠰᠤᠷᠤᠭᠴᠢᠳ ᠲᠤ ᠰᠠᠭᠤᠷᠢ ᠮᠡᠳᠡᠯᠭᠡ ᠶᠢᠨ ᠰᠡᠳᠦᠪ ᠬᠢᠯᠭᠡᠵᠤ᠂ ᠰᠢᠯᠢᠳᠡᠭ ᠰᠤᠷᠤᠭᠴᠢ ᠳᠤ ᠪᠣᠳᠣᠯᠬᠢᠯᠠᠬᠤ ᠰᠡᠳᠦᠪ ᠨᠡᠮᠡᠵᠦ᠂ ᠵᠢᠭᠠᠨ ᠰᠤᠷᠭᠠᠯᠳᠠ ᠶᠢᠨ ᠭᠤᠣᠯᠳᠠᠯᠭ᠎ᠠ ᠪᠠᠨ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠬᠠᠪᠰᠤᠷᠤᠨ ᠵᠢᠯᠣᠭᠤᠳᠬᠤ ᠳᠡᠭᠡᠷ᠎ᠡ ᠲᠠᠯᠪᠢᠵᠤ᠂ ᠴᠢᠳᠠᠬᠤ ᠶᠢᠨ ᠬᠢᠷᠢ ᠪᠠᠷ ᠰᠤᠷᠤᠭᠴᠢᠳ ᠤᠨ ᠬᠢᠷᠢ ᠪᠦᠳᠦᠮᠵᠢ ᠶᠢᠨ ᠵᠥᠷᠢᠶ᠎ᠡ ᠶᠢ ᠪᠠᠭᠠᠰᠬᠠᠨ᠎ᠠ᠃    ᠵᠢᠷᠭᠤᠭ᠎ᠠ᠂ ᠰᠠᠶᠢᠨ ᠢᠶᠠᠷ ᠮᠠᠭᠤ ᠶᠢ ᠳᠠᠭᠠᠭᠤᠯᠤᠨ᠎ᠠ᠃ ᠰᠤᠷᠤᠯᠴᠠᠬᠤ ᠲᠣᠬᠢᠶᠠᠯ ᠢ ᠨᠡᠮᠡᠭᠳᠡᠭᠦᠯᠵᠦ ᠪᠠᠶᠢᠭᠠᠳ ᠰᠢᠯᠢᠳᠡᠭ ᠬᠢᠷᠢ ᠪᠦᠲᠦᠮᠵᠢ ᠣᠯᠤᠭᠰᠠᠨ ᠰᠤᠷᠤᠭᠴᠢᠳ ᠢ ᠳᠠᠶᠢᠴᠢᠯᠠᠨ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠰᠤᠷᠤᠯᠴᠠᠭᠤᠯᠬᠤ ᠳᠤ ᠰᠠᠨᠠᠭᠠᠴᠢᠯᠠᠭ᠎ᠠ ᠠᠴᠠ ᠪᠠᠨ ᠬᠠᠪᠰᠤᠷᠬᠤ ᠪᠣᠯ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢᠨ ᠰᠤᠷᠤᠯᠴᠠᠬᠤ ᠦᠷ᠎ᠡ ᠪᠦᠲᠦᠮᠵᠢ ᠶᠢ ᠳᠡᠭᠡᠭᠰᠢᠯᠡᠭᠦᠯᠬᠦ ᠪᠦᠲᠦᠮᠵᠢᠲᠡᠶ ᠠᠷᠭ᠎ᠠ ᠬᠡᠮᠵᠢᠶ᠎ᠡ ᠮᠥᠨ᠃     ᠪᠤᠰᠤᠳ ᠢ ᠬᠠᠪᠰᠤᠷᠬᠤ ᠪᠣᠯ ᠳᠤᠮᠳᠠᠳᠤ ᠶᠢᠨ ᠡᠷᠬᠢᠮ ᠰᠤᠷᠲᠠᠯ ᠮᠥᠨ᠃ ᠠᠩᠭᠢ ᠳᠤ ᠪᠠᠨ ︽ᠪᠠᠭᠰᠢ ᠡᠷᠢᠬᠦ︾ ᠠᠵᠢᠯᠯᠠᠭ᠎ᠠ ᠥᠷᠨᠢᠭᠦᠯᠵᠤ᠂ ᠰᠢᠯᠢᠳᠡᠭ ᠰᠤᠷᠤᠭᠴᠢ ᠪᠠᠷ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠭᠴᠢ ᠶᠢ ᠬᠠᠪᠰᠤᠷᠤᠭᠤᠯᠬᠤ ᠬᠡᠷᠡᠭᠳᠡᠢ︔ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠳᠤ ᠪᠠᠰᠠ ︽ᠠᠰᠠᠭᠤᠯᠳᠠ ᠠᠰᠠᠭᠤᠬᠤ ᠠᠴᠠ ᠢᠴᠢᠬᠦ ᠦᠭᠡᠢ︾ ᠭᠡᠳᠡᠭ ᠶᠣᠰᠣ ᠤᠴᠢᠷ ᠢ ᠲᠠᠨᠢᠭᠤᠯᠬᠤ ᠬᠡᠷᠡᠭᠲᠡᠶ᠂ ᠪᠠᠰᠠ ᠰᠠᠨᠠᠭᠠᠴᠢᠯᠠᠭ᠎ᠠ ᠠᠴᠠ ᠪᠠᠨ ᠥᠪᠡᠷ ᠢ ᠪᠠᠨ ᠢᠲᠡᠭᠡᠳᠡᠭ ᠰᠢᠯᠢᠳᠡᠭ ᠰᠤᠷᠤᠭᠴᠢ ᠶᠢ ᠡᠷᠢᠵᠦ ︽ᠪᠠᠭ᠎ᠠ ᠪᠠᠭᠰᠢ︾ ᠪᠣᠯᠭᠠᠵᠤ ᠪᠣᠯᠤᠨ᠎ᠠ᠃ ᠠᠩᠭᠢ ᠨᠢᠭᠡᠴᠢ ᠳᠤ ᠪᠠᠨ ᠡᠯ᠎ᠡ ᠵᠦᠢᠯ ᠤᠨ ᠤᠷᠤᠯᠳᠤᠭᠠᠨ ᠶᠠᠪᠤᠭᠤᠯᠵᠤ᠂ ᠬᠡᠨ ᠨᠢ ︽ᠪᠠᠭ᠎ᠠ ᠪᠠᠭᠰᠢ︾ ᠪᠤᠯᠵᠤ ᠳᠡᠶᠢᠯᠬᠦ᠂ ᠬᠡᠨ ᠤ ᠬᠢᠨᠢ ᠲᠠᠪᠰᠢᠯᠳᠠ ᠬᠠᠮᠤᠭ ᠤᠨ ᠲᠦᠷᠭᠡᠨ ᠪᠠᠶᠢᠬᠤ ᠶᠢ ᠦᠵᠡᠵᠦ᠂ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢᠨ ᠬᠤᠭᠤᠷᠣᠨᠳᠣ ᠰᠠᠶᠢᠳᠤᠷ ᠰᠤᠷᠤᠯᠴᠠᠬᠤ ᠥᠷᠢᠰᠥᠯᠳᠦᠭᠡᠨ ᠤ ᠤᠬᠠᠮᠰᠠᠷ ᠢ ᠪᠤᠢ ᠪᠤᠯᠭᠠᠬᠤ ᠬᠡᠷᠡᠭᠲᠡᠢ᠃ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠳᠤ ᠬᠦᠯᠢᠴᠡᠩᠬᠦᠢ ᠬᠠᠨᠳᠤᠬᠤ ᠪᠣᠯ ᠨᠢᠭᠡᠨ ᠲᠦᠢᠯ ᠤᠨ ᠬᠠᠲᠠᠭᠤ ᠪᠡᠷᠬᠡ ᠠᠵᠢᠯ ᠮᠥᠨ᠂ ᠪᠠᠭᠰᠢ ᠪᠤᠯᠤᠭᠰᠠᠳ ᠴᠡᠴᠡᠷᠯᠢᠭᠴᠦ ᠬᠤᠧᠠᠷ ᠴᠡᠴᠡᠭ ᠢ ᠬᠠᠶᠢᠷᠠᠯᠠᠬᠤ ᠰᠢᠬ ᠬᠠᠯᠠᠭᠤᠨ ᠰᠡᠳᠬᠢᠯ ᠲᠠᠢ ᠯᠡ ᠶᠤᠮ ᠪᠣᠯ᠂ ᠠᠯᠬᠤᠮ ᠲᠠᠷᠠᠭ᠎ᠠ ᠲᠠᠢ ᠪᠠᠷ ᠰᠤᠷᠤᠭᠴᠢᠳ ᠢᠶᠠᠨ ᠬᠥᠲᠥᠯᠤᠨ᠂ ᠰᠡᠳᠬᠢᠯ ᠢ ᠨᠢ ᠬᠦ᠋ᠨᠳᠡᠵᠦ᠂ ᠲᠡᠳᠡᠨ ᠤ ᠣᠶᠤᠨ ᠤᠬᠠᠭᠠᠨ ᠤ ᠣᠴᠢ ᠶᠢ ᠨᠢ ᠪᠠᠳᠠᠷᠠᠭᠠᠵᠦ ᠴᠢᠳᠠᠨ᠎ᠠ᠃ ᠰᠤᠷᠤᠯᠴᠠᠬᠤ ᠤᠷᠮ᠎ᠠ ᠪᠠᠬ᠎ᠠ ᠶᠢ ᠨᠢ ᠬᠦᠭᠵᠢᠬᠡᠵᠦ᠂ ᠰᠤᠷᠤᠭᠴᠢᠳ ᠲᠤ ᠬᠠᠶᠢᠷ᠎ᠠ ᠰᠡᠳᠭᠢᠯᠬᠡ ᠲᠠᠢ ᠪᠦᠭᠡᠳ ᠲᠡᠰᠪᠤᠷᠢ ᠲᠡᠪᠴᠢᠶᠡᠷᠢ ᠲᠠᠢ ᠬᠠᠨᠳᠤᠬᠤ ᠪᠤᠯ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢ ᠬᠤᠪᠢᠷᠠᠭᠤᠯᠬᠤ ᠴᠢᠬᠤᠯᠠ ᠠᠷᠭ᠎ᠠ ᠪᠤᠯᠤᠨ᠎ᠠ᠃ ᠪᠠᠭᠰᠢ ᠨᠠᠷ ᠰᠤᠷᠤᠭᠴᠢᠳ ᠤᠨ ᠤᠷᠮ᠎ᠠ ᠪᠠᠬ᠎ᠠ ᠶᠢ ᠨᠢ ᠳᠠᠳᠠᠵᠦ᠂ ᠬᠠᠶᠢᠷ᠎ᠠ ᠰᠡᠳᠭᠢᠯᠬᠡ ᠲᠠᠢ ᠬᠠᠷᠢᠭᠤᠴᠠᠯᠭᠠᠳᠤ ᠤᠪᠤᠷ ᠪᠠ ᠲᠡᠰᠪᠤᠷᠢ ᠲᠡᠪᠴᠢᠶᠡᠷᠢ ᠲᠠᠢ ᠬᠠᠨᠳᠤᠳᠠᠭ ᠯᠡ ᠶᠤᠮ ᠪᠤᠯ ᠲᠤᠭᠳᠠᠭᠰᠠᠨ ᠵᠤᠷᠢᠯᠭ᠎ᠠ ᠳᠤ ᠪᠠᠨ ᠬᠦᠷᠴᠦ᠂ ᠰᠤᠷᠤᠯᠭ᠎ᠠ ᠠᠨᠠᠢ ᠰᠤᠷᠤᠭᠴᠢᠳ ᠤᠨ ᠬᠢᠷᠢ ᠪᠦᠳᠦᠮᠵᠢ ᠶᠢ ᠳᠡᠭᠡᠭᠰᠢᠯᠡᠭᠦᠯᠵᠤ ᠳᠡᠶᠢᠯᠬᠦ ᠨᠢ ᠯᠠᠪᠳᠠᠢ ᠶᠤᠮ᠃ ᠶᠡᠷᠤᠩᠭᠡᠶᠢᠯᠡᠪᠠᠯ᠂ ᠪᠠᠭᠰᠢ ᠪᠤᠯᠤᠭᠰᠠᠳ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠶᠢᠨ ᠰᠤᠷᠤᠯᠴᠠᠬᠤ ᠤᠷᠮ᠎ᠠ ᠪᠠᠬ᠎ᠠ ᠶᠢ ᠨᠢ ᠬᠦᠭᠵᠢᠬᠡᠵᠦ᠂ ᠵᠠᠪᠠᠯ ᠬᠠᠶᠢᠷ᠎ᠠ ᠰᠡᠳᠭᠢᠯᠬᠡ ᠪᠤᠯᠤᠨ ᠬᠠᠷᠢᠭᠤᠴᠠᠯᠭᠠᠳᠤ ᠤᠪᠤᠷ ᠲᠠᠢ ᠪᠠᠶᠢᠵᠦ᠂ ᠦᠬᠡ ᠬᠡᠯᠡ ᠪᠠ ᠦᠢᠯᠡ ᠠᠵᠢᠯᠯᠠᠭ᠎ᠠ ᠪᠠᠷ ᠢᠶᠠᠨ ᠲᠡᠳᠡᠨ ᠢ ᠨᠦᠯᠥᠬᠡᠯᠡᠵᠦ᠂ ᠰᠡᠳᠬᠢᠯ ᠢ ᠨᠢ ᠤᠮᠳᠠᠯᠠᠪᠠᠯ ᠵᠤᠬᠢᠨ ᠎ᠠ᠃ ᠰᠤᠷᠤᠯᠭ᠎ᠠ ᠶᠢᠨ ᠬᠢᠷᠢ ᠪᠦᠳᠦᠮᠵᠢ ᠠᠨᠠᠢ ᠰᠤᠷᠤᠬᠴᠢ ᠰᠤᠷᠤᠯᠭ᠎ᠠ ᠶᠢᠨ ᠳᠤᠮᠳᠠ ᠪᠠᠨ ᠰᠤᠷᠤᠯᠭ᠎ᠠ ᠶᠢᠨ ᠬᠠᠪᠤ ᠴᠡᠩᠭᠡᠯ ᠢ ᠮᠡᠳᠡᠷᠡᠵᠦ ᠲᠡᠶᠢᠯᠳᠡᠭ ᠯᠡ ᠶᠤᠮ ᠪᠤᠯ ᠲᠡᠳᠡᠨ ᠤ ᠤᠷᠮ᠎ᠠ ᠪᠠᠬ᠎ᠠ ᠨᠢ ᠤᠯᠠᠮ ᠢᠶᠠᠷ ᠬᠦᠭᠵᠢᠵᠦ᠂ ᠰᠤᠷᠤᠯᠭ᠎ᠠ ᠶᠢᠨ ᠬᠢᠷᠢ ᠪᠦᠳᠦᠮᠵᠢ ᠨᠢ ᠰᠠᠶᠢᠵᠢᠷᠠᠳᠠᠭ ᠶᠤᠮ᠃ ︽ᠲᠦᠭᠡᠷᠢᠭᠰᠡᠨ ᠦᠶ᠎ᠡ ᠳᠤ ᠪᠠᠭᠰᠢ ᠤᠬᠠᠭᠠᠷᠠᠭᠤᠯᠤᠨ᠎ᠠ᠂ ᠤᠬᠠᠭᠠᠷᠠᠭᠰᠠᠨ ᠦᠶ᠎ᠡ ᠳᠤ ᠦᠪᠡᠷ ᠢᠶᠠᠨ ᠳᠡᠭᠡᠭᠰᠢᠯᠡᠨ᠎ᠡ︾ ᠬᠡᠵᠦ ᠮᠡᠷᠭᠡᠳ ᠠᠴᠠ ᠰᠡᠴᠡᠯᠡᠵᠦ ᠰᠤᠷᠭᠠᠭᠰᠠᠨ ᠪᠠᠶᠢᠳᠠᠭ᠃ ᠡᠶᠢᠮᠦ ᠠᠴᠠ ᠰᠤᠷᠤᠭᠴᠢᠳ ᠤᠨ ᠦᠰᠤᠨ ᠪᠦᠢᠢᠵᠢᠯᠳᠠ ᠶᠢᠨ ᠶᠠᠪᠤᠴᠠ ᠳᠤ ᠪᠠᠭᠰᠢ ᠶᠢᠨ ᠳᠠᠭᠠᠭᠤᠯᠭ᠎ᠠ ᠶᠢ ᠬᠦᠬᠦᠷᠭᠡ ᠪᠠᠷ ᠵᠦᠢᠷᠯᠠᠪᠠᠯ᠂ ᠰᠤᠷᠤᠭᠴᠢᠳ ᠤᠨ ᠤᠷᠮ᠎ᠠ ᠪᠠᠬ᠎ᠠ ᠶᠢ ᠬᠦᠭᠵᠢᠭᠡᠵᠦ᠂ ᠤᠬᠠᠭᠠᠷᠠᠭᠤᠯᠵᠦ ᠴᠢᠷᠮᠠᠶᠢᠯᠭᠠᠬᠤ ᠨᠢ ᠦᠨᠳᠤᠰᠤ ᠪᠤᠯᠤᠨ᠎ᠠ᠃ ᠡᠨᠡ ᠬᠦ ︽ᠦᠨᠳᠤᠰᠤ︾ ᠪᠠᠨ ᠬᠦᠨ ᠪᠦᠭᠡᠳ ᠪᠠᠳᠤ ᠬᠠᠳᠬᠤᠪᠠᠯ ᠰᠤᠷᠤᠭᠴᠢᠳ ᠤᠨ ᠢᠷᠡᠭᠡᠳᠤᠢ ᠴᠤ ᠠᠶᠠᠨᠳᠠᠭᠠᠨ ᠬᠡᠬᠡᠨ ᠰᠠᠷᠠᠭᠤᠯ ᠪᠤᠯᠵᠦ ᠴᠢᠳᠠᠨ᠎ᠠ᠃                     ᠢᠷᠡᠯᠲᠡ᠄ ᠲᠦᠩᠯᠢᠶᠤᠤ ᠮᠤᠩᠭᠤᠯ  ᠰᠦᠯᠵᠢᠶ᠎ᠡ
 
ᠢᠷᠡᠯᠲᠡ᠄ ᠲᠦᠩᠯᠢᠶᠤᠤ ᠠᠷᠠᠳ ᠤᠨ ᠵᠠᠰᠠᠭ ᠤᠨ ᠤᠷᠳᠤᠨ ᠤ ᠡᠬᠦᠳᠡᠴᠢ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号