| | | ᠦᠬᠡᠷ ᠲᠥᠮᠥᠰᠥ ᠵᠡᠷᠭᠡ ᠲᠥᠮᠥᠰᠦᠯᠢᠭ ᠦᠨᠳᠦᠰᠦ ᠲᠠᠢ ᠲᠡᠵᠢᠭᠡᠯ ᠪᠣᠷᠳᠤᠭ᠎ᠠ ᠶᠢ ᠭᠦᠢᠴᠡᠳ ᠵᠠᠵᠢᠯᠬᠤ ᠦᠭᠡᠢ | ᠪᠤᠶᠤ ᠬᠡᠲᠦ ᠲᠦᠷᠭᠡᠨ ᠵᠠᠯᠭᠢᠬᠤ ᠠᠴᠠ ᠪᠣᠯᠵᠤ ᠤᠯᠠᠭᠠᠨ ᠬᠤᠭᠤᠯᠠᠢ ᠨᠢ ᠲᠦᠭᠵᠢᠬᠦ ᠠᠰᠠᠭᠤᠳᠠᠯ ᠭᠠᠷᠳᠠᠭ᠃ | ᠵᠣᠬᠢᠶᠠᠭᠴᠢ ᠠᠴᠠ ᠡᠶᠢᠮᠦᠷᠬᠦᠦ ᠠᠰᠠᠭᠤᠳᠠᠯ ᠲᠠᠢ ᠦᠬᠡᠷ ᠢ ᠨᠡᠶᠢᠲᠡ 3 ᠤᠳᠠᠭ᠎ᠠ ᠵᠠᠰᠠᠵᠤ ᠦᠩᠭᠡᠷᠡᠵᠡᠢ᠂ ᠪᠦᠷ | ᠥᠪᠡᠷ ᠢᠶᠠᠨ ᠬᠢᠭᠰᠡᠨ ᠲᠡᠮᠦᠷ ᠭᠠᠷᠠᠬ᠎ᠠ ᠪᠠ ᠵᠢᠩ ᠰᠦᠩ ᠯᠢᠩ ︵静松灵︶ ᠲᠠᠢ ᠬᠠᠪᠰᠤᠷᠭᠠᠨ ᠵᠠᠰᠠᠵᠤ | ᠡᠳᠡᠭᠡᠷᠡᠭᠦᠯᠦᠭᠰᠡᠨ ᠪᠠᠶᠢᠨ᠎ᠠ᠃ ᠲᠡᠭᠦᠨ ᠤ ᠠᠷᠭ᠎ᠠ ᠨᠢ ᠳᠥᠭᠦᠮ ᠳᠥᠲᠡ᠂ ᠲᠦᠷᠭᠡᠨ᠂ ᠬᠢᠬᠦ ᠳᠤ ᠬᠢᠯᠪᠠᠷ ᠮᠥᠷᠲᠡᠭᠡᠨ | ᠦᠷ᠎ᠡ ᠪᠦᠲᠦᠮᠵᠢ ᠨᠢ ᠰᠠᠶᠢᠨ ᠲᠤᠯᠠ ᠳᠤᠤᠷ᠎ᠠ ᠲᠠᠨᠠᠷ ᠲᠤ ᠪᠠᠨ ᠲᠠᠨᠢᠯᠴᠠᠭᠤᠯᠤᠶ᠎ᠠ᠃ | 1. ᠡᠪᠡᠳᠴᠢᠨ ᠤ ᠢᠯᠡᠷᠡᠯ᠄ ᠤᠯᠠᠭᠠᠨ ᠬᠤᠭᠤᠯᠠᠢ ᠶᠢᠨ ᠲᠦᠭᠵᠢᠷᠡᠯ ᠲᠠᠢ ᠦᠬᠡᠷ ᠨᠢ ᠳᠤᠭᠳᠠᠪᠤᠷᠢ ᠠᠯᠳᠠᠨ᠂ | ᠲᠣᠯᠣᠭᠠᠢ ᠬᠦᠵᠦᠭᠦᠦ ᠪᠠᠨ ᠰᠤᠩᠭᠠᠨ᠂ ᠪᠠᠶᠢᠨ ᠳᠠᠬᠢᠨ ᠵᠠᠯᠭᠢᠵᠤ᠂ ᠤᠯᠠᠭᠠᠨ ᠬᠤᠭᠤᠯᠠᠢ ᠲᠠᠢ ᠬᠠᠷᠠᠭᠠᠯᠵᠠᠭᠰᠠᠨ | ᠬᠦᠵᠦᠭᠦᠨ ᠤ ᠭᠠᠳᠠᠷ ᠲᠠᠯ᠎ᠠ ᠠᠴᠠ ᠨᠢ ᠬᠠᠲᠠᠭᠤ ᠶᠠᠭᠤᠮ᠎ᠠ ᠲᠡᠮᠲᠡᠷᠢᠭᠳᠡᠨ᠎ᠡ᠃ ᠠᠮᠠ ᠪᠠᠨ ᠠᠩᠭᠠᠶᠢᠨ ᠬᠡᠯᠡ ᠪᠠᠨ | ᠭᠠᠷᠭᠠᠵᠤ᠂ ᠶᠡᠭᠡ ᠬᠡᠮᠵᠢᠶ᠎ᠡ ᠪᠠᠷ ᠰᠢᠯᠤᠰᠦ ᠭᠤᠭᠤᠵᠢᠭᠤᠯᠵᠤ᠂ ᠴᠢᠨᠠᠭᠰᠢᠯᠠᠪᠠᠯ ᠬᠠᠮᠠᠷ ᠤᠨ ᠨᠦᠬᠡ ᠪᠠᠷ ᠨᠢ | ᠭᠤᠭᠤᠵᠢᠨ᠎ᠠ᠂ ᠭᠦᠵᠡᠭᠡ ᠨᠢ ᠮᠠᠰᠢ ᠲᠦᠷᠭᠡᠨ ᠴᠢᠨᠦᠷᠡᠬᠦ ᠶᠢᠨ ᠬᠠᠮᠲᠤ ᠤᠯᠠᠭᠠᠨ ᠬᠤᠭᠤᠯᠠᠢ ᠪᠠ ᠬᠦᠵᠦᠭᠦᠨ ᠤ | ᠬᠡᠰᠡᠭ ᠤᠨ ᠪᠤᠯᠴᠢᠩ ᠵᠠᠭᠤᠷᠠᠬᠤ ᠠᠴᠠ ᠪᠣᠯᠵᠤ ᠣᠶᠢᠯᠲᠠ ᠶᠢᠨ ᠴᠢᠨᠠᠷᠲᠠᠢ ᠬᠠᠨᠢᠶᠠᠬᠤ᠂ ᠠᠮᠢᠰᠬᠤᠯ ᠴᠢᠬᠤᠯᠠᠳᠠᠬᠤ᠂ | ᠠᠶᠤᠵᠤ ᠡᠮᠢᠶᠡᠬᠦ ᠵᠡᠷᠭᠡ ᠡᠮᠴᠢᠯᠡᠭᠡᠨ ᠤ ᠰᠢᠨᠵᠢ ᠲᠡᠮᠳᠡᠭ ᠢ ᠨᠢ ᠦᠨᠳᠦᠰᠦᠯᠡᠨ ᠲᠦᠷᠭᠡᠨ ᠴᠢᠨᠠᠷᠲᠠᠢ ᠤᠯᠠᠭᠠᠨ | ᠬᠤᠭᠤᠯᠠᠢ ᠶᠢᠨ ᠲᠦᠭᠵᠢᠷᠡᠯ ᠭᠡᠵᠦ ᠠᠩᠬ᠎ᠠ ᠠᠯᠬᠤᠮ ᠤᠨᠤᠰᠢᠯᠠᠵᠤ ᠪᠣᠯᠣᠨ᠎ᠠ᠃ | 2. ᠡᠮᠴᠢᠯᠡᠬᠦ ᠠᠷᠭ᠎ᠠ᠄ 8-10 ᠨᠣᠮᠧᠷ ᠤᠨ ᠲᠡᠮᠦᠷ ᠤᠲᠠᠰᠤ ᠶᠢ ᠲᠦᠭᠵᠢᠷᠡᠭᠰᠡᠨ ᠪᠤᠳᠠᠰ ᠲᠤ ᠬᠦᠷᠬᠦ | ᠬᠡᠮᠵᠢᠶ᠎ᠡ ᠪᠠᠷ ᠠᠪᠴᠤ᠂ 5-10cm ᠶᠢᠨ ᠴᠠᠭᠠᠷᠢᠭ ᠪᠣᠯᠭᠠᠨ ᠨᠤᠭᠤᠯᠤᠭᠠᠳ ᠳᠠᠬᠢᠨ ᠰᠢᠨᠠᠭᠠᠨ ᠬᠡᠯᠪᠡᠷᠢᠲᠡᠢ | ᠪᠠᠷᠢᠭᠤᠯ ᠲᠠᠢ ᠴᠠᠭᠠᠷᠢᠭ ᠪᠣᠯᠭᠠᠨ ᠡᠷᠭᠢᠭᠦᠯᠵᠦ᠂ ᠬᠠᠪᠰᠤᠷᠤᠭᠴᠢ ᠠᠴᠠ ᠦᠬᠡᠷ ᠤᠨ ᠬᠦᠵᠦᠭᠦᠨ ᠤ ᠭᠠᠳᠠᠷ | ᠲᠠᠯ᠎ᠠ ᠠᠴᠠ ᠲᠦᠭᠵᠢᠷᠡᠭᠰᠡᠨ ᠪᠤᠳᠠᠰ ᠢ ᠪᠠᠬᠢᠯᠡᠨ᠂ ᠮᠡᠰᠡ ᠵᠠᠰᠠᠯ ᠬᠢᠬᠦ ᠬᠥᠮᠥᠨ ᠠᠭᠠᠵᠢᠮ ᠢᠶᠠᠷ ᠲᠡᠮᠦᠷ ᠴᠠᠭᠠᠷᠢᠭ ᠢ | ᠤᠯᠠᠭᠠᠨ ᠬᠤᠭᠤᠯᠠᠢ ᠳᠤ ᠨᠢ ᠤᠷᠤᠭᠤᠯᠵᠤ᠂ ᠵᠠᠯᠭᠢᠬᠤ ᠬᠥᠳᠡᠯᠭᠡᠭᠡᠨ ᠢᠶᠠᠷ ᠲᠦᠭᠵᠢᠷᠡᠭᠰᠡᠨ ᠪᠤᠳᠠᠰ ᠢ ᠲᠦᠯᠬᠢᠨ | ᠤᠷᠤᠭᠤᠯᠬᠤ ᠪᠤᠶᠤ ᠲᠡᠮᠦᠷ ᠴᠠᠭᠠᠷᠢᠭ ᠢᠶᠠᠷ ᠢᠶᠠᠨ ᠭᠤᠬᠤᠳᠠᠵᠤ ᠭᠠᠷᠭᠠᠨ᠎ᠠ᠃ ᠬᠡᠷᠪᠡ ᠲᠦᠭᠵᠢᠷᠡᠭᠰᠡᠨ ᠪᠤᠳᠠᠰ ᠨᠢ | ᠬᠡᠲᠦᠷᠬᠡᠢ ᠶᠡᠭᠡ ᠠᠴᠠ ᠪᠣᠯᠵᠤ ᠲᠦᠯᠬᠢᠨ ᠣᠷᠣᠭᠤᠯᠬᠤ ᠶᠢᠨ ᠠᠷᠭ᠎ᠠ ᠦᠭᠡᠢ ᠪᠤᠶᠤ ᠭᠤᠬᠤᠲᠠᠵᠤ ᠠᠪᠬᠤ ᠶᠢᠨ ᠠᠷᠭ᠎ᠠ | ᠦᠭᠡᠢ ᠪᠠᠶᠢᠬᠤ ᠦᠶ᠎ᠡ ᠳᠤ᠂ ᠦᠬᠡᠷ ᠤᠨ ᠪᠤᠯᠴᠢᠩ ᠳᠤ ᠵᠢᠩ ᠰᠦᠩ ᠯᠢᠩ 3ml ᠲᠠᠷᠢᠵᠤ᠂ 15 ᠮᠢᠨᠦ᠋ᠲ ᠤᠨ | ᠳᠠᠷᠠᠭ᠎ᠠ ᠪᠤᠯᠴᠢᠩ ᠨᠢ ᠰᠤᠯᠠᠷᠠᠬᠤ ᠦᠶ᠎ᠡ ᠳᠤ ᠳᠠᠬᠢᠨ ᠳᠡᠭᠡᠷᠡᠬᠢ ᠠᠷᠭ᠎ᠠ ᠪᠠᠷ ᠲᠦᠭᠵᠢᠷᠡᠭᠰᠡᠨ ᠪᠤᠳᠠᠰ ᠢ ᠲᠦᠯᠬᠢᠨ | ᠣᠷᠣᠭᠤᠯᠬᠤ ᠪᠤᠶᠤ ᠲᠦᠭᠵᠢᠷᠡᠭᠰᠡᠨ ᠪᠤᠳᠠᠰ ᠢ ᠭᠤᠬᠤᠳᠠᠨ ᠠᠪᠤᠭᠰᠠᠨ ᠤ ᠳᠠᠷᠠᠭ᠎ᠠ ᠲᠣᠯᠣᠭᠠᠢ ᠶᠢ ᠨᠢ ᠳᠠᠷᠤᠵᠤ | ᠭᠠᠳᠠᠭᠰᠢ ᠲᠠᠲᠠᠵᠤ᠂ ᠲᠦᠭᠵᠢᠷᠡᠯ ᠪᠤᠳᠠᠰ ᠢ ᠠᠪᠴᠤ ᠭᠠᠷᠭᠠᠨ᠎ᠠ᠃ | |