| | | 2023 ᠣᠨ ᠤ ᠵᠣᠨ ᠤ ᠠᠮᠠᠷᠠᠯᠲᠠ ᠬᠦᠷᠴᠦ ᠢᠷᠡᠯ᠎ᠡ᠂ ᠰᠤᠷᠤᠭᠴᠢᠳ ᠤᠨ ᠡᠯ᠎ᠡ ᠵᠦᠢᠯ ᠤᠨ | ᠠᠳᠡᠯ ᠢᠰᠡᠷᠭᠡᠶᠢᠯᠡᠬᠦ ᠶᠢᠨ ᠲᠥᠯᠥᠭᠡ᠂ ︽2023 ᠣᠨ ᠤ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ | ᠵᠣᠨ ᠤ ᠠᠮᠠᠷᠠᠯᠲᠠ ᠶᠢᠨ ᠠᠮᠤᠷ ᠲᠦᠪᠰᠢᠨ ᠤ ᠰᠠᠨᠠᠭᠤᠯᠤᠮᠵᠢ︾ ᠶᠢ ᠨᠡᠶᠢᠲᠡᠯᠡᠪᠡ᠃ ᠬᠡᠷ ᠤᠨ ᠠᠬᠠᠮᠠᠳ ᠪᠣᠯᠤᠨ | ᠪᠢᠴᠢᠬᠠᠨ ᠨᠠᠶᠢᠵᠠ ᠨᠠᠷ ᠨᠠᠷᠢᠨ ᠬᠢᠨᠠᠮᠠᠭᠠᠶ ᠤᠩᠰᠢᠭᠠᠷᠠᠶ︕ 2023 ᠣᠨ ᠤ ᠳᠤᠮᠳᠠᠳᠤ ᠪᠠᠭ᠎ᠠ ᠰᠤᠷᠭᠠᠭᠤᠯᠢ ᠶᠢᠨ | ᠰᠤᠷᠤᠭᠴᠢᠳ ᠤᠨ ᠵᠣᠨ ᠤ ᠠᠮᠠᠷᠠᠯᠲᠠ ᠶᠢᠨ ᠠᠮᠤᠷ ᠲᠦᠪᠰᠢᠨ ᠤ ᠰᠠᠨᠠᠭᠤᠯᠤᠮᠵᠢ | 01 . ᠤᠰᠤᠨ ᠤ ᠠᠳᠡᠯ ᠢ ᠤᠷᠢᠳᠴᠢᠯᠠᠨ ᠰᠡᠷᠭᠡᠶᠢᠯᠡᠨ᠎ᠡ 1 . ᠭᠤᠣᠯ ᠤᠨ ᠬᠥᠪᠡᠭᠡ᠂ ᠤᠰᠤ | ᠬᠥᠪᠡᠭᠡᠳᠡᠭᠰᠡᠨ ᠲᠠᠪᠴᠠᠩ᠂ ᠤᠰᠤᠨ ᠴᠥᠭᠦᠷᠥᠮ ᠵᠡᠷᠭᠡ ᠭᠠᠵᠠᠷ ᠨᠠᠭᠠᠳᠬᠤ ᠦᠭᠡᠢ᠃ 2᠂ ᠭᠤᠣᠯ ᠵᠡᠷᠭᠡ ᠤᠰᠤᠨ | ᠣᠷᠣᠨ ᠳᠤ ᠤᠨᠠᠭᠰᠠᠨ ᠡᠳ᠋ ᠢ ᠲᠡᠭᠦᠬᠦ ᠦᠭᠡᠢ᠃ 3 . ᠭᠤᠣᠯ ᠳᠤ ᠶᠠᠭᠤᠮ᠎ᠠ ᠤᠬᠢᠶᠠᠬᠤ ᠦᠭᠡᠢ᠂ ᠵᠢᠭᠠᠰᠤ ᠰᠠᠮ | ᠬᠤᠷᠣᠬᠠᠢ ᠵᠡᠷᠭᠡ ᠶᠢ ᠭᠦᠬᠢᠳᠡᠬᠦ ᠦᠭᠡᠢ᠃ 4 . ᠭᠤᠤᠯ᠂ ᠨᠠᠭᠤᠷ ᠴᠥᠭᠦᠷᠥᠮ ᠵᠡᠷᠭᠡ ᠤᠰᠤᠨ ᠣᠷᠣᠨ ᠳᠤ | ᠣᠴᠢᠵᠤ ᠤᠮᠪᠠᠭ᠋ᠤ ᠥᠬᠡᠶ᠃ 5 . ᠤᠮᠪᠠᠯᠲᠠ ᠶᠢᠨ ᠴᠥᠭᠦᠷᠥᠮ ᠳᠤ ᠠᠯᠢᠶᠠᠷᠬᠠᠵᠤ ᠨᠠᠭᠠᠳᠬᠤ ᠦᠭᠡᠢ᠃ 6 . | ᠤᠰᠤᠨ ᠳᠤ ᠤᠨᠠᠭᠰᠠᠳ ᠢ ᠣᠯᠵᠤ ᠮᠡᠳᠡᠪᠡᠯ᠂ ᠳᠠᠷᠤᠶ ᠳᠤ ᠨᠢ ᠲᠣᠮᠣ ᠬᠥᠮᠦᠨ ᠤ ᠬᠠᠪᠰᠤᠷᠤᠯᠭ᠎ᠠ ᠶᠢ ᠡᠷᠢᠬᠦ ᠶᠢᠨ | ᠬᠠᠮᠲᠤ ᠤᠰᠤᠨ ᠳᠤ ᠤᠨᠠᠭᠰᠠᠳ ᠲᠤ ᠠᠪᠤᠷᠠᠬᠤ ᠴᠠᠭᠠᠷᠢᠭ᠂ ᠬᠥᠭᠡᠰᠦᠲᠦ ᠬᠠᠪᠲᠠᠰᠤ᠂ ᠠᠪᠤᠷᠠᠬᠤ ᠳᠡᠭᠡᠰᠦ ᠵᠡᠷᠭᠡ ᠶᠢ | ᠬᠠᠶᠠᠵᠤ ᠥᠭᠭᠦᠨ᠎ᠡ᠂ ᠬᠠᠷᠢᠨ ᠰᠣᠬᠤᠷ ᠪᠠᠯᠠᠶ ᠪᠠᠷ ᠠᠪᠤᠷᠠᠵᠤ ᠪᠣᠯᠬᠤ ᠦᠭᠡᠢ᠃ | 02 . ᠵᠠᠮ ᠬᠠᠷᠢᠯᠴᠠᠭᠠᠨ ᠤ ᠠᠮᠤᠷ ᠲᠦᠪᠰᠢᠨ ᠢ ᠠᠩᠬᠠᠷᠤᠨ᠎ᠠ 7 . ᠵᠠᠮ ᠬᠠᠷᠢᠯᠴᠠᠭᠠᠨ ᠤ ᠬᠠᠤᠯᠢ | ᠲᠣᠭᠲᠠᠭᠠᠯ ᠢ ᠤᠬᠠᠮᠰᠠᠷ ᠠᠴᠠ ᠪᠠᠨ ᠵᠢᠷᠤᠮᠯᠠᠵᠤ᠂ ᠡᠯ᠎ᠡ ᠵᠦᠢᠯ ᠤᠨ ᠬᠤᠷᠢᠭ᠎ᠠ ᠵᠠᠷᠯᠢᠭ ᠤᠨ ᠲᠡᠮᠳᠡᠭ ᠢ ᠵᠥᠷᠢᠴᠡᠬᠦ | ᠥᠬᠡᠶ ᠪᠠᠶᠢᠬᠤ ᠬᠡᠷᠡᠭᠲᠡᠶ᠃ 8 . ᠪᠦᠬᠦᠯᠢ 12 ᠨᠠᠰᠤ ᠬᠦᠷᠦᠭᠡᠳᠦᠢ ᠪᠣᠯ ᠳᠤᠭᠤᠶ ᠲᠡᠷᠭᠡ ᠤᠨᠤᠬᠤ ᠥᠬᠡᠶ᠂ | ᠪᠦᠬᠦᠯᠢ 16 ᠨᠠᠰᠤ ᠬᠦᠷᠦᠭᠡᠳᠦᠢ ᠪᠣᠯ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠤᠨᠤᠬᠤ ᠥᠬᠡᠶ᠃ 9 . | ᠠᠯᠬᠤᠬᠤ ᠪᠤᠶᠤ ᠳᠤᠭᠤᠶ ᠤᠨᠤᠬᠤ ᠳᠤ ᠪᠠᠨ ᠭᠠᠷ ᠤᠲᠠᠰᠤ ᠦᠵᠡᠬᠦ ᠥᠬᠡᠶ᠂ ᠳᠠᠭᠤᠤ ᠬᠥᠭᠵᠢᠮ ᠰᠣᠨᠣᠰᠬᠤ ᠥᠬᠡᠶ | ᠂ ᠠᠯᠢᠶᠠᠷᠬᠠᠵᠤ ᠨᠠᠭᠠᠳᠬᠤ ᠥᠬᠡᠶ᠃ ᠬᠡᠷᠪᠡ ᠣᠨᠴᠠᠭᠠᠢ ᠴᠠᠭ ᠠᠭᠤᠷ ᠲᠣᠬᠢᠶᠠᠯᠳᠤᠪᠠᠯ᠂ ᠢᠯᠡ ᠥᠩᠭᠡ ᠲᠠᠢ | ᠬᠤᠪᠴᠠᠰᠤ ᠡᠮᠦᠰᠴᠦ᠂ ᠵᠠᠷ ᠤᠨ ᠫᠠᠶᠢᠰᠠ᠂ ᠬᠦᠴᠦᠳᠡᠯ ᠥᠭᠡᠷᠡᠴᠢᠯᠡᠭᠴᠢ᠂ ᠴᠠᠬᠢᠯᠭᠠᠨ ᠲᠦᠭᠡᠭᠡᠬᠦ ᠬᠠᠶᠢᠷᠴᠠᠭ᠂ | ᠥᠨᠳᠥᠷ ᠬᠦᠴᠦᠳᠡᠯᠲᠦ ᠴᠠᠬᠢᠯᠭᠠᠨ ᠤᠲᠠᠰᠤ ᠵᠡᠷᠭᠡ ᠠᠶᠤᠯᠲᠤ ᠪᠣᠳᠠᠰ ᠠᠴᠠ ᠵᠠᠶᠢᠯᠠᠬᠤ ᠶᠢ ᠠᠩᠬᠠᠷᠬᠤ ᠬᠡᠷᠡᠭᠲᠡᠶ᠃ | 10 . ᠮᠠᠰᠢᠨ ᠲᠡᠷᠭᠡᠨ ᠤ ᠣᠷᠣᠵᠤ ᠭᠠᠷᠬᠤ ᠡᠭᠦᠳᠡ᠂ ᠵᠠᠮ ᠤᠨ ᠬᠠᠵᠠᠭᠤ ᠪᠤᠶᠤ ᠲᠡᠷᠭᠡ ᠤᠨᠤᠭᠠᠨ ᠤ ᠪᠠᠯᠠᠶ | ᠣᠷᠣᠨ ᠳᠤ ᠠᠯᠢᠶᠠᠷᠬᠠᠵᠤ ᠨᠠᠭᠠᠳᠬᠤ ᠦᠭᠡᠶ᠃ 11 . ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠲᠡᠷᠭᠡᠨ ᠳᠤ | ᠰᠠᠭᠤᠬᠤ ᠳᠤ ᠪᠠᠨ ᠳᠦᠷᠢᠮ ᠢ ᠤᠬᠠᠮᠰᠠᠷ ᠠᠴᠠ ᠪᠠᠨ ᠵᠢᠷᠤᠮᠯᠠᠬᠤ ᠬᠡᠷᠡᠭᠲᠡᠶ᠃ 12 . ᠲᠡᠮᠦᠷ ᠵᠠᠮ ᠢ ᠳᠤᠷ᠎ᠠ ᠪᠠᠷ | ᠥᠩᠭᠡᠷᠡᠬᠦ ᠦᠭᠡᠢ᠂ ᠲᠡᠮᠦᠷ ᠵᠠᠮ ᠤᠨ ᠬᠠᠵᠠᠭᠤ ᠳᠤ ᠠᠯᠬᠤᠬᠤ ᠦᠭᠡᠢ ᠪᠤᠶᠤ ᠲᠡᠮᠦᠷ ᠵᠠᠮ ᠤᠨ ᠠᠭᠤᠯᠵᠠᠷ ᠳᠤ | ᠨᠠᠭᠠᠳᠬᠤ ᠦᠭᠡᠢ᠃ | 03 . ᠭᠡᠷ ᠲᠤ ᠰᠠᠭᠤᠬᠤ ᠠᠮᠤᠷ ᠲᠦᠪᠰᠢᠨ ᠢ ᠠᠩᠬᠠᠷᠤᠨ᠎ᠠ 13 . ᠬᠥᠪᠦᠮᠡᠯ ᠴᠣᠩᠬᠤ ᠪᠤᠶᠤ ᠨᠠᠷᠠᠪᠴᠢᠨ | ᠳᠡᠭᠡᠷ᠎ᠡ ᠨᠠᠭᠠᠳᠬᠤ ᠦᠭᠡᠢ᠃ 14 . ᠨᠦᠢᠲᠠᠨ ᠭᠠᠷ ᠪᠤᠶᠤ ᠨᠦᠢᠲᠠᠨ ᠪᠥᠰ ᠢᠶᠠᠷ ᠭᠡᠷ ᠤᠨ ᠴᠠᠬᠢᠯᠭᠠᠨ ᠬᠡᠷᠡᠭᠰᠡᠯ ᠳᠤ | ᠬᠦᠷᠦᠯᠴᠡᠬᠦ ᠦᠭᠡᠢ᠃ 15 . ᠲᠠᠨᠢᠬᠤ ᠦᠭᠡᠶ ᠬᠥᠮᠦᠨ ᠳᠤ ᠡᠭᠦᠳᠡ ᠨᠡᠭᠡᠭᠡᠵᠦ ᠥᠭᠬᠦ ᠦᠭᠡᠶ᠃ 16 . | ᠴᠣᠩᠬᠤ ᠪᠠᠷ ᠶᠠᠭᠤᠮ᠎ᠠ ᠬᠠᠶᠠᠬᠤ ᠦᠭᠡᠢ᠃ 17 . ᠰᠢᠲᠠᠮᠠᠬᠠᠶ ᠬᠡᠢ ᠶᠢᠨ ᠲᠥᠬᠦᠭᠡᠷᠦᠮᠵᠢ᠂ ᠢᠷᠲᠦ ᠪᠠᠭᠠᠵᠢ | ᠵᠡᠷᠭᠡ ᠶᠢ ᠡᠮᠬᠢ ᠵᠢᠷᠤᠮ ᠲᠠᠢ ᠬᠡᠷᠡᠭᠯᠡᠨ᠎ᠡ᠃ 18 . ᠭᠠᠯ ᠢᠶᠠᠷ ᠨᠠᠭᠠᠳᠬᠤ ᠦᠭᠡᠢ᠂ ᠭᠠᠯ ᠭᠠᠷᠤᠭᠰᠠᠨ ᠢ ᠣᠯᠵᠤ | ᠮᠡᠳᠡᠪᠡᠯ᠂ ᠳᠠᠷᠤᠢ ᠳᠤ ᠨᠢ 119 ᠳᠤ ᠤᠲᠠᠰᠤᠳᠠᠨ᠎ᠠ᠃ | 04 . ᠰᠦᠯᠵᠢᠶ᠎ᠡ ᠶᠢ ᠠᠮᠤᠷ ᠲᠦᠪᠰᠢᠨ ᠬᠡᠷᠡᠭᠯᠡᠨ᠎ᠡ 19 . ᠭᠠᠷ ᠤᠲᠠᠰᠤ᠂ ᠺᠣᠮᠫᠢᠦ᠋ᠲ᠋ᠧᠷ ᠵᠡᠷᠭᠡ | ᠡᠯᠧᠺᠳ᠋ᠷᠣᠨ ᠦᠢᠯᠡᠳᠭᠦᠨ ᠤ ᠬᠡᠷᠡᠭᠯᠡᠬᠦ ᠴᠠᠭ ᠢ ᠡᠵᠡᠮᠳᠡᠵᠦ᠂ ᠰᠦᠯᠵᠢᠶᠡᠨ ᠳᠤ ᠰᠢᠨᠤᠬᠤ ᠥᠬᠡᠶ᠃ 20 . ᠬᠤᠪᠢ | ᠬᠥᠮᠦᠨ᠂ ᠬᠡᠷ ᠤᠨ ᠬᠥᠮᠦᠨ ᠵᠢᠴᠢ ᠪᠤᠰᠤᠳ ᠬᠥᠮᠦᠨ ᠤ ᠬᠤᠪᠢ ᠬᠥᠮᠦᠨ ᠤ ᠮᠡᠳᠡᠭᠡ ᠵᠠᠩᠭᠢ ᠶᠢ ᠰᠦᠯᠵᠢᠶᠡᠨ ᠳᠤ | ᠳᠠᠮᠵᠢᠭᠤᠯᠬᠤ ᠥᠬᠡᠶ᠃ 21 . ᠬᠦᠴᠦᠷᠬᠡᠭᠯᠡᠯ᠂ ᠱᠠᠯᠢᠭ ᠵᠠᠪᠬᠠᠶ ᠵᠡᠷᠭᠡ ᠪᠡᠶ᠎ᠡ ᠰᠡᠳᠬᠢᠯ ᠤᠨ ᠡᠷᠡᠭᠦᠯ ᠮᠡᠨᠳᠦ ᠳᠤ | ᠬᠤᠤᠷᠲᠠᠶ ᠰᠦᠯᠵᠢᠶᠡᠨ ᠤ ᠲᠣᠭᠯᠠᠭᠠᠮ ᠨᠠᠭᠠᠳᠬᠤ ᠥᠬᠡᠶ᠃ 22 . ᠰᠦᠯᠵᠢᠶᠡᠨ ᠤ ᠳᠣᠷᠣᠮᠵᠢᠯᠠᠯ ᠶᠠᠪᠤᠭᠤᠯᠬᠤ | ᠦᠭᠡᠶ᠃ 23 . ᠰᠦᠯᠵᠢᠶᠡᠨ ᠨᠠᠶᠢᠵᠠ ᠲᠠᠢ ᠲᠠᠨᠢᠯᠴᠠᠬᠤ ᠳᠤ ᠪᠠᠨ ᠪᠣᠯᠭᠤᠮᠵᠢᠲᠠᠶ ᠪᠠᠶᠢᠵᠤ᠂ ᠰᠦᠯᠵᠢᠶᠡᠨ | ᠨᠠᠶᠢᠵᠠ ᠲᠠᠢ ᠠᠭᠤᠯᠵᠠᠬᠤ ᠳᠤ ᠪᠠᠨ ᠪᠣᠯᠭᠤᠮᠵᠢᠲᠠᠶ ᠪᠠᠶᠢᠬᠤ ᠬᠡᠷᠡᠭᠲᠡᠢ᠃ ᠪᠡᠯᠡᠨ ᠵᠣᠭᠤᠰ ᠨᠡᠮᠡᠬᠦ᠂ ︽ᠪᠡᠯᠡᠭ︾ | ᠬᠤᠳᠠᠯᠳᠤᠨ ᠠᠪᠬᠤ᠂ ᠰᠦᠯᠵᠢᠶᠡᠨ ᠳᠤ ᠲᠣᠭᠠᠴᠠᠭ᠎ᠠ ᠬᠢᠬᠦ ᠵᠡᠷᠭᠡ ᠡᠯ᠎ᠡ ᠲᠥᠷᠥᠯ ᠤᠨ ᠱᠠᠩᠨᠠᠯᠲᠤ ᠦᠢᠯᠡᠴᠢᠯᠡᠭᠡ ᠳᠤ | ᠣᠷᠣᠯᠴᠠᠬᠤ ᠥᠬᠡᠶ ᠪᠠᠶᠢᠵᠤ᠂ ᠰᠦᠯᠵᠢᠶᠡᠨ ᠤ ᠮᠡᠬᠡᠯᠡᠯ ᠢ ᠰᠡᠷᠭᠡᠶᠢᠯᠡᠨ᠎ᠡ᠃ 24 . ᠪᠡᠶ᠎ᠡ ᠰᠡᠳᠬᠢᠯ ᠤᠨ ᠡᠷᠡᠭᠦᠯ | ᠮᠡᠨᠳᠦ ᠳᠤ ᠬᠤᠤᠷ ᠬᠥᠨᠥᠭᠡᠯ ᠲᠠᠢ ᠰᠦᠯᠵᠢᠶᠡᠨ ᠤ ᠦᠢᠯᠡᠳᠭᠦᠨ ᠪᠤᠶᠤ ᠰᠦᠯᠵᠢᠶᠡᠨ ᠤ ᠦᠢᠯᠡᠴᠢᠯᠡᠭᠡ ᠶᠢ ᠣᠯᠵᠤ | ᠮᠡᠳᠡᠪᠡᠯ ᠳᠠᠷᠤᠢ ᠳᠤ ᠨᠢ ᠵᠠᠭᠠᠯᠳᠤᠵᠤ᠂ ᠢᠯᠡᠴᠢᠯᠡᠨ ᠮᠡᠳᠡᠭᠦᠯᠬᠦ ᠬᠡᠷᠡᠭᠲᠡᠶ᠃ | 05 . ᠵᠢᠭᠤᠯᠴᠢᠯᠠᠯ ᠤᠨ ᠠᠮᠤᠷ ᠲᠦᠪᠰᠢᠨ ᠢ ᠴᠢᠬᠤᠯᠠᠴᠢᠯᠠᠨ᠎ᠠ 25 . ︽ᠵᠢᠭᠤᠯᠴᠢᠯᠠᠯ︾ ᠪᠤᠶᠤ ᠪᠠᠷᠲᠠᠭ᠎ᠠ | ᠬᠠᠶᠢᠬᠤ ᠵᠢᠭᠤᠯᠴᠢᠯᠠᠯ ᠳᠤ ᠣᠷᠣᠯᠴᠠᠬᠤ ᠦᠭᠡᠶ᠃ 26 . ᠭᠠᠵᠠᠷ ᠤᠨ ᠭᠠᠮᠰᠢᠭ ᠣᠯᠠᠨ ᠭᠠᠷᠳᠠᠭ ᠣᠷᠣᠨ ᠳᠤ | ᠣᠴᠢᠵᠤ ᠵᠢᠭᠤᠯᠴᠢᠯᠠᠬᠤ ᠦᠭᠡᠶ᠃ ᠣᠨᠴᠠᠭᠠᠢ ᠠᠭᠤᠷ ᠠᠮᠢᠰᠬᠤᠯ ᠲᠣᠬᠢᠶᠠᠯᠳᠤᠪᠠᠯ᠂ ᠠᠭᠤᠯᠠᠷᠬᠠᠭ ᠣᠷᠣᠨ᠂ | ᠭᠤᠣᠯ ᠤᠨ ᠬᠥᠨᠳᠡᠶ ᠵᠡᠷᠭᠡ ᠠᠶᠤᠯ ᠲᠦᠭᠰᠢᠭᠦᠷᠢᠲᠦ ᠭᠠᠵᠠᠷ ᠣᠷᠣᠨ ᠢᠶᠠᠷ ᠵᠤᠭᠠᠴᠠᠬᠤ ᠦᠭᠡᠶ᠂ ᠤᠰᠤ ᠶᠢ ᠪᠣᠯᠤᠮᠵᠢ | ᠦᠭᠡᠶ ᠬᠡᠲᠦᠯᠬᠦ ᠦᠭᠡᠶ᠃ 27 . ᠨᠡᠶᠢᠲᠡ ᠶᠢᠨ ᠮᠠᠰᠢᠨ ᠲᠡᠷᠭᠡ᠂ ᠵᠤᠭᠠᠴᠠᠯ ᠤᠨ ᠣᠩᠭᠤᠴᠠ᠂ ᠨᠢᠰᠬᠡᠯ ᠵᠡᠷᠭᠡ ᠳᠤ | ᠰᠠᠭᠤᠬᠤ ᠳᠤ ᠪᠠᠨ ᠠᠮᠤᠷ ᠲᠦᠪᠰᠢᠨ ᠤ ᠪᠦᠰᠡ ᠶᠢ ᠤᠬᠠᠮᠰᠠᠷ ᠠᠴᠠ ᠪᠠᠨ ᠪᠦᠰᠡᠯᠡᠬᠦ ᠬᠡᠷᠡᠭᠲᠡᠶ᠃ 28 . | ᠪᠠᠭᠤᠳᠠᠯ ᠳᠤ ᠣᠷᠣᠪᠠᠯ᠂ ᠭᠠᠯ ᠤᠨᠲᠠᠷᠠᠭᠠᠬᠤ ᠵᠠᠮ ᠵᠢᠴᠢ ᠠᠮᠤᠷ ᠲᠦᠪᠰᠢᠨ ᠤ ᠭᠠᠷᠬᠤ ᠡᠭᠦᠳᠡ ᠶᠢ ᠳᠠᠷᠤᠢ ᠳᠤ ᠨᠢ | ᠣᠶᠢᠯᠠᠭᠠᠵᠤ ᠠᠪᠬᠤ ᠬᠡᠷᠡᠭᠲᠡᠶ᠃ 29 . ᠠᠶᠤᠯᠲᠠᠢ ᠭᠡᠬᠦ ᠲᠡᠮᠳᠡᠭ ᠲᠠᠯᠪᠢᠭᠰᠠᠨ ᠭᠠᠵᠠᠷ ᠲᠤ ᠵᠣᠭᠰᠣᠬᠤ ᠦᠭᠡᠢ᠂ | ᠰᠡᠭᠦᠳᠡᠷᠯᠡᠬᠦ ᠶᠢ ᠬᠤᠷᠢᠭᠯᠠᠭᠰᠠᠨ ᠭᠠᠵᠠᠷ ᠲᠤ ᠭᠡᠷᠡᠯ ᠵᠢᠷᠤᠭ ᠠᠪᠬᠤ ᠦᠭᠡᠢ᠂ ᠵᠢᠷᠤᠭ ᠲᠥᠷᠰᠦ ᠰᠢᠩᠭᠡᠭᠡᠬᠦ ᠦᠭᠡᠢ᠃ | 30 . ᠬᠡᠷᠪᠡ ᠭᠡᠨᠡᠳᠲᠡ ᠶᠢᠨ ᠬᠡᠷᠡᠭ ᠲᠣᠬᠢᠶᠠᠯᠳᠤᠪᠠᠯ᠂ ᠵᠢᠯᠣᠭᠤᠳᠤᠯᠭ᠎ᠠ ᠶᠢ ᠳᠠᠭᠠᠵᠤ᠂ ᠯᠠᠪᠳᠠᠭᠤᠨ ᠲᠣᠭᠲᠠᠭᠤᠨ | ᠠᠷᠭᠠᠴᠠᠨ᠎ᠠ᠃ | 06 . ᠰᠡᠳᠬᠢᠴᠡ ᠶᠢᠨ ᠠᠮᠤᠷ ᠲᠦᠪᠰᠢᠨ ᠢ ᠴᠢᠩᠭᠠᠳᠬᠠᠨ᠎ᠠ 31 . ᠣᠶᠤᠨᠴᠢ ᠡᠶᠡᠯᠳᠡᠭ ᠰᠡᠳᠬᠢᠴᠡ ᠪᠠᠷ | ᠳᠡᠷᠭᠡᠳᠡᠬᠢ ᠬᠥᠮᠦᠨ ᠪᠤᠶᠤ ᠬᠡᠷᠡᠭ ᠲᠤ ᠬᠠᠨᠳᠤᠨ᠎ᠠ᠃ 32 . ᠪᠤᠬᠢᠨᠢᠳᠤᠬᠤ ᠦᠶᠡᠰ᠂ ᠬᠥᠳᠡᠯᠭᠡᠭᠡᠨ ᠬᠢᠬᠦ᠂ | ᠰᠣᠯᠢᠯᠴᠠᠬᠤ᠂ ᠠᠭᠤᠵᠢᠷᠠᠲᠠᠯ᠎ᠠ ᠶᠠᠷᠢᠬᠤ ᠵᠡᠷᠭᠡ ᠪᠠᠷ ᠳᠠᠮᠵᠢᠨ ᠪᠣᠬᠢᠨᠢᠳᠤᠯ ᠢᠶᠠᠨ ᠠᠷᠢᠯᠭᠠᠨ᠎ᠠ᠃ 33 . ᠰᠡᠳᠬᠢᠯ | ᠲᠣᠭᠲᠠᠪᠤᠷᠢ ᠦᠭᠡᠢ ᠦᠶᠡᠰ᠂ ᠭᠡᠷ ᠤᠨ ᠠᠬᠠᠮᠠᠳ᠂ ᠪᠠᠭᠰᠢ᠂ ᠲᠣᠭᠤᠷᠢᠭ ᠤᠨ ᠰᠡᠳᠬᠢᠴᠡ ᠶᠢᠨ ᠲᠥᠪ ᠤᠨ 24 | ᠴᠠᠭ ᠤᠨ ᠬᠠᠯᠠᠮᠰᠢᠯ ᠤᠲᠠᠰᠤ ᠪᠤᠶᠤ 12355᠂ 962525 ᠰᠡᠳᠬᠢᠴᠡ ᠶᠢᠨ ᠬᠠᠯᠠᠮᠰᠢᠯ ᠤᠲᠠᠰᠤ ᠵᠡᠷᠭᠡ ᠶᠢᠨ | ᠬᠠᠪᠰᠤᠷᠤᠯᠭ᠎ᠠ ᠶᠢ ᠰᠠᠨᠠᠭᠠᠴᠢᠯᠠᠭ᠎ᠠ ᠠᠴᠠ ᠪᠠᠨ ᠡᠷᠢᠨ᠎ᠡ᠃ 34 . ᠨᠤᠭᠤᠷᠠᠯ ᠪᠦᠳᠦᠷᠢᠯ ᠳᠤ ᠤᠴᠠᠷᠠᠪᠠᠯ᠂ | ᠢᠳᠡᠪᠬᠢᠲᠡᠢ ᠰᠡᠳᠬᠢᠴᠡ ᠶᠢᠨ ᠳᠣᠬᠢᠯᠲᠠ ᠪᠠᠷ ᠥᠪᠡᠷ ᠤᠨ ᠢᠲᠡᠭᠡᠯ ᠵᠣᠷᠢᠭ ᠢᠶᠠᠨ ᠬᠥᠭᠵᠢᠭᠡᠨ᠎ᠡ᠃ 35 . | ᠥᠪᠡᠷ ᠤᠨ ᠴᠢᠷᠮᠠᠶᠢᠯᠭ᠎ᠠ ᠪᠠᠨ ᠮᠡᠳᠡᠷᠡᠵᠦ᠂ ᠰᠢᠯᠭᠠᠯᠲᠠ ᠶᠢᠨ ᠦᠷ᠎ᠡ ᠳ᠋ᠦᠩ ᠢ ᠬᠦᠯᠢᠶᠡᠨ ᠠᠪᠤᠨ᠎ᠠ᠃ 36 . ᠤᠷᠮ᠎ᠠ | ᠰᠡᠳᠬᠢᠯᠭᠡ ᠪᠠᠨ ᠡᠵᠡᠮᠳᠡᠬᠦ ᠶᠢ ᠰᠤᠷᠴᠤ᠂ ᠪᠠᠶᠠᠷ ᠬᠥᠷᠲᠡᠢ ᠪᠠᠷ ᠡᠳᠦᠷ ᠪᠦᠷᠢ ᠶᠢ ᠥᠩᠭᠡᠷᠡᠭᠦᠯᠦᠨ᠎ᠡ᠃ | ᠢᠷᠡᠯᠲᠡ᠄ ᠰᠤᠷᠭᠠᠨ ᠬᠥᠮᠥᠵᠢᠯ ᠤᠨ ᠲᠢᠩᠬᠢᠮ |