ᠰᠢᠭᠦᠰᠤᠨ ᠮᠠᠭᠳᠠᠭᠠᠯ
ᠨᠡᠶᠢᠲᠡᠯᠡᠭᠰᠡᠨ ᠴᠠᠭ᠄
2023/8/14
             ᠡᠯᠳᠡᠪ ᠤᠨ ᠰᠢᠨᠵᠢ ᠪᠦᠷᠢᠳᠦᠭᠰᠡᠨ ᠡᠨᠡ ᠬᠤᠨᠢᠨ ᠤ ᠡᠷᠭᠢᠮ ᠴᠢᠨᠠᠷ ᠢ ᠦᠭᠦᠯᠠᠪᠠᠯ ᠬᠤᠨᠢᠨ ᠤ ᠤᠭᠤᠴᠠ ᠨᠢᠷᠤᠭᠤ ᠨᠢ ᠲᠠᠯᠠᠭᠡᠢ ᠶᠢᠷᠳᠢᠨᠴᠤ ᠶᠢᠨ ᠴᠢᠨᠠᠷᠳᠠᠢ ᠬᠤᠶᠠᠷ ᠬᠠ ᠬᠤᠤᠰ ᠭᠤᠶ᠎ᠠ ᠨᠢ ᠲᠦᠷᠪᠠᠨ ᠲᠢᠪ ᠤᠨ ᠴᠢᠨᠠᠷᠳᠠᠢ ᠠᠷᠪᠠᠨ ᠬᠤᠶᠠᠷ ᠰᠠᠭᠡᠷ ᠨᠢ ᠠᠷᠪᠠᠨ ᠬᠤᠶᠠᠷ ᠵᠢᠯ ᠤᠨ ᠴᠢᠨᠠᠷᠳᠠᠢ ᠠᠮᠠᠨ ᠭᠦᠵᠤᠭᠦᠤ ᠲᠠᠷᠢᠭᠦᠳᠠᠨ ᠨᠢ ᠠᠯᠳᠠᠢ ᠬᠠᠨ ᠤ ᠴᠢᠨᠠᠷᠳᠠᠢ ᠬᠤᠨᠭ᠍ᠰᠢᠶᠠᠷ ᠬᠠᠯᠵᠠᠨ ᠰᠠᠷᠠᠳᠤ ᠳᠤᠯᠤᠭᠠᠢ ᠨᠢ ᠰᠦᠮᠪᠤᠷ ᠠᠭᠤᠯᠠ ᠶᠢᠨ ᠴᠢᠨᠠᠷ ᠲᠠᠢ ᠬᠤᠨᠭ᠌ ᠪᠠᠷᠢᠭᠠᠳ ᠱᠠᠭ᠎ᠠ ᠴᠢᠮᠤᠭᠡ ᠨᠢ ᠰᠦᠮᠪᠤᠷ ᠠᠭᠤᠯᠠᠨ ᠳᠤ ᠤᠷᠭᠤᠭᠰᠠᠨ ᠭᠠᠯᠪᠠᠷᠽᠠᠨᠳᠠᠨ ᠮᠤᠳᠤᠨ ᠤ ᠴᠢᠨᠠᠷᠳᠠᠢ ᠤᠭᠤᠷᠠᠭ ᠳᠠᠷᠭᠤᠨ ᠰᠠᠭᠦᠯ ᠨᠢ ᠽᠠᠮᠪᠤᠳᠢᠪ ᠤᠨ ᠴᠢᠨᠠᠷᠳᠠᠢ ᠱᠠᠭ᠎ᠠ ᠴᠢᠮᠤᠭᠡ ᠨᠢ ᠽᠠᠨᠳᠠᠨ ᠮᠤᠳᠤᠨ ᠴᠢᠨᠠᠷᠳᠠᠢ ᠱᠠᠭ᠎ᠠ ᠨᠢ ᠴᠤᠬᠤᠮ ᠶᠠᠮᠠᠷ ᠴᠢᠨᠠᠷᠳᠠᠢ ᠪᠤᠢ︖ ᠭᠡᠪᠡᠯ ᠨᠠᠶᠢᠮᠠᠨ ᠡᠷᠳᠡᠨᠢ ᠶᠢᠨ ᠴᠢᠨᠠᠷᠳᠠᠢ ᠡᠨᠡ ᠬᠤᠨᠢ ᠭᠡᠭᠴᠢ ᠪᠤᠯᠪᠠᠴᠤ ᠡᠩ ᠤᠷᠢᠳᠤ ᠡᠷᠳᠡ ᠨᠢᠭᠡᠨ ᠴᠠᠭ ᠲᠤ ᠡᠵᠡᠨ ᠴᠢᠩᠭᠢᠰ ᠬᠠᠭᠠᠨ ᠤ ᠬᠠᠷᠢᠶᠠᠳᠤ ᠠᠯᠳᠠᠢ ᠬᠠᠨᠭ᠍ᠭᠠᠢ ᠶᠢᠨ ᠠᠷᠤ ᠳᠠᠬᠢ ᠠᠯᠠᠭᠳᠠᠢ ᠪᠠᠶᠠᠨ ᠤ ᠬᠤᠳᠠᠨ ᠳᠤ ᠠᠷᠭᠠᠯᠵᠢᠨ ᠴᠠᠭᠠᠨ ᠬᠤᠴᠠ ᠠᠴᠠ ᠡᠭᠦᠰᠴᠤ ᠬᠤᠷᠭᠤᠯᠵᠢᠨ ᠴᠠᠭᠠᠨ ᠬᠤᠨᠢᠨ ᠠᠴᠠ ᠭᠠᠷᠤᠭᠰᠠᠨ ᠳᠤᠩ ᠴᠠᠭᠠᠨ ᠬᠤᠷᠠᠭ᠎ᠠ ᠭᠡᠭᠴᠢ ᠪᠤᠯᠪᠠᠴᠤ ᠭᠦᠷᠤᠭᠡᠯᠠᠩ ᠭᠠᠵᠠᠷ ᠭᠡᠪᠳᠡᠭᠰᠡᠨ ᠦᠭᠡᠢ ᠠᠴᠠ ᠭᠦᠯ ᠳᠡᠭᠡᠨ ᠤᠡᠭᠭᠠᠰᠤ ᠲᠠᠢ ᠨᠤᠤᠰᠤ ᠲᠠᠢ ᠭᠦᠭᠡᠨᠡᠨ ᠳᠤ ᠬᠤᠯᠪᠤᠭᠰᠠᠨ ᠦᠭᠡᠢ ᠠᠴᠠ ᠭᠦᠵᠤᠭᠦᠨ ᠳᠡᠭᠡᠨ ᠠᠬᠤᠷ ᠲᠠᠢ ᠦᠰᠤ ᠲᠠᠢ ᠭᠡᠤᠭᠡᠳ ᠰᠢᠤᠬᠠᠳ ᠲᠤ ᠪᠠᠷᠢᠭᠤᠯᠤᠭᠰᠠᠨ ᠦᠭᠡᠢ ᠠᠴᠠ ᠬᠤᠨᠭ᠌ ᠳᠠᠭᠠᠨ ᠦᠭᠡᠭᠦ ᠲᠠᠢ ᠳᠤᠰᠤ ᠲᠠᠢ ᠲᠡᠭᠰᠢ ᠰᠠᠶᠢᠬᠠᠨ ᠪᠠᠶᠢᠳᠠᠯ ᠲᠠᠢ ᠲᠠᠪᠭᠡ ᠲᠦᠷᠪᠠᠨ ᠳᠤᠭᠤᠷᠠᠢ ᠲᠠᠢ ᠤᠷᠠᠯᠢᠭ ᠰᠠᠶᠢᠬᠠᠨ ᠲᠠᠭᠤ ᠲᠠᠢ ᠤᠭᠠᠯᠵᠠᠨ ᠬᠤᠶᠠᠷ ᠡᠪᠠᠷ ᠲᠠᠢ ᠯᠤᠨᠳᠤᠨ ᠬᠤᠶᠠᠷ ᠨᠢᠳᠤ ᠲᠠᠢ ᠬᠠᠨ᠎ᠠ ᠶᠢᠨ ᠴᠢᠨᠡᠭᠡᠨ ᠤᠭᠤᠴᠠ ᠲᠠᠢ ᠬᠠᠪᠬᠠᠭ ᠤᠨ ᠴᠢᠨᠡᠭᠡᠨ ᠰᠠᠭᠦᠯ ᠲᠠᠢ ᠡᠵᠡᠨ ᠳᠡᠭᠡᠨ ᠡᠭᠡᠯᠢᠳᠠᠢ ᠡᠷᠳᠡᠨᠢ ᠶᠢᠨ ᠴᠠᠭᠠᠨ ᠬᠤᠨᠢ ᠭᠡᠭᠴᠢ ᠶᠢ ᠡᠷᠭᠢᠮ ᠤᠯᠠᠨ ᠲᠦᠷᠦᠯ ᠲᠠᠨ ᠳᠠᠭᠠᠨ ᠡᠷᠭᠦᠨ ᠪᠠᠷᠢᠵᠤ ᠪᠠᠶᠢᠬᠤ ᠨᠢ ᠡᠨᠡ ᠪᠢᠯᠠ᠃
 
ᠢᠷᠡᠯᠲᠡ᠄ ᠲᠦᠩᠯᠢᠶᠤᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号