| | ᠭᠡᠳᠡᠰᠦᠨ ᠤ ᠥᠮᠡᠨ᠂ ᠤᠯᠠᠭᠠᠨ ᠬᠤᠭᠤᠯᠠᠶ ᠶᠢᠨ ᠥᠮᠡᠨ᠂ ᠡᠯᠢᠭᠡᠨ ᠤ ᠥᠮᠡᠨ ᠵᠡᠷᠭᠡ ᠨᠢ ᠬᠥᠮᠦᠰ ᠤᠨ ᠵᠠᠷᠢᠮ | ᠢᠳᠡᠭᠡᠨ ᠤᠮᠳᠠᠭᠠᠨ ᠤ ᠳᠠᠳᠬᠠᠯ ᠲᠠᠢ ᠬᠤᠯᠪᠣᠭ᠎ᠠ ᠲᠠᠢ ᠪᠠᠶᠢᠵᠤ ᠮᠡᠳᠡᠨ᠎ᠡ᠂ ᠪᠢᠳᠡ ᠬᠡᠷᠬᠢᠨ ᠥᠮᠡᠨ ᠠᠴᠠ ᠵᠠᠶᠢᠯᠠᠵᠤ | ᠪᠡᠶ᠎ᠡ ᠮᠠᠬᠠᠪᠤᠳ ᠢᠶᠠᠨ ᠡᠷᠡᠭᠦᠯ ᠴᠢᠭᠢᠷᠠᠭ ᠪᠠᠶᠢᠯᠭᠠᠬᠤ ᠪᠣᠶ︖ ᠥᠨᠥᠳᠦᠷ ᠡᠨᠡ ᠲᠠᠪᠤᠨ ᠲᠠᠯ᠎ᠠ ᠪᠠᠷ ᠶᠠᠷᠢᠶ᠎ᠠ᠃ | ᠨᠢᠭᠡ ᠂ ᠵᠠᠷᠢᠮ ᠬᠥᠮᠦᠨ ᠬᠤᠭᠤᠯᠠ ᠶᠡᠭᠡ ᠭᠤᠯᠣᠳᠠᠭ ᠵᠥᠪᠬᠡᠨ ᠮᠢᠬ᠎ᠠ ᠢᠳᠡᠬᠦ ᠳᠤᠷᠠᠲᠠᠶ᠂ ᠨᠣᠭᠤᠭ᠎ᠠ ᠢᠳᠡᠬᠦ | ᠳᠤᠷ᠎ᠠ ᠦᠭᠡᠢ ᠡᠶᠢᠮᠦᠷᠬᠦ ᠬᠤᠭᠤᠯᠠ ᠭᠤᠯᠣᠬᠤ ᠳᠠᠳᠬᠠᠯ ᠨᠢ ᠰᠢᠮ᠎ᠡ ᠲᠡᠵᠢᠭᠡᠯ ᠢ ᠲᠡᠩᠴᠡᠭᠦᠷᠢ ᠦᠭᠡᠢ ᠪᠤᠯᠭᠠᠳᠠᠭ | ᠢᠶᠠᠷ ᠪᠠᠷᠠᠬᠤ ᠦᠭᠡᠢ᠂ ᠪᠠᠰᠠ ᠭᠡᠳᠡᠰᠦᠨ ᠤ ᠥᠮᠡᠨ ᠣᠯᠬᠤ ᠲᠦᠭᠰᠢᠭᠦᠷᠢ ᠶᠢ ᠨᠡᠮᠡᠭᠳᠡᠭᠦᠯᠳᠡᠭ᠃ ᠣᠨᠴᠠᠭᠠᠶᠢᠯᠠᠨ | ᠤᠯᠠᠭᠠᠨ ᠮᠢᠬ᠎ᠠ᠂ ᠪᠤᠯᠪᠠᠰᠤᠷᠠᠭᠤᠯᠤᠨ ᠡᠳ᠋ᠰᠢᠬᠦᠯᠦᠭᠰᠡᠨ ᠮᠢᠬᠠᠨ ᠤ ᠢᠳᠡᠭᠡᠨ ᠢᠳᠡᠬᠦ ᠳᠤᠷᠠᠲᠠᠶ ᠬᠥᠮᠦᠰ ᠨᠠᠩ | ᠠᠩᠬᠠᠷᠬᠤ ᠬᠡᠷᠡᠭᠲᠡᠶ᠃ | ᠥᠮᠡᠨ ᠢ ᠰᠡᠷᠭᠡᠶᠢᠯᠡᠬᠦ ᠰᠠᠨᠠᠭᠤᠯᠭ᠎ᠠ᠄ | 1. ᠪᠤᠷᠤ ᠪᠤᠳᠠᠭ᠎ᠠ᠂ ᠬᠠᠷ᠎ᠠ ᠪᠤᠳᠠᠭ᠎ᠠ᠂ ᠤᠯᠠᠭᠠᠨ ᠪᠤᠷᠴᠠᠭ᠂ ᠨᠣᠬᠠᠶ ᠶᠢᠨ ᠬᠤᠰᠢᠭᠤ ᠵᠡᠷᠭᠡ ᠪᠦᠳᠦᠭᠦᠯᠢᠭ ᠠᠮᠤ | ᠢᠳᠡᠬᠦ ᠬᠡᠮᠵᠢᠶ᠎ᠡ ᠪᠠᠨ ᠵᠣᠬᠢᠰᠲᠠᠶ ᠪᠠᠷ ᠨᠡᠮᠡᠭᠳᠡᠭᠦᠯᠦᠭᠡᠷᠡᠢ︔ | 2. ᠨᠣᠭᠤᠭ᠎ᠠ ᠵᠢᠮᠢᠰ ᠢᠳᠡᠬᠦ ᠬᠡᠮᠵᠢᠶ᠎ᠡ ᠶᠢ ᠨᠡᠮᠡᠭᠳᠡᠭᠦᠯᠪᠡᠯ ᠭᠡᠳᠡᠰᠦᠨ ᠤ ᠭᠦᠷᠪᠡᠯᠵᠡᠬᠦ ᠬᠤᠷᠳᠤᠴᠠ ᠶᠢ | ᠲᠦᠷᠭᠡᠳᠬᠡᠵᠦ᠂ ᠭᠡᠳᠡᠰᠦᠨ ᠤ ᠬᠠᠶᠠᠭᠳᠠᠮᠠᠯ ᠪᠤᠳᠠᠰ ᠢ ᠭᠠᠳᠠᠭᠰᠢᠯᠠᠭᠤᠯᠬᠤ ᠶᠢ ᠲᠦᠷᠭᠡᠳᠬᠡᠬᠦ ᠪᠣᠯᠤᠨ᠎ᠠ .︔ | 3. ᠪᠤᠯᠪᠠᠰᠤᠷᠠᠭᠤᠯᠤᠨ ᠡᠳ᠋ᠰᠢᠬᠦᠯᠦᠭᠰᠡᠨ ᠮᠢᠬᠠᠨ ᠤ ᠢᠳᠡᠭᠡᠨ ᠢᠳᠡᠬᠦ ᠪᠠᠨ ᠪᠠᠭᠠᠰᠬᠠᠭᠠᠷᠠᠢ᠂ ᠡᠳᠡᠭᠡᠷ | ᠢᠳᠡᠭᠡᠨ ᠢ ᠶᠡᠭᠡ ᠢᠳᠡᠪᠡᠯ ᠭᠡᠳᠡᠰᠦᠨ ᠤ ᠬᠤᠣᠷᠲᠤ ᠬᠠᠪᠤᠳᠠᠷ ᠲᠤ ᠨᠡᠷᠪᠡᠭᠳᠡᠬᠦ ᠨᠤᠷᠮ᠎ᠠ ᠲᠡᠭᠡᠭᠰᠢᠯᠡᠬᠦ ᠪᠣᠯᠤᠨ᠎ᠠ .᠃ | ᠬᠤᠶᠠᠷ᠂ ︽ᠭᠡᠳᠦᠷᠡᠳᠡᠯ᠎ᠡ ᠢᠳᠡᠭᠰᠡᠨ︾ ᠠᠴᠠ ᠪᠤᠯᠵᠤ ᠤᠯᠬᠤ ᠤᠯᠠᠭᠠᠨ ᠬᠤᠭᠤᠯᠠᠶ ᠶᠢᠨ ᠥᠮᠡᠨ ᠬᠤᠭᠤᠯᠠ | ᠢᠳᠡᠬᠦ ᠳᠡᠭᠡᠨ ᠦᠷᠭᠦᠯᠵᠢ ᠭᠡᠳᠦᠷᠡᠲᠠᠯᠠ ᠢᠳᠡᠬᠦ᠂ ᠢᠯᠠᠩᠭᠤᠶ᠎ᠠ ᠣᠷᠣᠶ ᠶᠢᠨ ᠬᠤᠭᠤᠯᠠ ᠶᠢ ᠬᠡᠲᠦ ᠴᠠᠳᠲᠠᠯ᠎ᠠ | ᠢᠳᠡᠪᠡᠯ ᠠᠮᠠᠷᠬᠠᠨ ᠤᠯᠠᠭᠠᠨ ᠬᠤᠭᠤᠯᠠᠶ ᠶᠢᠨ ᠥᠮᠡᠨ ᠪᠣᠯᠵᠣ ᠬᠤᠪᠢᠷᠠᠬᠤ ᠲᠣᠬᠢᠶᠠᠯᠳᠤᠮᠵᠢ ᠶᠢ ᠨᠡᠮᠡᠭᠳᠡᠭᠦᠯᠳᠡᠭ᠃ | ᠥᠮᠡᠨ ᠢ ᠰᠡᠷᠭᠡᠶᠢᠯᠡᠬᠦ ᠰᠠᠨᠠᠭᠤᠯᠭ᠎ᠠ᠄ | 1. ᠬᠤᠭᠤᠯᠠ ᠶᠢ ᠬᠡᠲᠦ ᠴᠠᠳᠲᠠᠯ᠎ᠠ ᠢᠳᠡᠵᠦ ᠪᠣᠯᠬᠤ ᠦᠭᠡᠢ᠂ 7~8 ᠬᠤᠪᠢ ᠢᠳᠡᠪᠡᠯ ᠨᠡᠯᠢᠶᠡᠳ | ᠲᠣᠬᠢᠷᠠᠮᠵᠢᠲᠠᠢ ᠶᠤᠮ︔ | 2. ᠬᠤᠭᠤᠯᠠ ᠢᠳᠡᠬᠦ᠂ ᠤᠰᠤ ᠤᠤᠭᠤᠬᠤ ᠳᠠᠭᠠᠨ ᠬᠡᠲᠦᠷᠬᠡᠢ ᠬᠠᠯᠠᠭᠤᠨ ᠢᠶᠠᠷ ᠢᠳᠡᠬᠦ ᠪᠤᠶᠤ ᠤᠤᠭᠤᠵᠤ | ᠪᠣᠯᠬᠤ ᠦᠭᠡᠢ᠂ 45℃ ᠠᠴᠠ ᠬᠡᠲᠦᠷᠡᠬᠦᠯᠬᠦ ᠦᠭᠡᠢ ᠪᠠᠶᠢᠪᠠᠯ ᠬᠠᠮᠤᠭ ᠤᠨ ᠰᠠᠶᠢᠨ᠃ | 3. ᠬᠤᠭᠤᠯᠠ ᠢᠳᠡᠬᠦ ᠳᠡᠭᠡᠨ ᠬᠡᠲᠦᠷᠬᠡᠢ ᠬᠠᠲᠠᠭᠤ ᠶᠠᠭᠤᠮ᠎ᠠ ᠶᠢ ᠪᠢᠳᠡᠭᠡᠢ ᠢᠳᠡ᠂ ᠡᠶᠢᠮᠦ ᠲᠥᠷᠥᠯ ᠤᠨ | ᠢᠳᠡᠭᠡᠨ ᠨᠢ ᠤᠯᠠᠭᠠᠨ ᠬᠤᠭᠤᠯᠠᠢ ᠶᠢᠨ ᠰᠠᠯᠢᠰᠤᠲᠤ ᠪᠦᠷᠬᠦᠪᠴᠢ ᠶᠢ ᠭᠡᠮᠲᠦᠭᠡᠵᠦ ᠮᠡᠳᠡᠬᠦ ᠪᠥᠭᠡᠳ ᠪᠠᠰᠠ ᠤᠯᠠᠭᠠᠨ | ᠬᠤᠭᠤᠯᠠᠢ ᠶᠢᠨ ᠬᠤᠣᠷᠲᠤ ᠬᠠᠪᠤᠳᠠᠷ ᠲᠤ ᠨᠡᠷᠪᠡᠭᠳᠡᠬᠦ ᠲᠣᠬᠢᠶᠠᠯᠳᠤᠮᠵᠢ ᠶᠢ ᠨᠡᠮᠡᠭᠳᠡᠭᠦᠯᠳᠡᠭ . | | ᠭᠤᠷᠪᠠ . ︽ᠠᠷᠪᠢᠯᠠᠬᠰᠠᠨ︾ ᠠᠴᠠ ᠪᠤᠯᠵᠤ ᠤᠯᠬᠤ ᠡᠯᠢᠭᠡᠨ ᠥᠮᠡᠨ ᠵᠠᠷᠢᠮ ᠬᠦᠮᠦᠨ ᠸᠠᠯᠠᠵᠤ ᠴᠢᠨᠠᠷ | ᠬᠤᠪᠢᠷᠠᠭᠰᠠᠨ ᠢᠳᠡᠭᠡᠨ ᠢ ᠤᠬᠢᠶᠠᠵᠤ ᠤᠬᠢᠶᠠᠭᠠᠳ ᠢᠳᠡᠬᠦ ᠪᠤᠶᠤ ᠪᠠᠰᠠ ᠦᠷᠭᠦᠯᠵᠢᠯᠡᠨ ᠬᠡᠷᠡᠭᠯᠡᠳᠡᠭ᠂ ᠡᠳᠡᠭᠡᠷ | ᠶᠠᠭᠤᠮᠠᠨ ᠤ ᠳᠣᠲᠣᠷ᠎ᠠ ᠨᠢᠭᠡᠳᠦᠭᠡᠷ ᠳᠡᠰ ᠤᠨ ᠥᠮᠡᠨ ᠡᠭᠦᠰᠭᠡᠬᠦ ᠪᠣᠳᠠᠰ ᠨᠢᠭᠤᠭᠳᠠᠵᠤ ᠪᠠᠶᠢᠵᠤ ᠮᠡᠳᠡᠨ᠎ᠡ᠃ ᠡᠩ ᠤᠨ | ᠪᠠᠶᠢᠳᠠᠯ ᠳᠤᠤᠷ᠎ᠠ ᠪᠠᠺᠲ᠋ᠧᠷᠢ ᠨᠢ ᠨᠢᠳᠦᠨ ᠳᠤ ᠦᠵᠡᠭᠳᠡᠳᠡᠭ ᠦᠭᠡᠢ ᠶᠤᠮ᠃ | ᠥᠮᠡᠨ ᠢ ᠰᠡᠷᠭᠡᠶᠢᠯᠡᠬᠦ ᠰᠠᠨᠠᠭᠤᠯᠭ᠎ᠠ᠄ 1. ᠸᠠᠯᠠᠭᠰᠠᠨ ᠰᠠᠪᠬ᠎ᠠ ᠪᠤᠶᠤ ᠠᠮᠪᠠᠨ ᠢ ᠪᠠᠷᠢᠨ ᠲᠤᠤᠷ᠎ᠠ ᠨᠢ ᠰᠣᠯᠢᠬᠤ | ᠬᠡᠷᠡᠭᠲᠡᠢ .︔ 2. ᠸᠠᠯᠠᠭᠰᠠᠨ ᠢᠳᠡᠭᠡᠨ ᠢ ᠬᠠᠶᠠᠬᠤ ᠬᠡᠷᠡᠭᠳᠡᠢ︔ 3. ᠬᠤᠭᠤᠴᠠᠭ᠎ᠠ ᠨᠢ ᠥᠩᠭᠡᠷᠡᠭᠰᠡᠨ ᠪᠤᠶᠤ | ᠴᠢᠨᠠᠷ ᠨᠢ ᠬᠤᠪᠢᠷᠬᠠᠰᠠᠨ ᠢᠳᠡᠭᠡᠨ ᠤ ᠲᠣᠰᠣ᠂ ᠠᠮᠲᠠ ᠣᠷᠣᠭᠤᠯᠬᠤ ᠡᠳ᠋ ᠢ ᠴᠦ ᠪᠠᠷᠢᠨ ᠲᠤᠤᠷ᠎ᠠ ᠨᠢ ᠬᠠᠶᠠᠬᠤ | ᠬᠡᠷᠡᠭᠲᠡᠶ︔ 4. ᠤᠳᠠᠭᠠᠨ ᠳᠡᠪᠲᠦᠭᠡᠭᠰᠡᠨ ᠳᠠᠯᠳᠠᠤ ᠠᠴᠠ ᠶᠡᠭᠡ ᠬᠡᠮᠵᠢᠶᠡᠨ ᠤ ᠪᠠᠺᠲ᠋ᠧᠷᠢ ᠡᠭᠦᠰᠳᠡᠭ ᠪᠤᠯᠬᠤᠷ ᠪᠠᠷᠢᠨ | ᠲᠤᠤᠷ᠎ᠠ ᠨᠢ ᠬᠠᠶᠠᠬᠤ ᠬᠡᠷᠡᠭᠲᠡᠶ᠃ | ᠲᠦᠷᠪᠡ . ︽ᠲᠠᠮᠠᠬᠢ ᠲᠠᠲᠠᠭᠰᠠᠨ︾ ᠠᠴᠠ ᠪᠤᠯᠵᠤ ᠤᠯᠬᠤ ᠠᠭᠤᠰᠬᠢᠨ ᠥᠮᠡᠨ ᠬᠤᠭᠤᠯᠠᠨ ᠤ ᠳᠠᠷᠠᠭ᠎ᠠ | ᠲᠠᠮᠠᠬᠢ ᠲᠠᠲᠠᠬᠤ ᠨᠢ ᠡᠩ ᠤᠨ ᠦᠶ᠎ᠡ ᠶᠢᠨ ᠠᠷᠪᠠᠨ ᠲᠠᠮᠠᠬᠢ ᠲᠠᠲᠠᠬᠤ ᠠᠴᠠ ᠪᠠᠰᠠ ᠬᠤᠣᠷ ᠬᠥᠨᠥᠭᠡᠯ ᠲᠠᠢ ᠶᠤᠮ᠃ | ᠲᠠᠮᠠᠬᠢ ᠲᠠᠢ ᠬᠠᠮᠢᠶ᠎ᠠ ᠪᠦᠬᠦᠢ ᠥᠮᠡᠨ ᠨᠢ ᠣᠯᠠᠨ ᠤ ᠰᠠᠶᠢᠨ ᠮᠡᠳᠡᠳᠡᠭ ᠠᠭᠤᠰᠬᠢᠨ ᠥᠮᠡᠨ ᠪᠠᠶᠢᠬᠤ ᠠᠴᠠ ᠭᠠᠳᠠᠨ᠎ᠠ | ᠪᠠᠰᠠ ᠳᠠᠪᠤᠰᠠᠩ ᠤᠨ ᠥᠮᠡᠨ᠂ ᠨᠦᠢᠷ ᠤᠨ ᠪᠤᠯᠴᠢᠷᠬᠠᠶ ᠶᠢᠨ ᠥᠮᠡᠨ᠂ ᠬᠤᠲᠣᠷᠢᠩᠬᠠᠶ ᠰᠢᠯᠤᠭᠤᠨ ᠭᠡᠳᠡᠰᠦᠨ ᠤ | ᠥᠮᠡᠨ ᠵᠡᠷᠭᠡ ᠪᠠᠶᠢᠨ᠎ᠠ᠃ | ᠥᠮᠡᠨ ᠢ ᠰᠡᠷᠭᠡᠶᠢᠯᠡᠬᠦ ᠰᠠᠨᠠᠭᠤᠯᠭ᠎ᠠ᠄ 1. ᠬᠤᠭᠤᠯᠠᠨ ᠤ ᠳᠠᠷᠠᠭ᠎ᠠ ᠲᠠᠮᠠᠬᠢ ᠲᠠᠲᠠᠵᠤ ᠪᠣᠯᠬᠤ ᠦᠭᠡᠢ ᠮᠦᠷᠳᠡᠭᠡᠨ | ᠡᠩ ᠤᠨ ᠦᠶ᠎ᠡ ᠳᠤ ᠴᠤ ᠲᠠᠮᠠᠬᠢ ᠲᠠᠲᠠᠵᠤ ᠪᠣᠯᠬᠤ ᠦᠭᠡᠢ᠂ ᠡᠷᠲᠡᠬᠡᠨ ᠲᠠᠮᠠᠬᠢ ᠪᠠᠨ ᠵᠣᠭᠰᠣᠬᠤ ᠬᠡᠷᠡᠭᠲᠡᠢ︔ 2. | ᠭᠠᠷ ᠳᠠᠮᠵᠢᠭᠰᠠᠨ ᠲᠡᠮᠡᠬᠢᠨ ᠤ ᠣᠷᠴᠢᠨ ᠲᠣᠭᠤᠷᠢᠨ ᠠᠴᠠ ᠵᠠᠶᠢᠯᠠᠬᠤ ᠬᠡᠷᠡᠭᠲᠡᠶ᠃ | ᠲᠠᠪᠤ . ᠥᠮᠡᠨ ᠤ ᠡᠰ ᠡᠨᠡ 3 ᠵᠦᠢᠯ ᠢ ᠬᠢᠬᠦ ᠠᠴᠠ ︽ᠠᠶᠤᠳᠠᠭ︾ 1. ᠲᠠᠮᠢᠷ ᠤᠨ ᠬᠦᠳᠡᠯᠭᠡᠭᠡᠨ ᠬᠢᠬᠦ | ᠠᠴᠠ ︽ᠠᠶᠤᠳᠠᠭ︾᠄ ᠡᠳᠦᠷ ᠪᠦᠷᠢ ᠨᠠᠭᠠᠳᠤ ᠵᠠᠬ᠎ᠠ ᠳᠠᠭᠠᠨ 30 ᠠᠴᠠ 60 ᠮᠢᠨᠦ᠋ᠲ᠂ ᠳᠤᠮᠳᠠ ᠵᠡᠷᠭᠡ ᠠᠴᠠ | ᠥᠨᠳᠥᠷ ᠡᠷᠴᠢᠮ ᠪᠦᠬᠦᠢ ᠲᠠᠮᠢᠷ ᠤᠨ ᠬᠦᠳᠡᠯᠭᠡᠭᠡᠨ ᠬᠢᠪᠡᠯ ᠬᠥᠮᠦᠰ ᠤᠨ ᠬᠤᠣᠷᠲᠤ ᠬᠠᠪᠤᠳᠠᠷ ᠲᠤ ᠨᠡᠷᠪᠡᠭᠳᠡᠬᠦ | ᠲᠦᠭᠰᠢᠭᠦᠷᠢ ᠶᠢ ᠪᠠᠭᠤᠷᠠᠭᠤᠯᠬᠤ ᠪᠣᠯᠤᠨ᠎ᠠ .᠃ 2. ᠤᠷᠮ᠎ᠠ ᠰᠡᠳᠭᠢᠯᠭᠡ ᠰᠠᠶᠢᠨ ᠪᠠᠶᠢᠬᠤ ᠠᠴᠠ ︽ᠠᠶᠤᠳᠠᠭ︾᠄ | ᠤᠷᠮ᠎ᠠ ᠰᠡᠳᠭᠢᠯᠭᠡ ᠠᠨᠠᠢ ᠪᠠᠶᠢᠬᠤ ᠦᠶᠡᠰ ᠥᠮᠡᠨ ᠡᠪᠡᠳᠴᠢᠨ ᠲᠠᠢ ᠨᠢᠭᠲᠠ ᠬᠠᠷᠢᠴᠠᠭ᠎ᠠ ᠲᠠᠢ ᠭᠠᠩᠰᠠᠷᠠᠬᠤ | ᠡᠪᠡᠳᠴᠢᠨ᠂ ᠢᠯᠠᠬᠳᠠᠬᠰᠠᠨ ᠰᠡᠳᠬᠢᠯᠭᠡ᠂ ᠡᠷᠡᠮᠡᠯᠵᠡᠯ ᠦᠭᠡᠢ ᠪᠤᠶᠤ ᠲᠤᠰᠠᠯᠠᠮᠵᠢ ᠦᠭᠡᠢ ᠪᠤᠯᠬᠤ ᠪᠤᠳᠤᠯ ᠵᠡᠷᠭᠡ | ᠡᠭᠦᠰᠳᠡᠭ᠃ ᠡᠭᠦᠨ ᠠᠴᠠ ᠵᠠᠶᠢᠯᠠᠬᠤ ᠶᠢᠨ ᠲᠤᠰᠠᠳᠠ ᠤᠷᠮ᠎ᠠ ᠰᠡᠳᠭᠢᠯᠭᠡ ᠪᠠᠨ ᠰᠠᠶᠢᠨ ᠪᠠᠶᠢᠯᠭᠠᠬᠤ ᠭᠡᠷᠡᠭᠳᠡᠢ᠃ | 3. ᠥᠮᠡᠨ ᠤ ᠰᠢᠭᠰᠢᠨ ᠪᠠᠶᠢᠴᠠᠭᠠᠯᠲᠠ ᠬᠢᠯᠭᠡᠬᠦ ᠠᠴᠠ ︽ᠠᠶᠤᠳᠠᠭ︾᠄ ᠣᠯᠠᠩᠬᠢ ᠬᠤᠤᠷᠲᠤ ᠬᠠᠪᠤᠳᠠᠷ ᠤᠨ | ᠡᠬᠢᠨ ᠤ ᠬᠤᠭᠤᠴᠠᠭᠠᠨ ᠳᠤ ᠡᠪᠡᠳᠴᠢᠨ ᠤ ᠢᠯᠡᠷᠡᠯ ᠥᠬᠡᠶ ᠪᠤᠶᠤ ᠰᠡᠷᠡᠵᠦ ᠮᠡᠳᠡᠭᠦ ᠳᠤ ᠪᠡᠷᠭᠡᠳᠡᠢ ᠪᠠᠶᠢᠳᠠᠭ᠂ | ᠡᠶᠢᠮᠦ ᠠᠴᠠ ᠥᠮᠡᠨ ᠤ ᠰᠢᠭᠰᠢᠨ ᠪᠠᠶᠢᠴᠠᠭᠠᠯᠲᠠ ᠶᠢ ᠡᠷᠲᠡᠬᠡᠨ ᠬᠢᠯᠭᠡᠬᠦ ᠬᠡᠷᠡᠭᠲᠡᠶ᠃ | ᠢᠷᠡᠯᠳᠡ ᠠᠷᠠᠳ ᠤᠨ ᠰᠦᠯᠵᠢᠶ᠎ᠡ |