ᠰᠤᠭᠤ ᠶᠢᠨ ᠪᠤᠯᠠᠭ ᠤᠨ ᠡᠯᠡᠰᠦᠨ ᠴᠦᠯ ᠤᠨ ᠦᠵᠡᠮᠵᠢ ᠶᠢᠨ ᠵᠤᠭᠠᠴᠠᠯ ᠤᠨ ᠣᠷᠣᠨ
ᠨᠡᠶᠢᠲᠡᠯᠡᠭᠰᠡᠨ ᠴᠠᠭ᠄
2024/1/4
   ᠰᠤᠭᠤ ᠶᠢᠨ ᠪᠤᠯᠠᠭ ᠤᠨ ᠡᠯᠡᠰᠦᠨ ᠴᠦᠯ ᠤᠨ ᠦᠵᠡᠮᠵᠢ ᠶᠢᠨ ᠵᠤᠭᠠᠴᠠᠯ ᠤᠨ ᠣᠷᠣᠨ ᠨᠢ ᠲᠦᠷᠦᠭᠦᠦ ᠪᠦᠯᠦᠭ ᠤᠨ ᠪᠦᠬᠦ ᠤᠯᠤᠰ ᠤᠨ ᠬᠥᠳᠡᠭᠡ ᠲᠣᠰᠬᠤᠨ ᠤ ᠵᠤᠭᠠᠴᠠᠯ ᠤᠨ ᠭᠤᠣᠯᠳᠠᠯᠭ᠎ᠠ ᠲᠠᠢ ᠲᠣᠰᠬᠤᠨ ᠪᠤᠯᠬᠤ ᠰᠤᠨᠳᠤᠤ ᠰᠤᠮᠤ ᠶᠢᠨ ᠴᠧ ᠵᠢᠶᠠ ᠶᠢᠨ ᠲᠤᠪᠤ ᠲᠣᠰᠬᠤᠨ ᠳᠤ ᠪᠠᠶᠢᠷᠢᠯᠠᠵᠤ᠂ ᠶᠡᠷᠦᠩᠬᠡᠢ ᠲᠠᠯᠠᠪᠠᠢ ᠨᠢ 1.35 ᠲᠦᠮᠡᠨ ᠮᠦ ᠪᠠᠶᠢᠵᠤ᠂ ᠤᠯᠤᠰ ᠤᠨ AAA ᠳᠡᠰ ᠤᠨ ᠵᠤᠭᠠᠴᠠᠯ ᠤᠨ ᠦᠵᠡᠮᠵᠢ ᠶᠢᠨ ᠣᠷᠣᠨ ᠪᠣᠯᠣᠨ᠎ᠠ᠂ ᠳᠣᠲᠣᠷ᠎ᠠ  ᠨᠢ 5C ᠳᠡᠰ ᠤᠨ ᠬᠤᠪᠢ ᠶᠢᠨ ᠮᠠᠰᠢᠨ ᠲᠡᠷᠭᠡ ᠪᠠᠷ ᠵᠤᠭᠠᠴᠠᠨ ᠪᠠᠭᠤᠳᠠᠯᠯᠠᠵᠤ᠂ ᠬᠤᠪᠢ ᠶᠢᠨ ᠮᠠᠰᠢᠨ ᠲᠡᠷᠭᠡ ᠪᠠᠷ ᠬᠡᠭᠡᠷ᠎ᠡ ᠪᠠᠭᠤᠳᠠᠯᠯᠠᠵᠤ᠂ ᠡᠯᠡᠰᠦ ᠮᠠᠩᠬ᠎ᠠ ᠶᠢ ᠪᠡᠶᠡᠴᠢᠯᠡᠨ ᠣᠶᠢᠯᠠᠭᠠᠬᠤ ᠲᠦᠷᠦᠯ ᠵᠦᠢᠯ ᠲᠠᠢ᠃ ᠰᠤᠭᠤ ᠶᠢᠨ ᠪᠤᠯᠠᠭ  ᠤᠨ ᠡᠯᠡᠰᠦᠨ ᠴᠥᠯ ᠤᠨ ᠤᠮᠠᠷᠠᠲᠤ ᠬᠡᠰᠡᠭ ᠲᠤ ᠥᠷᠭᠡᠨ ᠠᠭᠤᠳᠠᠮ ᠠᠯᠲᠠᠨ ᠰᠢᠷᠭᠠᠯ ᠡᠯᠡᠰᠦᠨ ᠲᠤᠪᠤᠴᠠᠭ ᠲᠠᠢ᠂ ᠡᠮᠦᠨᠡᠲᠦ ᠬᠡᠰᠡᠭ ᠲᠤ ᠬᠡᠳᠦᠨ ᠭᠠᠵᠠᠷ ᠦᠷᠭᠦᠯᠵᠢᠯᠡᠭᠰᠡᠨ ᠡᠩᠬᠡ ᠠᠮᠤᠭᠤᠯᠠᠩ ᠤᠨ ᠲᠠᠯ᠎ᠠ ᠨᠤᠲᠤᠭ ᠲᠠᠢ᠂ ᠯᠢᠩᠬᠤᠸᠠᠳᠤ ᠨᠠᠭᠤᠷ ᠤᠨ ᠯᠢᠩᠬᠤ᠎ᠠ ᠶᠢᠨ ᠨᠠᠪᠴᠢ ᠨᠤᠭᠤᠭᠠᠷᠠᠨ᠂ ᠬᠤᠯᠤᠰᠤ ᠵᠡᠭᠡᠰᠦ ᠬᠠᠯᠢᠭᠤᠷᠠᠵᠤ᠂ ᠬᠡᠭᠡᠷ᠎ᠡ ᠶᠢᠨ ᠱᠣ ᠪᠤᠭᠤ ᠠᠳᠡ ᠠᠮᠠᠷᠠᠵᠤ᠂ ᠬᠠᠴᠢᠨ ᠰᠣᠨᠢᠨ ᠪᠥᠭᠡᠳ ᠥᠪᠡᠷᠮᠢᠴᠡ ᠤᠨᠴᠠᠯᠢᠭ ᠲᠠᠢ ᠡᠯᠡᠰᠦᠨ ᠴᠥᠯ ᠤᠨ ᠦᠵᠡᠮᠵᠢ ᠶᠢ ᠪᠦᠷᠢᠯᠳᠦᠭᠦᠯᠦᠭᠰᠡᠨ ᠪᠠᠶᠢᠨ᠎ᠠ᠃     ᠠᠳᠡ ᠠᠴᠠ ᠡᠯᠡᠰᠦᠨ ᠴᠥᠯ ᠤᠨ ᠨᠡᠯᠦᠭᠡᠷ ᠠᠭᠤᠳᠠᠮ ᠢ ᠪᠠᠷᠠᠯᠠᠨ᠂ ᠡᠯᠡᠰᠦᠨ ᠲᠤᠪᠤᠴᠠᠭ ᠲᠤ ᠠᠪᠠᠷᠢᠨ ᠭᠠᠷᠴᠤ᠂ ᠮᠠᠨᠳᠤᠬᠤ ᠨᠬᠠᠨ ᠢ ᠰᠤᠨᠢᠷᠬᠠᠬᠤ ᠪᠤᠶᠤ ᠰᠥᠨᠢ ᠶᠢᠨ ᠣᠭᠲᠠᠷᠭᠤᠢ ᠶᠢᠨ ᠰᠦᠷᠯᠢᠭ ᠰᠠᠶᠢᠬᠠᠨ ᠢ ᠰᠣᠨᠢᠷᠬᠠᠵᠤ ᠪᠣᠯᠣᠨ᠎ᠠ᠃ ᠲᠠᠨᠠᠷ ᠡᠯᠡᠰᠦᠨ ᠳᠤ ᠭᠤᠯᠭᠤᠬᠤ᠂ ᠬᠡᠭᠡᠷ᠎ᠡ ᠶᠢᠨ ᠤᠷᠤᠯᠳᠤᠭᠠᠨ ᠤ ᠲᠡᠷᠭᠡᠨ ᠳᠤ ᠰᠠᠭᠤᠬᠤ ᠵᠡᠷᠭᠡ ᠡᠯᠡᠰᠦᠨ ᠴᠦᠯ ᠤᠨ ᠲᠠᠮᠢᠷ ᠤᠨ ᠬᠦᠳᠡᠯᠭᠡᠭᠡᠨ ᠳᠤ ᠤᠷᠤᠯᠴᠠᠵᠤ᠂ ᠲᠠᠪᠠ ᠲᠤᠷ᠎ᠠ ᠪᠠᠷ ᠢᠶᠠᠨ ᠨᠠᠭᠠᠳᠤᠨ ᠴᠡᠩᠬᠡᠵᠦ᠂ ᠪᠠᠷᠳᠠᠭ᠎ᠠ ᠬᠠᠶᠢᠨ ᠣᠷᠭᠢᠯᠤᠮ᠎ᠠ ᠰᠡᠳᠬᠢᠯᠭᠡ ᠪᠠᠨ ᠬᠥᠭᠵᠢᠭᠡᠵᠦ ᠪᠣᠯᠣᠨ᠎ᠠ᠃
    ᠬᠠᠶ᠋ᠢᠭ᠄ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠰᠤᠨᠳᠤᠤ ᠰᠤᠮᠤ ᠶᠢᠨ ᠴᠧ ᠵᠢᠶᠠ ᠶᠢᠨ ᠲᠤᠪᠤ ᠲᠣᠰᠬᠤᠨ     ᠵᠤᠭ᠎ᠠ ᠴᠡᠩᠭᠡᠯ ᠤᠨ ᠲᠥᠷᠥᠯ ᠵᠦᠢᠯ᠄ ᠮᠣᠷᠢ ᠲᠡᠮᠡᠭᠡ ᠤᠨᠤᠬᠤ᠂ ᠡᠯᠡᠰᠦᠨ ᠴᠥᠯ ᠤᠨ ᠬᠡᠭᠡᠷᠯᠡᠨ ᠤᠷᠤᠯᠳᠤᠬᠤ ᠲᠡᠷᠭᠡ᠂ ᠡᠯᠡᠰᠦᠨ ᠴᠥᠯ ᠤᠨ ᠯᠤᠤᠲᠤ ᠣᠩᠭᠤᠴᠠ ᠪᠠ UTV ᠬᠡᠭᠡᠷᠯᠡᠨ ᠤᠷᠤᠯᠳᠤᠬᠤ ᠲᠡᠷᠭᠡᠨ ᠳᠤ ᠰᠠᠭᠤᠬᠤ᠂ ᠡᠯᠡᠰᠦᠨ᠎ᠡ ᠭᠤᠯᠭᠤᠬᠤ ᠵᠡᠷᠭᠡ    ᠣᠨᠴᠠᠯᠢᠭᠲᠤ ᠢᠳᠡᠭᠡᠨ ᠤᠮᠳᠠᠭᠠᠨ᠄ ᠰᠢᠷᠣᠢ ᠶᠢᠨ ᠤᠭᠤᠷᠭᠠᠶ ᠶᠢᠨ ᠰᠢᠷᠠᠭᠰᠠᠨ ᠭᠠᠯᠠᠭᠤ᠂ ᠰᠢᠷᠠᠭᠰᠠᠨ ᠭᠠᠯᠠᠭᠤᠨ ᠥᠨᠳᠡᠭᠡ᠂ ᠣᠨᠴᠠᠯᠢᠭᠲᠤ ᠰᠢᠷᠠᠭᠰᠠᠨ ᠪᠦᠬᠦᠯᠢ ᠬᠤᠨᠢ᠂ ᠰᠢᠷᠠᠭᠰᠠᠨ ᠭᠡᠳᠡᠰᠦ ᠵᠡᠷᠭᠡ    ᠣᠨᠴᠠᠯᠢᠭᠲᠤ ᠣᠷᠣᠨ ᠰᠠᠭᠤᠴᠠ᠄ ᠣᠨᠴᠠᠯᠢᠭᠲᠤ ᠮᠣᠩᠭᠤᠯ ᠭᠡᠷ᠂ ᠮᠠᠰᠢᠨ ᠲᠡᠷᠭᠡᠨ ᠤ ᠪᠠᠭᠤᠳᠠᠯ᠂ ᠭᠡᠷ ᠲᠡᠷᠭᠡ᠂ ᠬᠡᠭᠡᠨᠴᠢᠷ ᠮᠣᠳᠣᠨ ᠪᠠᠶᠢᠰᠢᠩ ᠤᠨ ᠵᠤᠰᠠᠯᠠᠩ᠂ ᠱᠦᠢᠨᠢ ᠬᠤᠭᠤᠯᠠᠢ ᠶᠢᠨ ᠪᠠᠭᠤᠳᠠᠯ᠂ ᠴᠢᠩᠭᠡᠯᠢᠭ ᠤᠨ ᠪᠠᠭᠤᠳᠠᠯ ᠵᠡᠷᠭᠡ     ᠴᠡᠴᠡᠷᠯᠢᠭ ᠨᠡᠬᠡᠭᠡᠬᠦ ᠴᠠᠭ᠄ 4 ᠰᠠᠷ᠎ᠠ ᠶᠢᠨ ᠰᠢᠨᠡᠳ ᠠᠴᠠ 10 ᠰᠠᠷ᠎ᠠ ᠶᠢᠨ ᠳᠤᠮᠳᠠᠴᠢ ᠪᠣᠯᠲᠠᠯ᠎ᠠ     ᠡᠭᠦᠳᠡᠨ ᠪᠢᠯᠧᠲ ᠤᠨ ᠦᠨ᠎ᠡ᠄ 60 ᠲᠥᠭᠦᠷᠢᠭ\ ᠬᠥᠮᠥᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号