ᠮᠣᠩᠭᠤᠯ ᠬᠡᠷ ᠵᠢᠴᠢ ᠲᠡᠬᠦᠨ ᠢ ᠬᠢᠬᠦ ᠤᠷ᠎ᠠ ᠮᠡᠷᠭᠡᠵᠢᠯ ᠪᠣᠯ ᠮᠣᠩᠭᠤᠯ ᠦᠨᠳᠦᠰᠦᠲᠡᠨ ᠤ ᠨᠡᠭᠦᠳᠡᠯ ᠮᠠᠯᠵᠢᠯ ᠤᠨ | ᠰᠣᠶᠣᠯ ᠤᠨ ᠴᠢᠬᠤᠯᠠ ᠪᠦᠷᠢᠯᠳᠦᠬᠦᠨ ᠬᠡᠰᠡᠭ ᠮᠥᠨ᠂ ᠮᠣᠩᠭᠤᠯ ᠬᠡᠷ ᠬᠢᠬᠦ ᠥᠪᠡᠷᠮᠢᠴᠡ ᠤᠷ᠎ᠠ ᠮᠡᠷᠭᠡᠵᠢᠯ ᠨᠢ | ᠮᠣᠩᠭᠤᠯ ᠦᠨᠳᠦᠰᠦᠲᠡᠨ ᠤ ᠭᠤᠸ᠎ᠠ ᠰᠠᠶᠢᠬᠠᠨ ᠤ ᠦᠵᠡᠯᠲᠡ᠂ ᠬᠡᠲᠦ᠋ᠢᠳᠦᠭᠰᠡᠨ ᠤᠷ᠎ᠠ ᠴᠢᠳᠠᠪᠤᠷᠢ ᠪᠠ ᠦᠢᠯᠡᠳᠦᠨ | ᠪᠦᠲᠦᠭᠡᠬᠦ ᠴᠢᠳᠠᠪᠤᠷᠢ ᠶᠢ ᠢᠯᠡᠷᠡᠭᠦᠯᠵᠦ ᠪᠠᠶᠢᠳᠠᠭ᠃ ᠲᠡᠷᠡ ᠨᠢ ᠤᠷᠳᠤ ᠬᠤᠭᠤᠴᠠᠭᠠᠨ ᠤ ᠦᠢᠯᠡᠳᠪᠦᠷᠢᠯᠡᠯ ᠤᠨ | ᠲᠡᠮᠡᠴᠡᠯ᠂ ᠠᠮᠢᠳᠤᠷᠠᠯ ᠤᠨ ᠦᠢᠯᠡᠳᠦᠯᠭᠡ ᠶᠢᠨ ᠳᠤᠮᠳᠠ ᠬᠤᠷᠠᠮᠳᠤᠨ ᠪᠦᠷᠢᠯᠳᠦᠵᠦ᠂ ᠪᠠᠶᠢᠭᠠᠯᠢ ᠶᠢᠨ ᠣᠷᠴᠢᠨ | ᠠᠬᠤᠢ ᠲᠠᠢ ᠵᠣᠬᠢᠴᠠᠯᠳᠤᠵᠤ᠂ ᠥᠪᠡᠷᠮᠢᠴᠡ ᠣᠨᠴᠠᠯᠢᠭ ᠪᠦᠬᠦᠢ ᠣᠷᠣᠨ ᠨᠤᠲᠤᠭ ᠤᠨ ᠰᠣᠶᠣᠯ ᠤᠨ ᠬᠡᠪ ᠨᠠᠮᠪᠠ ᠪᠠ | ᠣᠷᠣᠯᠠᠭᠤᠯᠵᠤ ᠪᠣᠯᠤᠰᠢ ᠦᠭᠡᠢ ᠦᠵᠡᠮᠦᠷᠢ ᠶᠢᠨ ᠦᠨ᠎ᠡ ᠦᠷᠳᠡᠭ ᠲᠠᠢ ᠪᠠᠶᠢᠳᠠᠭ᠂ ᠡᠭᠦᠨ ᠤ ᠬᠠᠮᠲᠤ᠂ ᠮᠣᠩᠭᠤᠯ | ᠭᠡᠷ ᠬᠢᠬᠦ ᠤᠷ᠎ᠠ ᠮᠡᠷᠭᠡᠵᠢᠯ ᠨᠢ ᠪᠠᠰᠠ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠨᠡᠷᠡᠰ ᠤᠨ | ᠵᠢᠭᠰᠠᠭᠠᠯᠲᠠ ᠳᠤ ᠤᠷᠤᠭᠰᠠᠨ ᠬᠤᠶᠠᠳᠤᠭᠠᠷ ᠪᠦᠯᠦᠭ ᠤᠨ ᠤᠯᠠᠮᠵᠢᠯᠠᠯᠲᠤ ᠤᠷ᠎ᠠ ᠮᠡᠷᠭᠡᠵᠢᠯ ᠪᠣᠯᠤᠨ᠎ᠠ᠂ ᠡᠨᠡ ᠨᠢ | ᠮᠥᠨ ᠴᠦ ᠲᠡᠭᠦᠨ ᠤ ᠥᠪᠡᠷᠮᠢᠴᠡ ᠣᠨᠴᠠᠯᠢᠭ ᠪᠠ ᠤᠯᠠᠮᠵᠢᠯᠠᠨ ᠵᠠᠯᠭᠠᠮᠵᠢᠯᠠᠬᠤ ᠴᠢᠬᠤᠯᠠ ᠴᠢᠨᠠᠷ ᠲᠠᠢ ᠪᠠᠶᠢᠳᠠᠭ ᠢ | ᠭᠡᠷᠡᠴᠢᠯᠡᠵᠦ ᠪᠠᠶᠢᠨ᠎ᠠ᠃ |  ᠮᠣᠩᠭᠤᠯ ᠭᠡᠷ ᠢ ᠨᠡᠭᠦᠳᠡᠯ ᠮᠠᠶ᠋ᠢᠭ ᠤᠨ ᠪᠠ ᠰᠠᠭᠤᠷᠢᠰᠢᠯ ᠮᠠᠶ᠋ᠢᠭ ᠤᠨ ᠭᠡᠵᠦ ᠬᠤᠶᠠᠷ ᠵᠦᠢᠯ ᠬᠤᠪᠢᠶᠠᠳᠠᠭ᠃ | ᠮᠠᠯᠵᠢᠬᠤ ᠣᠷᠣᠨ ᠤ ᠬᠢᠨ ᠨᠡᠭᠦᠳᠡᠯ ᠮᠠᠶ᠋ᠢᠭ ᠤᠨ ᠮᠤᠩᠭᠤᠯ ᠭᠡᠷ ᠢ ᠢᠯᠡᠭᠦᠦ ᠭᠡᠷᠡᠭᠯᠡᠳᠡᠭ᠃ ᠶᠡᠷᠦ ᠳᠡᠭᠡᠨ ᠮᠤᠩᠭᠤᠯ | ᠭᠡᠷ ᠤᠨ ᠥᠨᠳᠥᠷ ᠨᠢ ᠪᠠᠷᠤᠭ 2.5 ᠮᠧᠳ᠋ᠷ᠂ ᠳ᠋ᠢᠶᠠᠮᠧᠳ᠋ᠷ ᠨᠢ 4 ᠮᠧᠳ᠋ᠷ ᠪᠠᠶᠢᠳᠠᠭ᠃ ᠭᠡᠷ ᠤᠨ ᠣᠷᠣᠢ ᠶᠢᠨ | ᠲᠣᠭᠤᠷᠢᠭ ᠬᠡᠯᠪᠡᠷᠢ ᠶᠢᠨ ᠲᠤᠭᠤᠨᠤ ᠪᠠᠷ ᠨᠢ ᠤᠲᠤᠭ᠎ᠠ ᠰᠤᠭᠤᠨᠠᠬᠯᠠᠳᠠᠭ ᠪᠠᠶᠢᠨ᠎ᠠ᠃ ᠮᠤᠩᠭᠤᠯ ᠭᠡᠷ ᠢᠶᠠᠨ ᠡᠮᠦᠨᠡᠰᠢ | ᠪᠤᠶᠤ ᠵᠡᠭᠦᠨ ᠡᠮᠦᠨᠡᠰᠢ ᠬᠠᠨᠳᠤᠭᠤᠯᠤᠨ ᠪᠠᠷᠢᠳᠠᠭ᠃ ᠮᠣᠩᠭᠤᠯ ᠭᠡᠷ ᠤᠨ ᠭᠤᠤᠯ ᠪᠦᠳᠦᠴᠡ ᠨᠢ ᠬᠠᠨ᠎ᠠ ᠤᠨᠢ | ᠲᠤᠭᠤᠨᠤ᠂ ᠢᠰᠡᠭᠡᠢ ᠪᠦᠷᠢᠶᠡᠰᠦ᠂ ᠣᠭᠤᠰᠣᠷ ᠪᠦᠰᠡᠯᠡᠭᠦᠷ ᠭᠤᠷᠪᠠ ᠪᠠᠷ ᠪᠦᠷᠢᠯᠳᠦᠳᠡᠭ᠃ ᠲᠡᠭᠦᠨ ᠢ ᠬᠢᠬᠦ ᠳᠤ | ᠱᠦᠢᠨᠢ᠂ ᠰᠢᠪᠠᠷ᠂ ᠸᠠᠭᠠᠷ ᠲᠣᠭᠤᠰᠬ᠎ᠠ ᠬᠡᠷᠡᠭᠯᠡᠳᠡᠭ ᠦᠭᠡᠢ᠂ ᠬᠠᠷᠢᠨ ᠮᠣᠳᠣ ᠪᠢᠰᠢ ᠪᠣᠯ ᠤᠩᠭᠠᠰᠤ ᠨᠣᠣᠰᠣ ᠪᠠᠷ | ᠲᠦᠭᠦᠬᠡᠢ ᠡᠳ᠋ ᠪᠤᠯᠭᠠᠳᠠᠭ᠂ ᠡᠭᠦᠨ ᠢ ᠪᠠᠷᠢᠯᠭ᠎ᠠ ᠶᠢᠨ ᠲᠡᠦᠬᠡᠨ ᠳᠡᠭᠡᠷᠡᠬᠢ ᠭᠠᠶᠢᠬᠠᠮᠰᠢᠭᠲᠤ ᠦᠵᠡᠭᠳᠡᠯ᠂ ᠨᠡᠭᠦᠳᠡᠯᠯᠡᠨ | ᠮᠠᠯᠵᠢᠳᠠᠭ ᠦᠨᠳᠦᠰᠦᠲᠡᠨ ᠤ ᠨᠢᠭᠡᠨ ᠶᠡᠭᠡ ᠬᠤᠪᠢ ᠨᠡᠮᠡᠷᠢ ᠭᠡᠵᠦ ᠬᠡᠯᠡᠵᠦ ᠪᠣᠯᠤᠨ᠎ᠠ᠃ ᠮᠣᠩᠭᠤᠯ ᠭᠡᠷ ᠤᠨ ᠬᠡᠯᠪᠡᠷᠢ | ᠲᠦᠷᠰᠦ ᠨᠢ ᠲᠡᠭᠦᠰ ᠠᠮᠤᠭᠤᠯᠠᠩ ᠪᠦᠷᠢᠨ ᠪᠦᠲᠦᠨ ᠤ ᠪᠡᠯᠭᠡᠳᠡᠯ ᠪᠤᠯᠬᠤ ᠶᠤᠮ᠃ ᠮᠣᠩᠭᠤᠯ ᠭᠡᠷ ᠤᠨ ᠬᠡᠯᠪᠡᠷᠢ | ᠳᠦᠷᠰᠦ ᠨᠢ ᠨᠢᠭᠡ ᠲᠠᠯ᠎ᠠ ᠪᠠᠷ ᠪᠤᠳ᠋ᠳ᠋ᠾᠠ ᠶᠢᠨ ᠱᠠᠰᠢᠨ ᠤ ᠰᠣᠶᠣᠯ ᠤᠨ ᠨᠥᠯᠥᠭᠡ ᠶᠢ ᠬᠦᠷᠳᠡᠭᠰᠡᠨ ᠢᠶᠠᠷ ᠨᠠᠢᠮᠠᠨ | ᠡᠷᠳᠡᠨᠢ ᠶᠢ ᠮᠣᠩᠭᠤᠯ ᠭᠡᠷ ᠤᠨ ᠪᠡᠯᠭᠡᠳᠡᠯ ᠪᠣᠯᠭᠠᠵᠤ᠂ ᠨᠠᠢᠮᠠᠨ ᠡᠷᠳᠡᠨᠢ ᠶᠢ ᠥᠯᠵᠠᠢ ᠪᠡᠯᠭᠡ ᠠᠮᠤᠷ ᠠᠮᠤᠭᠤᠯᠠᠩ ᠤᠨ | ᠪᠡᠯᠭᠡᠳᠡᠯ ᠭᠡᠵᠦ ᠦᠵᠡᠳᠡᠭ᠃ | ᠮᠣᠩᠭᠤᠯ ᠭᠡᠷ ᠪᠠᠷᠢᠬᠤ ᠳᠤ ᠡᠩ ᠲᠡᠷᠢᠬᠦᠨ ᠳᠤ ᠭᠠᠵᠠᠷ ᠰᠤᠩᠭᠤᠳᠠᠭ᠂ ᠰᠤᠩᠭᠤᠬᠰᠠᠨ ᠭᠠᠵᠠᠷ ᠲᠠᠭᠠᠨ | ᠮᠤᠩᠭᠤᠯ ᠭᠡᠷ ᠢᠶᠠᠨ ᠪᠠᠷᠢᠬᠤ ᠳᠤ ᠤᠷᠢᠳᠠᠪᠠᠷ ᠲᠣᠭᠤᠨᠣ ᠪᠠᠨ ᠭᠤᠣᠯ ᠳᠤᠮᠳᠠ ᠨᠢ ᠪᠤᠰᠬᠠᠨ ᠲᠠᠯᠪᠢᠵᠦ᠂ ᠲᠠᠷᠠᠭ᠎ᠠ ᠨᠢ | ᠡᠭᠦᠳᠡ ᠪᠠᠨ ᠡᠮᠦᠨ᠎ᠡ ᠲᠠᠯ᠎ᠠ ᠳᠤᠨᠢ ᠲᠠᠯᠪᠢᠵᠤ᠂ ᠬᠠᠨ᠎ᠠ ᠪᠠᠨ ᠵᠠᠪᠠᠯ ᠴᠠᠭ ᠤᠨ ᠵᠡᠬᠦᠦ ᠡᠷᠬᠢᠯᠳᠡ ᠶᠢᠨ ᠲᠠᠭᠠᠤ | ᠲᠤᠭᠤᠷᠢᠭᠤᠯᠤᠨ ᠬᠦᠷᠢᠶᠡᠯᠡᠬᠦᠯᠵᠦ ᠪᠠᠷᠢᠬᠰᠠᠨ ᠤ ᠲᠠᠷᠠᠭ᠎ᠠ ᠨᠢ ᠬᠢᠯᠭᠠᠰᠤᠨ ᠪᠦᠰᠡᠯᠡᠬᠦᠷ ᠢᠶᠠᠷ ᠢᠶᠠᠨ ᠲᠠᠲᠠᠵᠤ ᠤᠶᠠᠨ᠎ᠠ᠂ | ᠲᠠᠳᠠᠵᠤ ᠤᠶᠠᠬᠤ ᠳᠠᠭᠠᠨ ᠪᠦᠰᠡᠯᠡᠬᠦᠷ ᠤᠨ ᠲᠡᠭᠡᠰᠦ ᠪᠠᠨ ᠤᠷᠢᠶᠠᠯᠳᠤᠭᠤᠯᠬᠤ ᠦᠭᠡᠢ ᠪᠠᠷ ᠠᠰᠬᠠᠨ ᠤᠶᠠᠬᠤ ᠶᠢ | ᠬᠢᠴᠢᠶᠡᠬᠦ ᠬᠡᠷᠡᠭᠳᠡᠢ᠂ ᠮᠣᠩᠭᠤᠯᠴᠤᠳ ᠪᠦᠰᠡᠯᠡᠬᠦᠷ ᠳᠡᠭᠡᠰᠦ ᠶᠢ ᠤᠷᠢᠶᠠᠯᠳᠤᠭᠤᠯᠤᠨ ᠤᠶᠠᠬᠤ ᠳᠤ ᠬᠦᠷᠪᠡᠯ ᠭᠡᠷ | ᠪᠦᠯᠢ ᠶᠢᠨ ᠡᠶ᠎ᠡ ᠨᠠᠶᠢᠷ ᠢ ᠨᠥᠯᠥᠭᠡᠯᠡᠨ᠎ᠡ ᠭᠡᠵᠦ ᠦᠵᠡᠵᠦ᠂ ᠪᠦᠰᠡᠯᠡᠬᠦᠷ ᠢ ᠠᠰᠬᠠᠨ ᠤᠶᠠᠬᠤ ᠶᠢ ᠡᠷᠬᠢᠮᠯᠡᠳᠡᠭ᠂ ᠡᠨᠡ | ᠪᠣᠯ ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠤᠯᠠᠮᠵᠢᠯᠠᠯᠲᠤ ᠶᠣᠰᠣ ᠪᠤᠯᠬᠤ ᠶᠤᠮ᠃ ᠤᠳᠤ ᠪᠣᠯᠲᠠᠯ᠎ᠠ | ᠤᠯᠠᠮᠵᠢᠯᠠᠨ ᠭᠡᠷᠡᠭᠯᠡᠭᠰᠡᠭᠡᠷ ᠪᠠᠶᠢᠨ᠎ᠠ᠃ | ᠮᠣᠩᠭᠤᠯ ᠭᠡᠷ ᠨᠢ ᠮᠣᠳᠣ᠂ ᠤᠩᠭᠠᠰᠤ ᠬᠢᠯᠭᠠᠰᠤᠨ ᠳᠡᠭᠡᠰᠦ᠂ ᠢᠰᠡᠭᠡᠢ ᠭᠤᠷᠪᠡ ᠪᠠᠷ ᠮᠠᠲ᠋ᠧᠷᠢᠶᠠᠯ ᠪᠤᠯᠭᠠᠵᠤ᠂ | ᠲᠣᠭᠤᠨᠣ᠂ ᠤᠨᠢ᠂ ᠬᠠᠨ᠎ᠠ ᠭᠤᠷᠪᠡ ᠪᠠᠷ ᠪᠦᠷᠢᠯᠳᠦᠭᠰᠡᠨ ᠭᠤᠷᠮᠤᠰᠤᠨ ᠴᠤᠬᠴᠠᠳᠤ ᠮᠤᠳᠤᠨ ᠪᠦᠳᠦᠴᠡ ᠲᠠᠢ | ᠪᠠᠶᠢᠳᠠᠭ᠂ ᠮᠣᠩᠭᠤᠯ ᠭᠡᠷ ᠤᠨ ᠬᠠᠨ᠎ᠠ ᠶᠢᠨ ᠰᠤᠯᠪᠢᠴᠠᠬᠰᠠᠨ ᠭᠡᠯᠪᠡᠷᠢ ᠨᠢ ᠥᠯᠵᠠᠢ ᠵᠠᠩᠭᠢᠶᠡ ᠲᠠᠢ ᠠᠳᠠᠯᠢ ᠪᠠᠶᠢᠳᠠᠭ᠂ | ᠲᠡᠷᠡ ᠨᠢ ᠤᠶᠤᠨ ᠤᠬᠠᠭᠠᠨ᠂ ᠥᠨᠢ ᠮᠥᠩᠬᠡ ᠶᠢᠨ ᠪᠡᠯᠭᠡᠳᠡᠯ ᠪᠤᠯᠬᠤ ᠪᠦᠭᠡᠳ ᠪᠦᠭᠡᠳ ᠮᠣᠩᠭᠤᠯᠴᠤᠳ ᠤᠨ | ᠰᠣᠶᠣᠯ ᠤᠨ ᠤᠬᠠᠮᠰᠠᠷ ᠲᠠᠬᠢ ᠥᠯᠵᠠᠢ ᠵᠠᠩᠭᠢᠶᠡ ᠨᠢ ᠠᠵᠠ ᠵᠢᠷᠭᠠᠯ ᠤᠨ ᠪᠡᠯᠭᠡᠳᠡᠯ ᠪᠤᠯᠬᠤ ᠶᠤᠮ᠃ ᠡᠷᠥᠭᠡ ︵ | ᠲᠣᠭᠤᠨᠣ ᠶᠢ ᠬᠤᠴᠢᠳᠠᠭ︶᠂ ᠳᠡᠭᠡᠪᠦᠷ ︵ᠤᠨᠢ ᠶᠢ ᠬᠤᠴᠢᠳᠠᠭ︶᠂ ᠲᠤᠭᠤᠷᠭ᠎ᠠ ︵ᠬᠠᠨ᠎ᠠ ᠶᠢ ᠪᠦᠷᠢᠳᠡᠭ︶ | ᠭᠤᠷᠪᠡ ᠪᠠᠷ ᠪᠦᠷᠢᠯᠳᠦᠭᠰᠡᠨ ᠭᠤᠷᠮᠤᠰᠤᠨ ᠴᠤᠬᠴᠠᠳᠤ ᠪᠦᠷᠢᠶᠡᠰᠦ ᠨᠢ ᠤᠮᠠᠷᠠᠲᠤ ᠶᠢᠨ ᠠᠭᠤᠷ ᠠᠮᠢᠰᠬᠤᠯ ᠪᠠ | ᠨᠡᠭᠦᠳᠡᠯᠯᠡᠨ ᠮᠠᠯᠵᠢᠬᠤ ᠳᠤ ᠬᠠᠮᠤᠭ ᠲᠣᠬᠢᠷᠠᠮᠵᠢᠲᠠᠢ ᠥᠪᠡᠷᠮᠢᠴᠡ ᠣᠷᠣᠨ ᠰᠠᠭᠤᠴᠠ ᠪᠣᠯᠤᠭᠰᠠᠨ ᠪᠠᠶᠢᠨ᠎ᠠ᠃ | ᠲᠡᠷᠡ ᠨᠢ ᠦᠨᠳᠦᠰᠦᠨ ᠳᠡᠭᠡᠨ ᠨᠢᠭᠡ ᠵᠦᠢᠯ ᠤᠨ ︽ᠭᠤᠷᠮᠤᠰᠤᠨ ᠭᠡᠰᠡᠭ ᠢᠶᠠᠷ ᠪᠦᠷᠢᠯᠳᠦᠭᠰᠡᠨ︾ ᠭᠡᠷ ᠪᠠᠶᠢᠰᠢᠩ | ᠪᠤᠯᠬᠤ ᠪᠦᠭᠡᠳ ᠰᠠᠯᠭᠠᠵᠤ ᠪᠭᠤᠯᠭᠠᠵᠤ ᠪᠤᠯᠳᠠᠭ᠂ ᠮᠠᠲ᠋ᠧᠷᠢᠶᠠᠯ ᠨᠢ ᠴᠤ ᠬᠦᠡᠭᠭᠡᠨ ᠮᠦᠷᠳᠡᠭᠡᠨ ᠠᠪᠴᠤ ᠶᠠᠪᠤᠬᠤ ᠳᠤ | ᠲᠦᠬᠦᠮ ᠬᠢᠯᠪᠡᠷ ᠪᠠᠶᠢᠵᠤ᠂ ᠲᠠᠬᠢᠨ ᠳᠠᠪᠲᠠᠨ ᠬᠡᠷᠡᠭᠯᠡᠵᠦ ᠪᠤᠯᠳᠠᠭ᠂ ᠡᠶᠢᠮᠦ ᠠᠴᠠ ᠪᠠᠷᠢᠬᠤ᠂ ᠪᠠᠭᠤᠯᠭᠠᠬᠤ᠂ | ᠨᠡᠭᠦᠯᠭᠡᠬᠦ᠂ ᠵᠠᠰᠠᠵᠤ ᠰᠡᠯᠪᠢᠬᠦ ᠳᠤ ᠴᠥᠮ ᠮᠠᠰᠢ ᠲᠦᠭᠦᠮ ᠪᠠᠶᠢᠳᠠᠭ᠃ | ᠮᠣᠩᠭᠤᠯ ᠭᠡᠷ ᠬᠢᠬᠦ ᠤᠷ᠎ᠠ ᠮᠡᠷᠭᠡᠵᠢᠯ ᠨᠢ ᠮᠣᠳᠣ᠂ ᠢᠰᠡᠭᠡᠢ ᠪᠦᠷᠢᠶᠡᠰᠦ᠂ ᠵᠠᠰᠠᠯ ᠴᠢᠮᠡᠭᠯᠡᠯ ᠬᠢᠬᠦ ᠵᠡᠷᠭᠡ | ᠠᠵᠢᠯ ᠢᠶᠠᠷ ᠪᠦᠷᠢᠯᠳᠦᠵᠦ᠂ ᠮᠤᠳᠤᠨ ᠠᠵᠢᠯ ᠬᠢᠬᠦ᠂ ᠬᠠᠳᠬᠤᠮᠠᠯᠯᠠᠬᠤ᠂ ᠰᠡᠶᠢᠯᠬᠦ᠂ ᠵᠢᠷᠤᠬᠤ᠂ ᠰᠦᠯᠵᠢᠬᠦ ᠵᠡᠷᠭᠡ | ᠠᠵᠢᠯ ᠢᠶᠠᠷ ᠭᠤᠣᠯᠯᠠᠭᠤᠯᠵᠤ᠂ ᠮᠣᠩᠭᠤᠯ ᠠᠷᠠᠳ ᠤᠨ ᠭᠠᠷ ᠤᠷᠠᠯᠠᠯ ᠤᠨ ᠤᠷ᠎ᠠ ᠮᠡᠷᠭᠡᠵᠢᠯ ᠢ ᠪᠦᠷᠢᠯᠳᠦᠭᠦᠯᠦᠭᠰᠡᠨ | ᠪᠠᠶᠢᠳᠠᠭ᠃ ᠲᠠᠯ᠎ᠠ ᠨᠤᠲᠤᠭ ᠲᠤ ᠮᠣᠩᠭᠤᠯ ᠭᠡᠷ ᠤᠨ ᠶᠡᠭᠡ ᠪᠠᠭ᠎ᠠ ᠶᠢ ᠬᠠᠨ᠎ᠠ ᠶᠢᠨ ᠤᠯᠠᠨ ᠴᠦᠭᠡᠨ ᠢᠶᠠᠷ ᠨᠢ 4᠂ 6 | ᠂ 8᠂ 10 ᠪᠠ 12 ᠬᠠᠨ᠎ᠠ ᠭᠡᠵᠦ ᠬᠤᠪᠢᠶᠠᠳᠠᠭ᠃ | ᠶᠠᠩᠵᠤ ᠪᠦᠷᠢ ᠶᠢᠨ ᠬᠡᠪ ᠨᠠᠮᠪᠠ ᠲᠠᠢ ᠮᠣᠩᠭᠤᠯ ᠭᠡᠷ ᠵᠢᠴᠢ ᠲᠡᠭᠦᠨ ᠢ ᠬᠢᠬᠦ ᠤᠷ᠎ᠠ ᠮᠡᠷᠭᠡᠵᠢᠯ ᠪᠣᠯ ᠮᠣᠩᠭᠤᠯ | ᠦᠨᠳᠦᠰᠦᠲᠡᠨ ᠤ ᠨᠡᠭᠦᠳᠡᠯ ᠰᠣᠶᠣᠯ ᠤᠨ ᠴᠢᠬᠤᠯᠠ ᠪᠦᠷᠢᠯᠳᠦᠬᠦᠨ ᠬᠡᠰᠡᠭ ᠮᠥᠨ᠂ ᠲᠡᠷᠡ ᠨᠢ ᠤᠷᠳᠤ | ᠬᠤᠭᠤᠴᠠᠭᠠᠨ ᠤ ᠦᠢᠯᠡᠳᠪᠦᠷᠢᠯᠡᠯ ᠤᠨ ᠲᠡᠮᠡᠴᠡᠯ᠂ ᠠᠮᠢᠳᠤᠷᠠᠯ ᠤᠨ ᠦᠢᠯᠡᠳᠦᠯᠭᠡ ᠳᠤᠮᠳᠠ ᠬᠤᠷᠠᠮᠳᠤᠨ ᠪᠦᠷᠢᠯᠳᠦᠵᠦ | ᠂ ᠪᠠᠶᠢᠭᠠᠯᠢ ᠶᠢᠨ ᠣᠷᠴᠢᠨ ᠲᠣᠭᠤᠷᠢᠨ ᠲᠠᠢ ᠵᠣᠬᠢᠴᠠᠭᠰᠠᠨ ᠥᠪᠡᠷᠮᠢᠴᠡ ᠣᠷᠣᠨ ᠨᠤᠲᠤᠭ ᠤᠨ ᠰᠣᠶᠣᠯ ᠤᠨ ᠬᠡᠪ | ᠨᠠᠮᠪᠠ ᠲᠠᠢ ᠪᠠᠶᠢᠳᠠᠭ᠃ ᠬᠠᠨ᠎ᠠ ᠨᠢ ᠰᠤᠨᠵᠤ ᠠᠪᠴᠢᠬᠤ ᠴᠢᠨᠠᠷᠲᠠᠢ᠂ ᠴᠢᠯᠥᠭᠡᠲᠡᠢ ᠬᠤᠪᠢᠷᠠᠵᠤ ᠴᠢᠳᠠᠳᠠᠭ᠂ ᠮᠣᠩᠭᠤᠯ | ᠭᠡᠷ ᠤᠨ ᠥᠨᠳᠥᠷ ᠪᠣᠭᠤᠨᠢ᠂ ᠶᠡᠭᠡ ᠪᠠᠭ᠎ᠠ ᠶᠢ ᠬᠡᠷᠡᠭᠴᠡᠭᠡ ᠪᠠᠷ ᠨᠢ ᠵᠣᠬᠢᠴᠠᠭᠤᠯᠵᠤ᠂ ᠪᠣᠷᠣᠭᠠᠨ ᠤ ᠤᠯᠠᠷᠢᠯ ᠪᠠ | ᠰᠠᠯᠬᠢᠨ ᠤ ᠤᠯᠠᠷᠢᠯ ᠤᠨ ᠠᠭᠤᠷ ᠠᠮᠢᠰᠬᠤᠯ ᠤᠨ ᠭᠡᠨᠡᠳᠲᠡ ᠶᠢᠨ ᠬᠤᠪᠢᠷᠠᠯᠲᠠ᠂ ᠣᠷᠣᠰᠢᠨ ᠰᠠᠭᠤᠬᠤ ᠬᠥᠮᠦᠨ | ᠠᠮᠠ ᠶᠢᠨ ᠨᠡᠮᠡᠭᠳᠡᠯ ᠬᠠᠰᠤᠭᠳᠠᠯ ᠵᠡᠷᠭᠡ ᠪᠠᠶᠢᠳᠠᠯ ᠢ ᠪᠦᠷ ᠠᠶᠠᠳᠠᠭᠠᠨ ᠲᠤᠬᠢᠷᠭᠤᠯᠤᠨ ᠰᠢᠢᠳᠪᠦᠷᠢᠯᠡᠵᠦ ᠴᠢᠳᠠᠳᠠᠭ᠃ | ᠲᠣᠭᠤᠷᠢᠭ ᠬᠡᠯᠪᠡᠷᠢ ᠶᠢᠨ ᠪᠦᠲᠦᠴᠡ ᠨᠢ ᠰᠠᠯᠬᠢ ᠪᠣᠷᠣᠭᠠᠨ ᠪᠣᠯᠤᠨ ᠰᠢᠷᠦᠢ ᠶᠢᠨ ᠰᠢᠭᠤᠷᠭ᠎ᠠ ᠮᠣᠩᠭᠤᠯ ᠬᠡᠷ ᠢ | ᠳᠠᠭᠠᠷᠢᠬᠤ ᠶᠢ ᠪᠠᠭᠠᠰᠬᠠᠵᠤ᠂ ᠮᠣᠩᠭᠤᠯ ᠤᠨ ᠥᠨᠳᠦᠷᠯᠢᠭ ᠤᠨ ᠬᠠᠬᠢᠷ ᠬᠦᠢᠳᠡᠨ᠂ ᠠᠭᠠᠭᠢᠮ᠎ᠠ ᠬᠠᠯᠠᠭᠤᠨ ᠡᠬᠡ | ᠭᠠᠵᠠᠷ ᠤᠨ ᠴᠢᠨᠠᠷᠲᠠᠶ ᠠᠭᠤᠷ ᠠᠮᠢᠰᠬᠤᠯ ᠳᠤ ᠨᠠᠩ ᠰᠠᠶᠢᠨ ᠵᠣᠬᠢᠴᠠᠵᠦ ᠪᠠᠶᠢᠳᠠᠭ᠃ ᠮᠣᠩᠭᠤᠯ ᠬᠡᠷ ᠪᠣᠯ | ᠨᠡᠭᠦᠳᠡᠯᠴᠢᠨ ᠦᠨᠳᠦᠰᠦᠲᠡᠨ ᠤ ᠬᠡᠷ ᠶᠤᠮ᠂ ᠮᠣᠩᠭᠤᠯ ᠬᠡᠷ ᠬᠢᠬᠦ ᠵᠠᠩ ᠳᠠᠳᠬᠠᠯ ᠨᠢᠭᠡᠪᠦᠷᠢ ᠨᠢ ᠴᠥᠮ ᠬᠡᠷ | ᠪᠦᠯᠢ ᠶᠢᠨ ᠵᠣᠯ ᠵᠢᠷᠭᠠᠯ ᠰᠠᠶᠢᠨ ᠰᠠᠶᠢᠬᠠᠨ ᠢ ᠵᠥᠩᠨᠡᠭᠰᠡᠨ ᠠᠩᠬᠠᠨ ᠤ ᠵᠥᠩᠨᠡᠯ ᠪᠠ ᠬᠦᠰᠡᠯ ᠡᠷᠡᠮᠡᠯᠵᠡᠯ ᠢ | ᠲᠥᠯᠥᠭᠡᠯᠡᠵᠦ ᠪᠠᠶᠢᠳᠠᠭ᠂ ᠡᠪᠡᠰᠦ ᠪᠡᠯᠴᠢᠭᠡᠷ ᠢᠶᠠᠨ ᠳᠠᠭᠠᠵᠤ ᠨᠡᠭᠦᠳᠡᠯᠯᠡᠳᠡᠭ ᠨᠡᠭᠦᠳᠡᠯᠴᠢᠨ ᠦᠨᠳᠦᠰᠦᠲᠡᠨ ᠢᠲᠡᠭᠡᠯ | ᠪᠢᠰᠢᠷᠡᠯ᠂ ᠤᠯᠠᠮᠵᠢᠯᠠᠯᠲᠤ ᠰᠣᠶᠣᠯ ᠤᠨ ᠪᠠᠲᠤ ᠰᠠᠬᠢᠯ ᠢᠶᠠᠷ ᠢᠶᠠᠨ ᠲᠡᠳᠡᠨ ᠤ ᠬᠡᠷ — ᠮᠤᠩᠭᠤᠯ ᠭᠡᠷ ᠢᠶᠠᠨ | ᠬᠤᠴᠢᠵᠤ᠂ ᠲᠡᠷᠡᠬᠦ ᠣᠷᠣᠨ ᠪᠠᠶᠢᠷᠢ ᠨᠢ ᠲᠤᠬᠳᠠᠪᠤᠷᠢ ᠥᠬᠡᠶ ᠨᠡᠭᠦᠳᠡᠯᠯᠡᠵᠦ ᠪᠠᠶᠢᠳᠠᠭ ᠬᠡᠷ ᠢᠶᠠᠨ ᠨᠠᠩ ᠢᠯᠡᠭᠦᠦ | ᠬᠡᠷ ᠤᠨ ᠳᠦᠷᠢ ᠲᠥᠷᠬᠦ ᠲᠠᠢ ᠪᠣᠯᠭᠠᠵᠠᠶ᠃ | ᠤᠷ᠎ᠠ ᠮᠡᠷᠭᠡᠵᠢᠯ ᠢᠶᠠᠷ ᠥᠪᠡᠷᠮᠢᠴᠡ᠂ ᠥᠨᠢ ᠤᠳᠠᠭᠠᠨ ᠤᠨ ᠤᠯᠠᠮᠵᠢᠯᠠᠭᠳᠠᠭᠰᠠᠭᠠᠷ ᠢᠷᠡᠭᠰᠡᠨ ᠮᠣᠩᠭᠤᠯ ᠬᠡᠷ | ᠬᠢᠬᠦ ᠤᠷ᠎ᠠ ᠮᠡᠷᠭᠡᠵᠢᠯ ᠨᠢ ᠮᠠᠰᠢ ᠥᠨᠳᠥᠷ ᠲᠡᠦᠬᠡ ᠰᠣᠶᠣᠯ ᠤᠨ ᠦᠨ᠎ᠡ ᠥᠷᠲᠡᠭ ᠲᠠᠢ ᠶᠤᠮ᠂ ᠣᠳᠣᠬᠠᠨ ᠳᠤ | ᠨᠡᠭᠦᠳᠡᠯ ᠮᠠᠯᠵᠢᠯ ᠤᠨ ᠠᠮᠢᠳᠤᠷᠠᠯ ᠨᠢ ᠠᠭᠠᠵᠢᠮ ᠢᠶᠠᠷ ᠰᠠᠭᠤᠷᠢᠰᠢᠨ ᠠᠮᠢᠳᠤᠷᠠᠬᠤ ᠪᠣᠯᠵᠣ ᠬᠤᠪᠢᠷᠬᠠᠰᠠᠨ ᠤ ᠳᠠᠷᠠᠭ᠎ᠠ᠂ | ᠮᠣᠩᠭᠤᠯ ᠬᠡᠷ ᠤᠨ ᠣᠯᠠᠩᠬᠢ ᠶᠢ ᠨᠢ ᠥᠪᠥᠷ ᠮᠣᠩᠭᠤᠯ ᠤᠨ ᠲᠠᠯ᠎ᠠ ᠨᠤᠲᠤᠭ ᠤᠨ ᠵᠢᠭᠤᠯᠴᠢᠯᠠᠯ ᠤᠨ ᠣᠷᠣᠨ ᠳᠤ | ᠬᠡᠷᠡᠭᠯᠡᠵᠦ᠂ ᠤᠨᠴᠠᠯᠢᠬᠳᠤ ᠵᠢᠭᠤᠯᠴᠢᠯᠠᠯ ᠤᠨ ᠦᠢᠯᠡᠰ ᠢ ᠬᠥᠭᠵᠢᠭᠦᠯᠵᠦ᠂ ᠵᠢᠭᠤᠯᠴᠢᠯᠠᠭᠴᠢᠳ ᠤᠨ ᠰᠣᠨᠢᠷᠬᠠᠨ | ᠪᠠᠶᠠᠴᠢᠯᠡᠨ ᠤᠶᠢᠯᠠᠭᠠᠬᠤ ᠳᠤ ᠭᠡᠷᠡᠭᠯᠡᠵᠦ ᠪᠠᠶᠢᠨ᠎ᠠ᠃ | ᠢᠷᠡᠯᠲᠡ᠄ ᠥᠪᠥᠷ ᠮᠣᠩᠭᠤᠯ ᠤᠨ ᠰᠣᠶᠣᠯ ᠪᠠ ᠵᠢᠭᠤᠯᠴᠢᠯᠠᠯ ᠤᠨ ᠲᠢᠩᠬᠢᠮ | | | |