ᠡᠴᠢᠭᠡ ᠡᠭᠡ ᠪᠤᠯᠤᠭᠰᠠᠳ ᠦᠷ᠎ᠠ ᠭᠡᠦᠭᠡᠳ ᠢᠶᠠᠨ ᠬᠤᠵᠢᠮ ᠦᠭᠡᠳᠡ ᠲᠠᠢ ᠬᠡᠢᠮᠦᠷᠢ ᠲᠠᠢ ᠬᠢᠯᠠᠷᠠᠭᠤᠯᠵᠤ | ᠶᠠᠪᠤᠬᠤ ᠶᠢ ᠬᠦᠰᠡᠳᠡᠭ᠃ ᠡᠭᠦᠨ ᠳᠤ ᠵᠠᠷᠢᠮ ᠬᠡᠷ ᠤᠨ ᠠᠬᠠᠮᠠᠳ ᠬᠡᠦᠭᠡᠳ ᠢᠶᠠᠨ ᠬᠤᠵᠢᠮ ᠬᠠᠤᠯᠢᠴᠢ ᠪᠤᠯᠬᠤ᠂ | ᠲᠠᠷᠤᠭ᠎ᠠ ᠤᠳᠤᠷᠢᠳᠤᠯᠭ᠎ᠠ ᠪᠤᠯᠬᠤ ᠶᠢ ᠬᠦᠰᠡᠳᠡᠭ᠂ ᠲᠠᠷᠠᠴᠢᠯᠠᠨ ᠲᠡᠭᠡᠵᠦ ᠱᠠᠭᠠᠷᠳᠠᠳᠠᠭ᠃ ᠲᠠ ᠬᠡᠷᠪᠡ ᠦᠨᠡᠭᠡᠷ | ᠲᠡᠭᠡᠵᠦ ᠬᠦᠰᠡᠵᠦ ᠲᠡᠭᠡᠵᠦ ᠱᠠᠭᠠᠷᠳᠠᠳᠠᠭ ᠪᠤᠯ ᠡᠨᠡ ᠲᠠᠯ᠎ᠠ ᠪᠠᠷ ᠬᠠᠷᠢᠨ ᠠᠩᠬᠠᠷᠤᠭᠤᠯᠤᠭᠰᠠᠨ ᠵᠦᠢᠯ ᠪᠤᠶᠤ | ᠰᠤᠳᠤᠯᠤᠭᠰᠠᠨ ᠵᠦᠢᠯ ᠤᠯᠠᠨ ᠪᠠᠢᠳᠠᠭ ᠭᠡᠮᠡᠨ ᠰᠠᠨᠠᠭᠤᠯᠤᠶ᠎ᠠ᠃ | ︽ᠠᠪᠤ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠬᠡᠳᠡᠭ᠃ ᠠᠪᠤ ᠶᠢᠨ ᠬᠦᠦ | ᠴᠤᠬᠤᠮ ᠶᠠᠮᠠᠷ ᠲᠠᠯ᠎ᠠ ᠪᠠᠷ ᠵᠶ᠋ᠠᠨᠠᠳᠠᠯᠢ ᠦᠭᠡᠢ ᠶᠤᠮ ᠪᠤᠢ︖ ᠡᠭᠦᠨ᠋ ᠳᠤ ᠤᠯᠠᠨ ᠶᠠᠩᠵᠤ ᠶᠢᠨ ᠬᠠᠷᠢᠭᠤᠯᠳᠠ | ᠪᠠᠶᠢᠵᠥ ᠪᠤᠯᠬᠤ ᠪᠦᠭᠡᠳ ᠵᠠᠩ ᠠᠷᠠᠨᠰᠢᠨ ᠪᠤᠯ ᠨᠢᠭᠡ ᠬᠠᠷᠢᠭᠤᠯᠳᠠ ᠨᠢ ᠶᠤᠮ᠃ ᠦᠭᠡᠷ᠎ᠠ ᠪᠠᠷ ᠬᠡᠯᠡᠪᠡᠯ ᠬᠦᠮᠦᠨ | ᠬᠦᠮᠦᠨ᠋ ᠤ ᠵᠠᠩ ᠠᠳᠠᠯᠢ ᠦᠭᠡᠢ ᠪᠦᠭᠡᠳ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ | ᠤᠨᠠᠭᠠᠨ ᠠᠴᠠ ᠪᠠᠨ︾ ᠬᠡᠳᠡᠭᠴᠢᠯᠡᠨ ᠨᠢᠭᠡ ᠬᠦᠮᠦᠨ᠋ ᠤ ᠵᠠᠩ ᠠᠷᠠᠨᠰᠢᠨ ᠢ ᠪᠠᠭ᠎ᠠ ᠠᠴᠠ ᠨᠢ ᠦᠵᠡᠵᠦ ᠭᠠᠷᠴᠤ | ᠪᠤᠯᠳᠠᠭ᠂ ᠲᠠᠷᠠᠴᠢᠯᠠᠨ ᠬᠤᠵᠢᠮ ᠬᠤᠢᠰᠢ ᠶᠠᠭᠤ ᠬᠢᠪᠠᠯ ᠢᠯᠡᠬᠦᠦ ᠲᠤᠬᠢᠷᠠᠮᠵᠢᠳᠠᠢ ᠬᠡᠬᠦ ᠲᠤᠬᠠᠢ ᠵᠦᠪᠯᠡᠯᠭᠡ ᠦᠭᠴᠤ | ᠪᠤᠯᠤᠨ᠎ᠠ ᠬᠡᠵᠦ ᠰᠤᠳᠤᠯᠤᠭᠴᠢᠳ ᠦᠵᠡᠵᠤ ᠪᠠᠢᠨ᠎ᠠ᠃ ᠵᠢᠱᠢᠶᠠᠯᠠᠪᠠᠯ ᠵᠠᠷᠢᠮ ᠬᠡᠦᠭᠡᠳ ᠨᠠᠭᠠᠳᠬᠤ ᠳᠠᠭᠠᠨ ︽ᠤᠳᠤ | ᠢᠮᠦ ᠶᠠᠭᠤᠮ᠎ᠠ ᠨᠠᠭᠠᠳᠤᠶ᠎ᠠ \ ᠤᠳᠤ ᠲᠠᠢᠮᠦ ᠶᠠᠭᠤᠮ᠎ᠠ ᠨᠠᠭᠠᠳᠤᠶ᠎ᠠ︾᠂ ︽ᠤᠳᠤ ᠢᠡᠭᠬᠢᠵᠦ ᠨᠠᠭᠠᠳᠤᠶ᠎ᠠ \ ᠤᠳᠤ | ᠲᠠᠭᠡᠵᠦ ᠨᠠᠭᠠᠳᠤᠶ᠎ᠠ︾ ᠭᠡᠳ ᠨᠠᠭᠠᠳᠤᠮ ᠲᠤᠭᠯᠠᠭᠠᠮ ᠢᠶᠠᠨ ᠪᠠᠢᠨ ᠲᠠᠬᠢᠨ ᠬᠤᠪᠢᠷᠠᠭᠤᠯᠵᠤ ᠤᠯᠠᠨ᠋ ᠢ ᠵᠤᠬᠢᠶᠠᠨ | ᠪᠠᠢᠭᠤᠯᠬᠤ ᠲᠤᠷᠠᠳᠠᠢ ᠪᠤᠶᠤ ᠴᠢᠳᠠᠪᠤᠷᠢ ᠲᠠᠢ ᠪᠠᠢᠳᠠᠭ᠃ ᠢᠮᠦ ᠭᠡᠦᠬᠡᠳ ᠢ ᠬᠤᠵᠢᠮ ᠤᠳᠤᠷᠢᠳᠤᠯᠭ᠎ᠠ ᠪᠤᠯᠬᠤ ᠶᠢ | ᠬᠦᠰᠡᠵᠦ ᠪᠤᠯᠬᠤ ᠪᠦᠭᠡᠳ ᠬᠠᠮᠢᠶᠠᠷᠤᠯᠳᠠ ᠶᠢᠨ ᠬᠠᠮᠢᠶ᠎ᠠ ᠲᠠᠢ ᠲᠤᠰᠬᠠᠢ ᠮᠡᠷᠭᠡᠵᠢᠯ ᠰᠤᠷᠤᠯᠴᠠᠭᠤᠯᠵᠤ ᠪᠤᠯᠤᠨ᠎ᠠ᠃ | ᠪᠤᠴᠠᠭᠠᠭᠠᠳ ᠬᠡᠯᠡᠪᠡᠯ ᠬᠦᠮᠦᠰ ᠢ ᠵᠤᠬᠢᠶᠠᠨ ᠪᠠᠢᠭᠤᠯᠬᠤ ᠲᠤᠷ᠎ᠠ ᠦᠭᠡᠢ᠂ ᠬᠠᠷᠢᠨ ᠪᠤᠰᠤᠳ ᠬᠦᠮᠦᠨ ᠶᠠᠭᠤ ᠬᠡᠵᠦ | ᠲᠤᠰᠢᠶᠠᠪᠠᠯ ︽ᠵᠠ︾ ᠭᠡᠳ ᠬᠦᠮᠦᠨ᠋ ᠤ ᠲᠤᠬᠢᠷᠠᠭᠤᠯᠤᠯᠳᠠ ᠶᠢ ᠲᠠᠭᠠᠳᠠᠭ ᠬᠡᠦᠭᠡᠳ ᠪᠤᠢ᠂ ᠢᠮᠦ ᠵᠠᠩ ᠲᠠᠢ | ᠬᠦᠮᠦᠨ ᠪᠤᠯ ᠬᠠᠤᠯᠢ ᠶᠤᠰᠤ ᠶᠠᠷᠢᠵᠦ ᠲᠦᠷᠢᠮ ᠲᠤᠭᠳᠠᠭᠠᠯ ᠲᠠᠭᠠᠳᠠᠭ ᠬᠦᠮᠦᠨ ᠬᠡᠰᠡᠨ ᠦᠭᠡ᠂ ᠬᠠᠤᠯᠢ ᠶᠢᠨ | ᠲᠤᠰᠬᠠᠢ ᠮᠠᠷᠭᠡᠵᠢᠯ ᠰᠤᠷᠭᠠᠵᠤ ᠬᠠᠤᠯᠢᠴᠢ ᠪᠤᠯᠭᠠᠬᠤ ᠦᠭᠡᠳᠡ ᠬᠦᠳᠦᠯᠵᠤ ᠪᠤᠯᠤᠨ᠎ᠠ᠃ ᠪᠠᠰᠠ ᠵᠢᠱᠢᠶᠠᠯᠠᠪᠠᠯ᠂ ᠨᠢᠭᠡ | ᠰᠠᠢᠬᠠᠨ ᠶᠠᠭᠤᠮ᠎ᠠ ᠦᠵᠡᠪᠡᠯ ︵ᠵᠢᠱᠢᠶᠠᠯᠠᠪᠠᠯ ᠲᠤᠭᠯᠠᠭᠠᠮ ᠤᠨ ᠭᠠᠷ ᠫᠤᠤ ᠶᠤᠮ ᠤᠤ᠂ ᠪᠠᠪᠢ ᠬᠡᠦᠭᠡᠯᠳᠡᠢ ᠬᠡᠬᠦ ᠮᠠᠳᠤ | ︶ ᠠᠪᠤᠨ᠎ᠠ ᠬᠡᠵᠦ ᠠᠪᠤ ᠡᠵᠢ ᠶᠢᠨ ᠢᠶᠠᠨ ᠬᠤᠷᠮᠤᠢ ᠠᠴᠠ ᠵᠢᠭᠤᠷᠠᠳᠠᠭ ᠨᠢ ᠤᠯᠠᠩᠬᠢ ᠭᠡᠦᠬᠡᠳ ᠤᠨ ᠵᠠᠩ᠃ ᠬᠡᠷᠪᠡ | ᠠᠪᠴᠤ ᠦᠭᠭᠦ ᠦᠭᠡᠢ ᠪᠤᠯ᠂ ᠵᠠᠷᠢᠮ ᠬᠡᠦᠭᠡᠳ ᠦᠭᠦᠨ ᠵᠢᠭᠤᠷᠠᠯᠳᠤᠵᠦ ᠨᠠᠯᠢᠶᠠᠳ ᠬᠡᠳᠦᠨ ᠬᠤᠨᠤᠭ ᠪᠤᠯᠤᠭᠰᠠᠨ | ᠴᠦᠡᠭᠦᠨ᠋ ᠢᠶᠠᠨ ᠮᠠᠷᠳᠠᠬᠤ ᠦᠭᠡᠢ ᠴᠡᠭᠡᠵᠢᠯᠡᠭᠰᠡᠭᠡᠷ ᠪᠠᠢᠳᠠᠭ᠂ ᠢᠮᠦ ᠬᠡᠦᠭᠡᠳ ᠪᠤᠯ ᠵᠠᠭᠤᠳᠠᠯ ᠬᠠᠳᠠᠭᠤ ᠪᠠᠢᠵᠦ᠂ | ᠮᠠᠰᠢ ᠲᠠᠰᠪᠤᠷᠢ ᠲᠠᠪᠴᠢᠶᠡᠷᠢ ᠱᠠᠭᠠᠷᠳᠠᠬᠤ ᠠᠵᠢᠯ ᠲᠦᠷᠦᠯ ᠢ ᠡᠷᠬᠢᠯᠡᠬᠦ ᠲᠤ ᠢᠯᠡᠬᠦᠦ ᠲᠤᠬᠢᠷᠠᠮᠵᠢᠳᠠᠢ ᠬᠡᠨ᠎ᠠ ; | ᠬᠠᠷᠢᠨ ᠵᠠᠷᠢᠮ ᠬᠡᠦᠭᠡᠳ ᠵᠠᠪᠠᠯ ᠠᠪᠤᠨ᠎ᠠ ᠬᠡᠵᠦ ᠡᠭᠡᠷ ᠲᠠᠳᠠᠳᠠᠯ᠎ᠠ ᠤᠬᠢᠯᠠᠵᠦ ᠪᠠᠢᠭᠰᠠᠨ ᠴᠦ ᠲᠠᠷᠠ ᠨᠢᠭᠡ ᠭᠱᠠᠨ᠋ ᠢ | ᠦᠡᠭᠭᠡᠷᠡᠪᠡᠯ ᠡᠨᠡ ᠶᠠᠪᠤᠳᠠᠯ ᠢ ᠲᠠᠰᠤ ᠮᠡᠷᠳᠡᠴᠢᠬᠠᠳᠠᠭ᠂ ᠡᠰᠡᠪᠡᠯ ᠲᠠᠷᠠ ᠶᠠᠭᠤᠮ᠎ᠠ ᠶᠢ ᠨᠢ ᠠᠪᠤᠭᠠᠳ ᠦᠭᠴᠢᠭᠡᠪᠡᠯ | ᠤᠬᠢᠯᠠᠵᠦ ᠪᠠᠢᠬᠰᠠᠨ ᠬᠦᠮᠦᠨ ᠲᠡᠷᠡ ᠲᠤᠤᠷ᠎ᠠ ᠨᠢ ᠢᠨᠢᠶᠠᠴᠢᠭᠡᠳᠡᠭ᠃ ᠢᠮᠦ ᠬᠡᠦᠬᠡᠳ ᠢ ᠺᠢᠨᠣ᠋ ᠵᠦᠴᠦᠭᠡ ᠲᠤᠬᠯᠠᠬᠤ | ᠮᠡᠷᠭᠡᠵᠢᠯ ᠳᠤ ᠬᠦᠳᠦᠯᠵᠦ ᠪᠤᠯᠤᠨ᠎ᠠ ᠬᠡᠬᠦ ᠮᠠᠳᠤ ᠁ ︽ᠰᠤᠷᠤᠭᠰᠠᠨ ᠵᠠᠩ ᠶᠢᠨ ᠰᠤᠷ ᠢᠶᠠᠷ ᠪᠤᠭᠤᠵᠤ ᠪᠤᠯᠳᠠᠭ | ᠦᠭᠡᠢ︾ ᠬᠡᠰᠡᠨ ᠦᠭᠡ ᠪᠠᠢᠳᠠᠭ᠃ ᠡᠭᠦᠨ᠋ ᠳᠤ ᠨᠠᠭᠠᠳᠤ ᠵᠠᠬ᠎ᠠ ᠨᠢ ᠬᠤᠶᠠᠷ ᠲᠠᠪᠬᠤᠷ ᠠᠭᠤᠯᠭ᠎ᠠ ᠪᠠᠭᠳᠠᠵᠦ ᠪᠤᠢ᠃ | ᠨᠢᠭᠡ ᠨᠢ᠂ ︽ᠰᠤᠷᠤᠭᠰᠠᠨ ᠵᠠᠩ︾ ᠬᠡᠵᠦ ᠪᠠᠢᠬᠤ ᠠᠴᠠ ᠦᠵᠡᠪᠡᠯ ᠵᠠᠩ ᠢ ᠰᠤᠷᠳᠠᠭ᠂ ᠦᠭᠡᠷ᠎ᠠ ᠪᠠᠷ ᠬᠡᠯᠡᠪᠡᠯ | ᠵᠠᠩ ᠴᠢᠨᠠᠷ ᠲᠠᠷᠠ ᠪᠦᠭᠦᠨ᠋ ᠢᠶᠠᠷ ᠢᠶᠠᠨ ᠲᠦᠷᠦᠯᠬᠢ ᠶᠢᠨ ᠪᠢᠰᠢ᠂ ᠵᠠᠷᠢᠮ ᠢ ᠨᠢ ᠰᠤᠷᠭᠠᠵᠦ ᠲᠦᠯᠦᠪᠰᠢᠷᠡᠬᠦᠯᠵᠦ | ᠪᠤᠯᠳᠠᠭ ᠬᠡᠰᠡᠨ ᠤᠳᠬ᠎ᠠ ᠪᠤᠢ᠃ ᠨᠦᠬᠦᠭᠡ ᠨᠢᠭᠡ ᠤᠳᠬ᠎ᠠ ᠨᠢ ︽ᠪᠤᠭᠤᠵᠤ ᠪᠤᠯᠳᠠᠭ ᠦᠭᠡᠢ︾ ᠬᠡᠵᠦ ᠪᠠᠢᠬᠤ ᠠᠴᠠ | ᠦᠵᠡᠪᠡᠯ ᠨᠢᠭᠡᠨᠳᠠ ᠪᠦᠷᠢᠯᠳᠤᠵᠦ ᠲᠦᠯᠦᠪᠰᠢᠷᠡᠭᠰᠡᠨ ᠵᠠᠩ ᠠᠷᠠᠨᠰᠢᠨ᠋ ᠢ ᠲᠠᠬᠢᠭᠠᠳ ᠬᠤᠪᠢᠷᠠᠭᠤᠯᠵᠤ ᠦᠭᠡᠷᠡᠴᠢᠯᠡᠵᠦ | ᠪᠤᠯᠳᠠᠭ ᠦᠭᠡᠢ ᠪᠤᠶᠤ ᠬᠤᠪᠢᠷᠠᠭᠤᠯᠵᠤ ᠦᠬᠡᠷᠡᠴᠢᠯᠡᠬᠦ ᠳᠤ ᠪᠠᠷᠭᠡᠳᠡᠢ ᠪᠠᠢᠳᠠᠭ ᠬᠡᠰᠡᠨ ᠦᠭᠡ᠃ | ᠢᠮᠦ ᠠᠴᠠ ᠡᠴᠢᠭᠡ ᠡᠭᠡ ᠪᠤᠯᠤᠭᠰᠠᠳ ᠭᠡᠦᠬᠡᠳ ᠤᠨ ᠢᠶᠠᠨ ᠵᠠᠩ ᠠᠷᠠᠨᠰᠢᠨ᠋ ᠢ ᠪᠠᠭ᠎ᠠ ᠠᠴᠠ ᠨᠢ ᠢᠯᠡᠬᠦᠬᠡᠨ | ᠠᠵᠢᠭᠯᠠᠵᠦ ᠰᠢᠨᠵᠢᠬᠦ ᠴᠢᠬᠤᠯᠠᠳᠠᠢ ᠪᠦᠭᠡᠳ ᠴᠢᠬᠤᠯᠠᠳᠠᠢ ᠦᠶ᠎ᠠ ᠳᠤᠨᠢ ᠵᠠᠩ ᠠᠷᠠᠨᠰᠢᠨ ᠨᠢ ᠰᠠᠢᠨ ᠪᠦᠷᠢᠯᠳᠤᠵᠦ | ᠲᠦᠯᠦᠪᠰᠢᠷᠡᠬᠦ ᠠᠴᠠ ᠡᠮᠦᠨ᠎ᠠ ᠵᠠᠪᠳᠤᠵᠦ ᠦᠪᠠᠷ ᠤᠨ ᠢᠶᠠᠨ ᠪᠤᠳᠠᠳᠤ ᠦᠢᠯᠡ ᠠᠵᠢᠯᠯᠠᠭ᠎ᠠ᠂ ᠤᠷᠴᠢᠨ | ᠨᠦᠬᠦᠴᠡᠯ ᠢᠶᠠᠷ ᠢᠶᠠᠷ ᠦᠭᠡ ᠲᠠᠭᠤᠨ ᠦᠭᠡᠢ ᠰᠡᠮᠡᠭᠡᠨ ᠨᠦᠯᠦᠭᠡᠯᠡᠵᠦ᠂ ᠲᠤᠬᠢᠷᠠᠮᠵᠢᠳᠠᠢ ᠵᠢᠯᠤᠭᠤᠳᠤᠯᠭ᠎ᠠ ᠬᠠᠨᠭ᠍ᠭᠠᠬᠤ | ᠴᠢᠬᠤᠯᠠᠳᠠᠢ᠃ | |