ᠮᠡᠳᠡᠭᠡᠵᠢ ᠪᠠᠷ ᠦᠷᠬᠦᠯᠵᠢ ᠵᠢᠮᠢᠰ ᠨᠤᠭᠤᠭ᠎ᠠ ᠢᠳᠡᠬᠦ ᠨᠢ ᠬᠦᠮᠦᠨ ᠤ ᠪᠡᠶ᠎ᠡ ᠳᠤ ᠮᠠᠰᠢ ᠲᠤᠰᠠᠳᠠᠢ ᠪᠠᠶᠢᠳᠠᠭ᠃ | ᠭᠡᠪᠡᠴᠦ ᠨᠢᠭᠡ ᠲᠡᠭᠡᠷ᠎ᠡ ᠲᠡᠩᠳᠡᠬᠦᠦ ᠤᠯᠠᠨ ᠬᠤᠳᠠᠯᠳᠤᠨ ᠠᠪᠴᠤ ᠬᠠᠳᠠᠭᠠᠯᠠᠪᠠᠯ ᠢᠯᠵᠡᠷᠡᠵᠦ ᠬᠠᠶᠠᠭᠳᠠᠬᠤ ᠤᠴᠢᠷ | ᠵᠦᠩᠳᠡᠭᠡᠨ ᠭᠠᠷᠳᠠᠭ᠃ ᠤᠶᠢᠷ᠎ᠡ ᠳᠤ ᠠᠩᠭ᠍ᠯᠢ ᠶᠢᠨ ᠠᠮᠢᠳᠤᠷᠠᠯ ᠤᠨ ᠠᠷᠰᠠᠷ ᠶᠠᠪᠤᠳᠠᠯ ᠬᠡᠬᠦ ᠰᠦᠯᠵᠢᠶ᠎ᠡ ᠠᠴᠠ ᠵᠢᠮᠢᠰ | ᠨᠤᠭᠤᠭ᠎ᠠ ᠶᠢ ᠰᠤᠷᠭᠤᠭ ᠢᠶᠠᠷ ᠤᠳᠠᠭᠠᠨ ᠬᠠᠳᠠᠭᠠᠯᠠᠬᠤ ᠠᠷᠭ᠎ᠠ ᠬᠡᠮᠵᠢᠶ᠎ᠡ ᠨᠦᠭᠦᠳ ᠢ ᠲᠠᠨᠢᠯᠴᠠᠭᠤᠯᠵᠡᠢ᠃ | ᠬᠦᠷᠦᠭᠡᠭᠦᠷ ᠲᠤ ᠬᠠᠳᠠᠭᠠᠯᠠᠬᠤ ᠴᠢᠬᠤᠯᠠ ᠦᠭᠡᠢ ᠵᠢᠮᠢᠰ ᠨᠤᠭᠤᠭ᠎ᠠ᠄ ᠯᠠᠩᠭᠤᠸᠠ᠂ ᠲᠦᠮᠦᠰᠦ ᠮᠡᠳᠦ ᠶᠢᠨ | ᠬᠠᠳᠠᠭᠤᠯᠢᠭ ᠬᠠᠯᠢᠰᠤ ᠲᠠᠢ ᠨᠤᠭᠤᠭ᠎ᠠ ᠶᠢ ᠬᠦᠷᠦᠭᠡᠬᠦᠷ ᠲᠤ ᠬᠠᠳᠠᠭᠠᠯᠠᠬᠤ ᠴᠢᠬᠤᠯᠠ ᠦᠭᠡᠢ᠃ ᠡᠬᠦᠨ ᠠᠴᠠ | ᠭᠠᠳᠠᠨ᠎ᠠ ᠲᠦᠪᠡᠳ ᠬᠠᠰᠢ᠂ ᠪᠠᠨᠠᠨᠠ ᠶᠢ ᠬᠡᠪ ᠤᠨ ᠲᠤᠯᠠᠭᠠᠨ ᠳᠤ ᠬᠠᠳᠠᠭᠠᠯᠠᠪᠠᠯ ᠵᠤᠬᠢᠨ᠎ᠠ᠂ ᠬᠠᠷᠢᠨ ᠲᠤᠤᠷ᠎ᠠ | ᠲᠤᠯᠠᠭᠠᠨ ᠳᠤ ᠲᠠᠯᠪᠢᠭᠰᠠᠭᠠᠷ ᠡᠪᠳᠡᠷᠡᠬᠦ ᠨᠢ ᠨᠡᠩ ᠲᠦᠷᠭᠡᠨ ᠪᠠᠶᠢᠳᠠᠭ᠃ | ᠤᠬᠢᠶᠠᠵᠤ ᠬᠡᠷᠴᠢᠭᠡᠳ ᠬᠠᠳᠠᠭᠠᠯᠠᠬᠤ ᠨᠤᠭᠤᠭ᠎ᠠ᠄ ᠬᠤᠭᠤᠯᠠ ᠬᠢᠬᠦ ᠳᠤ ᠲᠦᠬᠦᠮ ᠤᠨ ᠲᠤᠰᠠᠳᠠ ᠨᠤᠭᠤᠭ᠎ᠠ ᠶᠢ | ᠤᠬᠢᠶᠠᠨ ᠬᠡᠷᠴᠢᠵᠦ᠂ ᠪᠢᠳᠡᠬᠦᠮᠵᠢᠯᠡᠭᠰᠡᠨ ᠰᠠᠪᠠᠨ ᠳᠤ ᠬᠠᠳᠠᠭᠠᠯᠠᠪᠠᠯ᠂ ᠨᠤᠭᠤᠭ᠎ᠠ ᠶᠢᠨ ᠤᠰᠤᠨ ᠤ ᠠᠭᠤᠯᠤᠭᠳᠠᠴᠠ | ᠶᠢ ᠬᠠᠮᠠᠭᠠᠯᠠᠵᠤ ᠴᠢᠳᠠᠨ᠎ᠠ᠃ ᠠᠩᠬᠠᠷᠬᠤ ᠵᠦᠢᠯ ᠭᠡᠪᠡᠯ᠂ ᠰᠢᠯᠢᠨᠴᠡᠴᠡᠭ᠂ ᠴᠡᠴᠡᠭᠳᠦ ᠴᠠᠭᠠᠨ ᠨᠤᠭᠤᠭ᠎ᠠ ᠵᠡᠷᠭᠡ | ᠨᠤᠭᠤᠭ᠎ᠠ ᠶᠢ ᠤᠬᠢᠶᠠᠵᠤ ᠬᠠᠳᠠᠭᠠᠯᠠᠬᠤ ᠳᠤ ᠲᠤᠬᠢᠷᠠᠬᠤ ᠦᠭᠡᠢ᠂ ᠬᠠᠭᠤᠷᠠᠢ ᠰᠠᠪᠠᠨ ᠳᠤ ᠬᠠᠳᠠᠭᠠᠯᠠᠪᠠᠯ ᠰᠠᠶᠢᠨ ᠶᠤᠮ | ᠃ | ᠬᠤᠯᠤᠰᠤᠨ ᠰᠦᠶᠦᠭᠡ᠂ ᠴᠤᠭᠤᠷ ᠨᠤᠭᠤᠭ᠎ᠠ᠂ ᠬᠤ᠋ ᠯᠤᠤᠪᠠᠩ ᠵᠡᠷᠭᠡ ᠨᠤᠭᠤᠭ᠎ᠠ ᠤᠰᠤ ᠬᠡᠷᠡᠭᠰᠡᠳᠡᠭ ᠪᠤᠯᠬᠤᠷ | ᠬᠦᠷᠦᠭᠡᠬᠦᠷ ᠲᠤ ᠰᠢᠭᠤᠳ ᠬᠠᠳᠠᠭᠠᠯᠠᠪᠠᠯ ᠤᠰᠤ ᠲᠤᠳᠠᠬᠤ ᠠᠴᠠ ᠪᠤᠯᠵᠤ ᠤᠳᠠᠯ ᠦᠭᠡᠢ ᠰᠢᠷᠠᠯᠠᠵᠤ ᠭᠤᠨᠢᠷᠠᠳᠠᠭ᠃ | ᠵᠦᠪ ᠬᠠᠳᠠᠭᠠᠯᠠᠬᠤ ᠠᠷᠭ᠎ᠠ ᠪᠤᠯ ᠦᠨᠳᠦᠰᠦ ᠶᠢ ᠨᠢ ᠬᠡᠷᠴᠢᠵᠦ ᠬᠠᠶᠠᠭᠠᠳ ᠴᠡᠪᠡᠷ ᠤᠰᠤ ᠵᠢᠭᠠᠬᠠᠨ ᠰᠦᠷᠴᠢᠭᠡᠳ | ᠤᠭᠤᠳᠠᠯᠤᠵᠤ ᠬᠦᠷᠦᠭᠡᠬᠦᠷ ᠲᠤ ᠬᠢᠨ᠎ᠡ᠃ ᠢᠩᠭᠢᠪᠡᠯ ᠰᠤᠷᠭᠤᠭ ᠪᠠᠶᠢᠬᠤ ᠶᠢ ᠪᠠᠳᠤᠯᠠᠵᠤ ᠴᠢᠳᠠᠨ᠎ᠠ᠃ ᠭᠡᠬᠦ ᠳᠡᠭᠡᠨ | ᠬᠠᠳᠠᠭᠠᠯᠠᠬᠤ ᠬᠤᠭᠤᠴᠠᠭ᠎ᠠ ᠶᠢ ᠬᠡᠳᠦᠨ ᠡᠳᠦᠷ ᠠᠴᠠ ᠬᠡᠳᠦᠷᠡᠬᠦᠯᠵᠦ ᠪᠤᠯᠬᠤ ᠦᠭᠡᠢ᠃ | ᠬᠦᠵᠡᠯᠵᠡᠭᠡᠨ᠎ᠡ ᠮᠡᠳᠦ ᠰᠢᠬᠦᠰᠦᠯᠢᠭ ᠵᠢᠮᠢᠰ᠄ ᠰᠢᠬᠦᠰᠦᠯᠢᠭ ᠵᠢᠮᠢᠰ ᠪᠤᠯ ᠬᠠᠮᠤᠭ ᠠᠮᠠᠷᠬᠠᠨ ᠢᠯᠵᠡᠷᠡᠬᠦ ᠲᠤᠷᠡᠳᠡᠢ | ᠵᠢᠮᠢᠰ ᠪᠤᠯᠤᠨ᠎ᠠ᠂ ᠤᠷᠢᠳᠠᠪᠠᠷ ᠤᠰᠤᠨ ᠳᠤ ᠽᠤᠤ ᠬᠢᠵᠦ ᠤᠬᠢᠶᠠᠨ ᠰᠢᠪᠬᠠᠷᠠᠭᠤᠯᠤᠭᠰᠠᠨ ᠤ ᠲᠠᠷᠠᠭ᠎ᠠ ᠰᠠᠪᠠᠯᠠᠵᠤ | ᠬᠦᠷᠦᠭᠡᠭᠦᠷ ᠲᠤ ᠬᠠᠳᠠᠭᠠᠯᠠᠪᠠᠯ ᠬᠠᠮᠤᠭ ᠰᠠᠶᠢᠨ᠃ | ᠶᠤᠤᠮᠠᠢ ᠨᠤᠭᠤᠭ᠎ᠠ᠂ ᠰᠢᠯᠦᠭᠡᠢ ᠨᠤᠭᠤᠭ᠎ᠠ ᠵᠡᠷᠭᠡ ᠨᠤᠭᠤᠭᠠᠨ ᠨᠠᠪᠴᠢᠳᠤ ᠨᠤᠭᠤᠭ᠎ᠠ᠄ ᠨᠤᠭᠤᠭᠠᠨ ᠨᠠᠪᠴᠢᠳᠤ | ᠨᠤᠭᠤᠭ᠎ᠠ ᠴᠢᠬᠢᠭ ᠨᠤᠶᠢᠳᠠᠨ ᠮᠦᠷᠳᠡᠭᠡᠨ ᠰᠡᠷᠢᠬᠦᠨ ᠤᠷᠴᠢᠨ ᠳᠤ ᠲᠤᠷᠠᠳᠠᠢ᠂ ᠡᠳᠡᠭᠡᠷ ᠢ ᠨᠤᠶᠢᠳᠠᠨ ᠴᠠᠭᠠᠰᠤ ᠲᠠᠢ | ᠬᠠᠮᠳᠤ ᠲᠤᠮᠤ ᠤᠭᠤᠳᠠᠨ ᠳᠤ ᠤᠭᠤᠳᠠᠯᠤᠨ ᠬᠠᠳᠠᠭᠠᠯᠠᠪᠠᠯ ᠰᠤᠷᠭᠤᠭ ᠢ ᠪᠠᠳᠤᠯᠠᠵᠤ ᠪᠤᠯᠤᠨ᠎ᠠ᠃ ᠠᠩᠬᠠᠷᠬᠤ | ᠴᠢᠬᠤᠯᠠ ᠲᠠᠢ ᠨᠢ ᠭᠠᠭᠴᠠᠬᠠᠨ ᠤᠭᠤᠳᠠᠨ ᠳᠤ ᠬᠡᠳᠦ ᠠᠷᠪᠢᠨ ᠨᠤᠭᠤᠭ᠎ᠠ ᠶᠢ ᠴᠤᠭ ᠲᠤᠨᠢ ᠰᠠᠪᠠᠯᠠᠵᠤ ᠪᠤᠯᠬᠤ ᠦᠭᠡᠢ | ᠃ ᠠᠯᠢ ᠨᠢᠭᠡ ᠨᠤᠭᠤᠭ᠎ᠠ ᠨᠢ ᠢᠯᠵᠡᠷᠡᠪᠡᠯ ᠪᠤᠰᠤᠳ ᠨᠤᠭᠤᠭ᠎ᠠ ᠶᠢ ᠨᠦᠯᠦᠭᠡᠯᠡᠬᠦ ᠠᠴᠠ ᠰᠡᠷᠬᠡᠶᠢᠯᠡᠵᠦ᠂ ᠲᠤᠰᠠᠭᠠᠷ | ᠪᠤᠶᠤ ᠵᠢᠭᠠᠬᠠᠨ ᠵᠠᠶᠢᠴᠢᠯᠠᠨ ᠰᠠᠪᠠᠯᠠᠵᠤ ᠬᠠᠳᠠᠭᠠᠯᠠᠪᠠᠯ ᠵᠦᠭᠡᠷ ᠶᠤᠮ᠃ | ᠠᠯᠮᠤᠷᠠᠳ ᠪᠤᠯᠤᠨ ᠵᠦᠷᠵᠢ᠄ ᠰᠢᠬᠦᠰᠦᠯᠢᠭ ᠵᠢᠮᠢᠰ ᠲᠠᠢ ᠬᠠᠷᠢᠴᠠᠭᠤᠯᠪᠠᠯ ᠠᠯᠮᠤᠷᠠᠳ ᠪᠤᠯᠤᠨ ᠵᠦᠷᠵᠢ ᠨᠢ | ᠬᠠᠳᠠᠭᠠᠯᠠᠵᠤ ᠪᠤᠯᠬᠤ ᠬᠤᠭᠤᠴᠠᠭ᠎ᠠ ᠨᠢ ᠤᠷᠳᠤ ᠪᠤᠯᠬᠤᠷ ᠡᠳᠡᠭᠡᠷ ᠢ ᠬᠦᠷᠦᠭᠡᠭᠦᠷ ᠤᠨ ᠬᠤᠷᠭᠤ ᠲᠤᠳᠤᠷ᠎ᠠ ᠬᠢᠵᠦ᠂ | ᠬᠠᠭᠤᠷᠠᠢ ᠰᠡᠷᠢᠬᠦᠭᠡᠨ ᠪᠠᠶᠢᠯᠭᠠᠪᠠᠯ ᠪᠤᠯᠴᠢᠬᠠᠨ᠎ᠠ᠃ | ᠬᠠᠰᠢᠯᠢᠭ ᠨᠤᠭᠤᠭ᠎ᠠ᠄ ᠬᠠᠰᠢ ᠪᠠ ᠯᠠᠵᠤᠤ ᠮᠡᠳᠦ ᠶᠢᠨ ᠬᠠᠰᠢᠯᠢᠭ ᠨᠤᠭᠤᠭ᠎ᠠ ᠶᠢ ᠬᠦᠷᠦᠭᠡᠭᠦᠷ ᠤᠨ ᠰᠤᠷᠭᠤᠭ | ᠬᠠᠳᠠᠭᠠᠯᠠᠬᠤ ᠬᠠᠶᠢᠷᠴᠠᠭ ᠲᠤᠳᠤᠷ᠎ᠠ ᠬᠢᠵᠦ ᠬᠠᠳᠠᠭᠠᠯᠠᠪᠠᠯ ᠰᠠᠶᠢᠨ ᠪᠠᠶᠢᠳᠠᠭ᠃ |