ᠮᠤᠩᠭᠤᠯ ᠦᠰᠦᠭ | | | — ᠰᠤ ᠲᠤᠷᠵᠢᠵᠠᠪ | | | ᠵᠤᠷᠢᠭ ᠢᠶᠠᠷ ᠬᠦᠪᠴᠢᠯᠡᠭᠰᠡᠨ ᠠᠰᠬᠠᠨ ᠨᠢᠷᠤᠭᠤ ᠲᠠᠢ | ᠦᠷᠦ ᠪᠠᠷ ᠵᠦᠭᠡᠯᠡᠯᠡᠭᠰᠡᠨ ᠤᠷᠠᠨ ᠪᠢᠴᠢᠯᠭᠡ ᠲᠠᠢ | ᠤᠷᠳᠤ ᠶᠢᠨ ᠲᠠᠭᠤᠨ ᠤ ᠤᠶᠠᠬᠠᠨ ᠲᠠᠭᠤᠳᠠᠯᠭ᠎ᠠ ᠲᠠᠢ | ᠤᠬᠠᠭᠠᠨ ᠳᠤ ᠭᠡᠶᠢᠭᠡᠭᠰᠡᠨ ᠭᠡᠭᠡᠨ ᠮᠠᠯᠮᠠᠢ ᠲᠠᠢ | ᠮᠢᠨᠦ ᠮᠤᠩᠭᠤᠯ ᠦᠰᠦᠭ | ᠮᠢᠨᠦ ᠮᠤᠩᠭᠤᠯ ᠤᠨ ᠨᠠᠨᠳᠢᠨ ᠰᠤᠶᠤᠯ | ᠮᠦᠩᠬᠡ ᠲᠡᠭᠷᠢ ᠶᠢᠨ ᠵᠠᠷᠯᠢᠭ ᠢ ᠲᠠᠮᠠᠭᠠᠯᠠᠭᠰᠠᠨ | ᠮᠥᠨ ᠭᠡᠵᠤ ᠮᠤᠩᠭᠤᠯ ᠢᠶᠠᠨ ᠲᠡᠯᠡᠬᠡᠢ ᠳᠤ ᠬᠡᠷᠡᠴᠢᠯᠡᠭᠰᠡᠨ | ᠦᠨᠡᠯᠡᠵᠦ ᠡᠷᠬᠦᠬᠦ ᠰᠤᠶᠤᠯ ᠤᠨ ᠦᠪ | ᠤᠯᠠᠮᠵᠢᠯᠠᠵᠤ ᠰᠢᠳᠦᠬᠦ ᠤᠶᠤᠨ ᠤ ᠲᠦᠯᠬᠢᠭᠦᠷ | ᠮᠢᠨᠦ ᠮᠤᠩᠭᠤᠯ ᠦᠰᠦᠭ | ᠮᠢᠨᠦ ᠮᠤᠩᠭᠤᠯ ᠤᠨ ᠨᠠᠨᠳᠢᠨ ᠰᠤᠶᠤᠯ | | | |