ᠵᠢᠩᠬᠢᠨᠢ ᠴᠢᠰᠤ ᠨᠥᠬᠦᠬᠦ ᠢᠳᠡᠭᠡᠨ ᠨᠢ ᠡᠳᠦᠷ ᠲᠤᠲᠤᠮ ᠤᠨ ᠢᠳᠡᠭᠡᠨ ᠤᠮᠳᠠᠭᠠᠨ ᠳᠤ ᠨᠢᠭᠤᠭᠳᠠᠵᠤ ᠪᠠᠶᠢᠳᠠᠭ᠃ | ᠴᠢᠰᠤ ᠨᠥᠬᠦᠬᠦ ᠶᠢᠨ ᠵᠠᠩᠭᠢᠯᠠᠭ᠎ᠠ ᠨᠢ ᠲᠡᠮᠦᠷ ᠨᠥᠬᠦᠬᠦ ᠳᠤ ᠪᠠᠶᠢᠨ᠎ᠠ᠃ ᠬᠥᠮᠥᠨ ᠤ ᠪᠡᠶ᠎ᠡ ᠳᠤ ᠲᠡᠮᠦᠷ ᠢᠶᠠᠷ | ᠴᠢᠰᠤᠨ ᠤ ᠤᠯᠠᠭᠠᠨ ᠤᠭᠤᠷᠠᠭ ᠪᠦᠳᠦᠭᠡᠬᠦ ᠴᠢᠬᠤᠯᠠᠲᠠᠢ᠃ | 1.ᠬᠠᠷ᠎ᠠ ᠮᠢᠬ᠎ᠠ | ᠢᠯᠠᠩᠭᠤᠶ᠎ᠠ ᠬᠠᠷ᠎ᠠ ᠮᠢᠬ᠎ᠠ᠂ ᠵᠢᠱᠢᠶᠡᠯᠡᠪᠡᠯ ᠦᠬᠡᠷ ᠤᠨ ᠮᠢᠬ᠎ᠠ ᠪᠠ ᠬᠤᠨᠢᠨ ᠮᠢᠬ᠎ᠠ᠃ ᠬᠠᠷ᠎ᠠ ᠮᠢᠬᠠᠨ ᠳᠠᠬᠢ | ᠲᠡᠮᠦᠷ ᠪᠣᠯ ︽ᠴᠢᠰᠤᠨ ᠤ ᠤᠯᠠᠭᠠᠨ ᠡᠳ᠋ ᠤᠨ ᠲᠡᠮᠦᠷ︾ ᠪᠣᠯᠣᠨ᠎ᠠ᠂ ᠡᠨᠡ ᠬᠦ ᠵᠦᠢᠯ ᠤᠨ ᠲᠡᠮᠦᠷ ᠤᠨ ᠰᠢᠩᠭᠡᠭᠡᠮᠵᠢ | ᠨᠢ ᠤᠷᠭᠤᠮᠠᠯ ᠤᠨ ᠴᠢᠨᠠᠷᠲᠠᠢ ᠢᠳᠡᠭᠡᠨ ᠤ ᠳᠣᠲᠣᠷᠠᠬᠢ ᠴᠢᠰᠤᠨ ᠤ ᠤᠯᠠᠭᠠᠨ ᠡᠳ᠋ ᠪᠤᠰᠤ ᠲᠡᠮᠦᠷ ᠠᠴᠠ ᠬᠤᠯᠠ | ᠥᠨᠳᠥᠷ ᠪᠠᠶᠢᠳᠠᠭ᠃ ᠡᠨᠡ ᠬᠦ ᠵᠦᠢᠯ ᠤᠨ ᠲᠡᠮᠦᠷ ᠤᠨ ᠰᠢᠩᠭᠡᠭᠡᠮᠵᠢ ᠨᠢ ᠤᠷᠭᠤᠮᠠᠯ ᠤᠨ ᠴᠢᠨᠠᠷᠲᠠᠢ ᠢᠳᠡᠭᠡᠨ ᠤ | ᠳᠣᠲᠣᠷᠠᠬᠢ ᠴᠢᠰᠤᠨ ᠤ ᠤᠯᠠᠭᠠᠨ ᠡᠳ᠋ ᠪᠤᠰᠤ ᠲᠡᠮᠦᠷ ᠠᠴᠠ ᠬᠤᠯᠠ ᠥᠨᠳᠥᠷ ᠪᠠᠶᠢᠳᠠᠭ᠃ ᠵᠢᠱᠢᠶᠡᠯᠡᠪᠡᠯ᠂ 100 | ᠭᠷᠡᠮ ᠦᠬᠡᠷ ᠤᠨ ᠬᠠᠷ᠎ᠠ ᠮᠢᠬ᠎ᠠ ᠨᠢ 2.7 ᠮᠢᠯᠢᠭᠷᠡᠮ ᠲᠡᠮᠦᠷ ᠬᠠᠩᠭᠠᠵᠤ᠂ ᠨᠠᠰᠤᠨ ᠳᠤ ᠬᠦᠷᠦᠭᠰᠡᠳ ᠤᠨ ᠡᠳᠦᠷ ᠤᠨ | ᠲᠠᠨᠢᠯᠴᠠᠭᠤᠯᠤᠭᠰᠠᠨ ᠬᠡᠮᠵᠢᠶ᠎ᠡ ᠶᠢᠨ 15% ᠶᠢ ᠡᠵᠡᠯᠡᠨ᠎ᠡ᠃ | 2. ᠲᠠᠯᠠᠢ ᠶᠢᠨ ᠭᠠᠷᠤᠯᠲᠠ | ᠮᠥᠨ ᠴᠦ ᠲᠡᠮᠦᠷ ᠨᠥᠬᠦᠬᠦ ᠬᠠᠮᠤᠭ ᠤᠨ ᠰᠠᠶᠢᠨ ᠰᠣᠩᠭᠤᠯᠲᠠ᠂ ᠢᠯᠠᠩᠭᠤᠶ᠎ᠠ ᠬᠢᠰᠤᠭ᠎ᠠ ᠶᠢᠨ ᠲᠥᠷᠥᠯ᠂ | ᠵᠢᠱᠢᠶᠡᠯᠡᠪᠡᠯ ᠴᠠᠭᠠᠷᠢᠭ ᠰᠤᠳᠠᠯᠲᠤ ᠬᠠᠪ ᠪᠠ ᠮᠥᠯᠢ ᠬᠢᠰᠤᠭ᠎ᠠ ᠶᠢᠨ ᠲᠥᠷᠥᠯ ᠪᠣᠯᠣᠨ᠎ᠠ᠃ ᠴᠠᠭᠠᠷᠢᠭ ᠰᠤᠳᠠᠯᠲᠤ | ᠬᠠᠪ ᠤᠨ ᠳᠣᠲᠣᠷᠠᠬᠢ ᠲᠡᠮᠦᠷ ᠤᠨ ᠠᠭᠤᠯᠤᠭᠳᠠᠴᠠ ᠨᠢ ᠨᠡᠩ ᠴᠤ ᠬᠥᠮᠥᠨ ᠢ ᠰᠣᠴᠢᠭᠠᠮ᠎ᠠ ᠪᠠᠶᠢᠵᠤ᠂ 100 | ᠭᠷᠡᠮ ᠠᠴᠠ 28 ᠮᠢᠯᠢᠭᠷᠡᠮ ᠲᠡᠮᠦᠷ ᠬᠠᠩᠭᠠᠵᠤ᠂ ᠪᠤᠰᠤᠳ ᠢᠳᠡᠭᠡᠨ ᠠᠴᠠ ᠬᠤᠯᠠ ᠢᠯᠡᠭᠦᠦ ᠪᠠᠶᠢᠳᠠᠭ᠃ | 3. ᠪᠤᠷᠴᠠᠭ ᠤᠨ ᠵᠦᠢᠯ | ᠳ᠋ᠧᠦᠹᠦ᠋᠂ ᠪᠤᠷᠴᠠᠭ ᠤᠨ ᠵᠤᠲᠠᠩ ᠪᠠ ᠡᠯ᠎ᠡ ᠵᠦᠢᠯ ᠤᠨ ᠪᠤᠷᠴᠠᠭ ᠤᠨ ᠢᠳᠡᠭᠡᠨ ᠨᠢ ᠮᠥᠨ ᠴᠦ ᠲᠡᠮᠦᠷ ᠤᠨ | ᠰᠠᠶᠢᠨ ᠢᠷᠡᠯᠲᠡ ᠮᠥᠨ᠃ ᠨᠢᠭᠡ ᠴᠣᠮᠣ ᠴᠢᠨᠠᠭᠰᠠᠨ ᠬᠠᠷ᠎ᠠ ᠪᠤᠷᠴᠠᠭ ᠲᠤ 3.6 ᠮᠢᠯᠢᠭᠷᠡᠮ ᠲᠡᠮᠦᠷ ᠠᠭᠤᠯᠵᠤ | ᠪᠠᠶᠢᠳᠠᠭ᠃ ᠨᠠᠩ ᠴᠢᠬᠤᠯᠠ ᠨᠢ ᠪᠤᠷᠴᠠᠭ ᠤᠨ ᠲᠥᠷᠥᠯ ᠳᠤ ᠤᠭᠤᠷᠠᠭ ᠪᠠ ᠰᠢᠷᠬᠡᠭᠯᠢᠭ ᠡᠯᠪᠡᠭ ᠠᠭᠤᠯᠤᠭᠳᠠᠵᠤ᠂ | ᠪᠦᠬᠦᠯᠢ ᠴᠣᠭᠴᠠ ᠶᠢᠨ ᠡᠷᠡᠭᠦᠯ ᠮᠡᠨᠳᠦ ᠶᠢ ᠪᠠᠲᠤᠯᠠᠬᠤ ᠳᠤ ᠮᠠᠰᠢ ᠠᠰᠢᠭᠲᠠᠢ ᠪᠠᠶᠢᠳᠠᠭ᠃ | 4. ᠭᠦᠨ ᠨᠣᠭᠤᠭᠠᠨ ᠢᠳᠡᠰᠢᠨ ᠨᠣᠭᠤᠭ᠎ᠠ | ᠵᠢᠱᠢᠶᠡᠯᠡᠪᠡᠯ ᠪᠦᠸᠧᠼᠠᠶ ᠨᠣᠭᠤᠭ᠎ᠠ ᠪᠠ ᠪᠦᠭᠡᠷᠡᠩᠬᠡᠢ ᠴᠠᠭᠠᠨ ᠨᠣᠭᠤᠭ᠎ᠠ ᠶᠢᠨ ᠲᠡᠮᠦᠷ ᠤᠨ ᠠᠭᠤᠯᠤᠭᠳᠠᠴᠠ ᠨᠢ | ᠬᠡᠳᠦᠶᠢᠪᠡᠷ ᠮᠢᠬᠠᠨ ᠤ ᠵᠦᠢᠯ ᠪᠠ ᠳᠠᠯᠠᠢ ᠶᠢᠨ ᠢᠳᠡᠭᠡᠨ ᠳᠤ ᠬᠦᠷᠬᠦ ᠦᠭᠡᠢ ᠪᠣᠯᠪᠠᠴᠤ ᠮᠥᠨ ᠯᠡ ᠰᠠᠶᠤᠤ | ᠢᠳᠡᠰᠢᠲᠡᠨ ᠤ ᠰᠠᠶᠢᠨ ᠰᠣᠩᠭᠤᠯᠲᠠ ᠪᠣᠯᠬᠤ ᠶᠤᠮ᠃ ᠨᠢᠭᠡ ᠴᠣᠮᠣ ᠪᠦᠸᠧᠼᠠᠶ ᠨᠣᠭᠤᠭ᠎ᠠ 6.4 ᠮᠢᠯᠢᠭᠷᠡᠮ ᠲᠡᠮᠦᠷ | ᠬᠠᠩᠭᠠᠵᠤ ᠲᠠᠶᠢᠯᠤᠨ᠎ᠠ᠃ | 5. ᠬᠠᠲᠠᠭᠠᠮᠠᠯ ᠵᠢᠮᠢᠰ | ᠵᠢᠱᠢᠶᠡᠯᠡᠪᠡᠯ ᠬᠦᠢᠯᠡᠰᠦᠨ ᠴᠥᠮ᠎ᠡ ᠳᠤ ᠡᠯᠪᠡᠭ ᠪᠠᠶᠠᠯᠢᠭ ᠲᠡᠮᠦᠷ ᠠᠭᠤᠯᠵᠤ ᠪᠠᠶᠢᠳᠠᠭ᠃ | 6. ᠦᠷ᠎ᠡ | ᠵᠢᠱᠢᠶᠡᠯᠡᠪᠡᠯ ᠯᠠᠩᠭᠤᠸᠠ ᠶᠢᠨ ᠦᠷ᠎ᠡ ᠳᠤ ᠠᠳᠠᠯᠢᠬᠠᠨ ᠢᠶᠠᠷ ᠡᠯᠪᠡᠭ ᠪᠠᠶᠠᠯᠢᠭ ᠲᠡᠮᠦᠷ ᠢ ᠠᠭᠤᠯᠵᠤ ᠪᠠᠶᠢᠳᠠᠭ᠃ | | 7. ᠠᠮᠤ ᠪᠤᠳᠠᠭ᠎ᠠ | ᠣᠨᠴᠠᠭᠠᠶᠢᠯᠠᠨ ᠲᠡᠮᠦᠷ ᠡᠯᠪᠡᠭ ᠠᠭᠤᠯᠤᠭᠰᠠᠨ ᠡᠷᠴᠢᠮᠵᠢᠭᠦᠯᠦᠭᠰᠡᠨ ᠠᠮᠤ ᠪᠤᠳᠠᠭ᠎ᠠ᠂ ᠵᠢᠱᠢᠶᠡᠯᠡᠪᠡᠯ ᠨᠣᠬᠠᠢ ᠶᠢᠨ | ᠬᠤᠰᠢᠭᠤ ᠪᠠ ᠪᠦᠬᠦᠯᠢ ᠪᠤᠭᠤᠳᠠᠢ ᠶᠢᠨ ᠲᠠᠯᠬ᠎ᠠ ᠪᠣᠯ ᠮᠥᠨ ᠴᠦ ᠲᠡᠮᠦᠷ ᠢ ᠨᠥᠬᠦᠪᠦᠷᠢᠯᠡᠬᠦ ᠰᠠᠶᠢᠨ ᠰᠣᠩᠭᠤᠯᠲᠠ | ᠪᠣᠯᠬᠤ ᠶᠤᠮ᠃ ᠨᠢᠭᠡ ᠬᠤᠪᠢ ᠥᠷᠯᠥᠭᠡ ᠶᠢᠨ ᠬᠤᠭᠤᠯᠠᠨ ᠤ ᠨᠣᠬᠠᠢ ᠶᠢᠨ ᠬᠤᠰᠢᠭᠤ ᠪᠠᠷᠤᠭ 2 ᠮᠢᠯᠢᠭᠷᠡᠮ ᠲᠡᠮᠦᠷ | ᠬᠠᠩᠭᠠᠵᠤ ᠲᠡᠶᠢᠯᠦᠨ᠎ᠡ᠃ | 8. ᠬᠠᠷ᠎ᠠ ᠴᠣᠺᠣᠯᠠᠳ᠋ | ᠠᠮᠲᠠᠲᠠᠢ ᠪᠠᠷ ᠪᠠᠷᠠᠬᠤ ᠦᠭᠡᠢ᠂ ᠪᠠᠰᠠ ᠲᠡᠮᠦᠷ ᠠᠭᠤᠯᠵᠤ ᠪᠠᠢᠨ᠎ᠠ᠃ ᠲᠡᠮᠦᠷ ᠤᠨ ᠰᠢᠩᠭᠡᠭᠡᠯᠲᠡ ᠨᠢ ᠤᠯᠠᠨ | ᠵᠦᠢᠯ ᠤᠨ ᠡᠯᠧᠮᠧᠨ᠋ᠲ ᠤᠨ ᠨᠥᠯᠥᠭᠡ ᠶᠢ ᠬᠦᠷᠳᠡᠬᠦ ᠨᠢ ᠴᠢᠬᠤᠯᠠ ᠶᠤᠮ᠃ ᠸᠢᠲ᠋ᠠᠮᠢᠨC ᠨᠢ ᠴᠢᠰᠤᠨ ᠤ ᠤᠯᠠᠭᠠᠨ | ᠡᠳ᠋ ᠪᠤᠰᠤ ᠲᠡᠮᠦᠷ ᠤᠨ ᠰᠢᠩᠭᠡᠭᠡᠯᠲᠡ ᠶᠢ ᠨᠡᠮᠡᠭᠳᠡᠭᠦᠯᠳᠡᠭ᠂ ᠡᠶᠢᠮᠦ ᠠᠴᠠ ᠸᠢᠲ᠋ᠠᠮᠢᠨC ᠡᠯᠪᠡᠭ ᠠᠭᠤᠯᠤᠭᠳᠠᠬᠤ | ᠢᠳᠡᠭᠡᠨ ᠢ ᠬᠠᠪᠰᠤᠷᠭᠠᠨ᠎ᠠ᠂ ᠵᠢᠱᠢᠶᠡᠯᠡᠪᠡᠯ ᠵᠦᠷᠵᠢ ᠶᠢᠨ ᠲᠦᠷᠦᠯ ᠤᠨ ᠵᠢᠮᠢᠰ ᠪᠠ ᠲᠥᠪᠡᠳ ᠬᠠᠰᠢ ᠨᠢ ᠲᠡᠮᠦᠷ ᠤᠨ | ᠰᠢᠩᠭᠡᠭᠡᠯᠲᠡ ᠶᠢ ᠳᠡᠭᠡᠭᠰᠢᠯᠡᠭᠦᠯᠳᠡᠭ᠃ ᠡᠭᠦᠨ ᠤ ᠡᠰᠡᠷᠭᠦ ᠪᠠᠷ᠂ ᠺᠣᠹᠧ ᠪᠣᠯᠣᠨ ᠴᠠᠢ ᠶᠢᠨ ᠳᠣᠲᠣᠷᠠᠬᠢ ᠲᠠᠨᠨᠢᠨ | ᠬᠦᠴᠢᠯ ᠨᠢ ᠲᠡᠮᠦᠷ ᠤᠨ ᠰᠢᠩᠭᠡᠭᠡᠯᠲᠡ ᠶᠢ ᠬᠠᠷᠰᠢᠯᠠᠳᠠᠭ ᠪᠣᠯᠬᠤᠷ ᠳᠡᠭᠡᠳᠦ ᠬᠤᠷᠳᠤᠴᠠᠲᠤ ᠲᠡᠮᠦᠷ ᠵᠠᠮ ᠤᠨ ᠢᠳᠡᠭᠡᠨ | ᠢᠳᠡᠬᠦ ᠦᠶ᠎ᠡ ᠳᠤ ᠤᠤᠭᠤᠬᠤ ᠠᠴᠠ ᠵᠠᠶᠢᠯᠠᠰᠬᠢᠪᠡᠯ ᠬᠠᠮᠤᠭ ᠰᠠᠶᠢᠨ᠃ | ᠡᠳᠡᠭᠡᠷ ᠢᠳᠡᠭᠡᠨ ᠤ ᠨᠢᠭᠤᠴᠠ ᠶᠢ ᠡᠵᠡᠮᠰᠢᠪᠡᠯ᠂ ᠴᠢᠰᠤ ᠨᠥᠬᠦᠬᠦ ᠨᠢ ᠬᠦᠴᠢᠷ ᠠᠰᠠᠭᠤᠳᠠᠯ ᠪᠢᠰᠢ ᠪᠣᠯᠣᠨ᠎ᠠ᠃ | ᠵᠥᠪ ᠢᠳᠡᠭᠡᠨ ᠢ ᠰᠣᠩᠭᠤᠪᠠᠯ ᠰᠠᠶ᠋ᠢ ᠬᠡᠷᠡᠭᠰᠡᠬᠦ ᠲᠡᠮᠦᠷ ᠢ ᠵᠢᠩᠬᠢᠨᠢ ᠨᠥᠬᠦᠪᠦᠷᠢᠯᠡᠵᠦ᠂ ᠴᠢᠰᠤᠨ ᠤ ᠡᠷᠡᠭᠦᠯ | ᠴᠢᠭᠢᠷᠠᠭ ᠢ ᠪᠠᠲᠤᠯᠠᠵᠤ ᠴᠢᠳᠠᠨ᠎ᠠ ᠭᠡᠳᠡᠭ ᠢ ᠴᠡᠭᠡᠵᠢᠯᠡᠵᠦ ᠠᠪᠤᠭᠠᠷᠠᠢ᠃ |