ᠬᠤᠯᠪᠤᠭ᠎ᠠ | | ᠰᠢ ᠶᠢᠨ ᠫᠢᠩ ᠤᠨ《ᠵᠢᠷᠭᠤᠭᠠᠨ ᠦᠭᠡ》 ᠶᠢᠨ ᠵᠣᠷᠢᠭ ᠰᠠᠨᠠᠭ᠎ᠠ ᠶᠢ | ᠰᠠᠶᠢᠲᠤᠷ ᠰᠤᠷᠤᠯᠴᠠᠨ ᠨᠠᠶᠢᠳᠠᠪᠤᠷᠢᠵᠢᠭᠤᠯᠤᠶ᠎ᠠ | | — — ᠦᠯᠵᠡᠶᠢᠸ᠋ᠴᠢᠷ | | | ᠲᠦᠷᠪᠡᠨ ᠤᠳᠠᠰᠤᠲᠤ ᠬᠤᠭᠤᠷ ᠢ ᠪᠠᠨ ᠳ᠋ᠠ | ᠲᠠᠷᠤᠭᠠᠳ ᠯᠠ ᠰᠠᠭᠤᠯ᠎ᠠ ᠪᠡᠶ᠎ᠡ ᠮᠢᠨᠢ | ᠲᠡᠷᠢᠭᠦᠯᠡᠭᠴᠢ ᠰᠢ ᠶᠢᠨ ᠫᠢᠩ ᠤᠨ ᠰᠤᠷᠭᠠᠯ ᠢ | ᠲᠡᠭᠡᠳᠦᠯᠡᠵᠦ ᠲᠠ ᠨᠠᠷ ᠲᠤ ᠪᠠᠨ ᠶᠠᠷᠢᠵᠤ ᠦᠭᠭᠦᠶ᠎ᠡ | ᠲᠡᠷᠢᠭᠦᠯᠡᠭᠴᠢ ᠰᠢ ᠶᠢᠨ ᠫᠢᠩ ᠦᠪᠦᠷ ᠮᠤᠩᠭᠤᠯ ᠳᠤ ᠪᠠᠨ | ︽ᠵᠢᠷᠭᠤᠭᠠᠨ ᠦᠭᠡ︾ ᠶᠢᠨ ᠰᠤᠷᠭᠠᠯ ᠢᠶᠠᠨ ᠬᠠᠶᠢᠷᠠᠯᠠᠭᠰᠠᠨ ᠶᠤᠮ | ᠵᠢᠷᠭᠠᠯᠲᠤ ᠠᠮᠢᠳᠤᠷᠠᠯ ᠢᠶᠠᠨ ᠴᠤᠭᠴᠠᠯᠠᠬᠤ ᠳᠤ | ᠵᠦᠭ ᠴᠢᠭᠯᠡᠯ ᠢ ᠵᠢᠭᠠᠭᠰᠠᠨ ᠶᠤᠮ | ᠬᠠᠶᠢᠲᠠᠩ ᠴᠡᠴᠡᠭ ᠤᠨ ᠭᠤᠶᠤᠬᠠᠨ ᠨᠢ ᠳ᠋ᠠ | ᠬᠤᠷ᠎ᠠ ᠪᠤᠷᠤᠭᠠᠨ ᠤ ᠪᠠᠨ ᠬᠦᠴᠦᠨ ᠳᠤ ᠪᠠᠨ ᠪᠠ | ᠬᠠᠶᠢᠷᠠᠲᠤ ᠦᠪᠦᠷ ᠮᠤᠩᠭᠤᠯ ᠤᠨ ᠮᠢᠨᠢ ᠬᠦᠭᠵᠢᠯᠲᠡ ᠨᠢ | ᠬᠦᠨᠳᠦᠳᠦ ᠨᠠᠮ ᠤᠨ ᠢᠶᠠᠨ ᠢᠪᠡᠭᠡᠯ ᠢᠶᠠᠷ ᠪᠠ | ᠨᠠᠪᠴᠢ ᠴᠡᠴᠡᠭ ᠤᠨ ᠰᠠᠶᠢᠬᠠᠨ ᠨᠢ ᠳ᠋ᠠ | ᠨᠠᠷᠠ ᠬᠤᠷ᠎ᠠ ᠶᠢᠨ ᠢᠶᠠᠨ ᠬᠦᠴᠦᠨ ᠳᠤ ᠪᠠᠨ ᠪᠠ | ᠨᠠᠷᠮᠠᠢ ᠦᠪᠦᠷ ᠮᠤᠩᠭᠤᠯ ᠤᠨ ᠳᠠᠪᠰᠢᠯᠲᠠ ᠨᠢ | ᠨᠠᠮ ᠵᠠᠰᠠᠭ ᠤᠨ ᠢᠶᠠᠨ ᠵᠢᠯᠤᠭᠤᠳᠤᠯᠭ᠎ᠠ ᠪᠠᠷ ᠪᠠ | ᠮᠢᠩᠭ᠎ᠠ ᠶᠢᠰᠦᠨ ᠵᠠᠭᠤ ᠳᠦᠴᠢ ᠳᠤᠯᠤᠭᠠᠨ ᠣᠨ ᠳᠤ | ᠮᠠᠨ ᠤ ᠦᠪᠦᠷ ᠮᠤᠩᠭᠤᠯ ᠪᠠᠶᠢᠭᠤᠯᠤᠭᠳᠠᠭᠰᠠᠨ ᠶᠤᠮ | ᠮᠠᠨᠳᠤᠨ ᠬᠦᠭᠵᠢᠬᠦ ᠦᠢᠯᠡᠰ ᠲᠤ ᠪᠠᠨ | ᠮᠠᠩᠯᠠᠢ ᠪᠣᠯᠣᠭᠠᠳ ᠬᠤᠰᠢᠭᠤᠷᠠᠭᠰᠠᠨ ᠶᠤᠮ | ᠦᠪᠦᠷ ᠮᠤᠩᠭᠤᠯ ᠤᠷᠤᠨ ᠮᠢᠨᠢ ᠳ᠋ᠠ | ᠡᠪ ᠬᠠᠮᠲᠤ ᠨᠠᠮ ᠤᠨ ᠵᠢᠯᠤᠭᠤᠳᠤᠯᠭ᠎ᠠ ᠪᠠᠷ | ᠡᠩ ᠲᠡᠷᠢᠭᠦᠨ ᠳᠤ ᠪᠠᠶᠢᠭᠤᠯᠤᠭᠰᠠᠨ | ᠦᠨᠳᠦᠰᠦᠳᠡᠨ ᠤ ᠭᠠᠵᠠᠷ ᠤᠷᠤᠨ ᠪᠣᠯᠬᠤ ᠶᠤᠮ ᠰᠢᠤ | ᠮᠠᠰᠢ ᠣᠯᠠᠨ ᠵᠢᠯ ᠤᠨ ᠲᠤᠷᠰᠢ ᠳᠤ ᠪᠠᠨ | ᠮᠦᠩᠬᠡ ᠶᠢᠨ ᠬᠦᠰᠢᠶ᠎ᠡ ᠪᠠᠨ ᠪᠣᠰᠬᠠᠭᠰᠠᠨ ᠶᠤᠮ | ᠮᠤᠩᠭᠤᠯ ᠮᠣᠷᠢᠨ ᠤ ᠵᠣᠷᠢᠭ ᠰᠠᠨᠠᠭ᠎ᠠ ᠪᠠᠷ | ᠮᠤᠬᠤᠰᠢ ᠦᠭᠡᠢ ᠵᠢᠳᠬᠦᠨ ᠴᠢᠷᠮᠠᠶᠢᠭᠰᠠᠨ ᠶᠤᠮ | ᠦᠪᠦᠷ ᠮᠤᠩᠭᠤᠯ ᠤᠷᠤᠨ ᠮᠢᠨᠢ ᠳ᠋ᠠ | ᠡᠪ ᠬᠠᠮᠲᠤ ᠨᠠᠮ ᠤᠨ ᠰᠢᠭᠤᠳ ᠤᠳᠤᠷᠢᠳᠤᠯᠭ᠎ᠠ ᠪᠠᠷ | ᠡᠬᠡ ᠤᠷᠤᠨ ᠤ ᠪᠠᠨ ᠡᠯᠢᠭᠡᠨ ᠳᠤ ᠨᠢ | ᠡᠭᠦᠷᠢᠳᠡ ᠰᠦᠨᠳᠡᠷᠯᠡᠨ ᠪᠣᠰᠤᠭᠰᠠᠨ ᠶᠤᠮ | ᠠᠴᠢᠲᠤ ᠨᠠᠮ ᠮᠢᠨᠢ ᠦᠪᠦᠷ ᠮᠤᠩᠭᠤᠯ ᠳᠤ ᠪᠠᠨ | ᠠᠤᠭ᠎ᠠ ᠲᠦᠰᠢᠯᠭᠡ ᠨᠢ ᠪᠣᠯᠣᠭᠰᠠᠨ ᠶᠤᠮ | ᠠᠯᠤᠰ ᠤᠨ ᠠᠶᠠᠨ ᠤ ᠤᠷᠲᠤ ᠳᠤ ᠪᠠᠨ | ᠠᠶᠠᠨ ᠤ ᠵᠠᠯᠠᠭᠤᠷ ᠢ ᠵᠠᠯᠠᠭᠰᠠᠨ ᠶᠤᠮ | ᠦᠪᠦᠷ ᠮᠤᠩᠭᠤᠯ ᠤᠷᠤᠨ ᠮᠢᠨᠢ | ᠡᠷᠡᠯᠬᠡᠭᠯᠡᠨ ᠤᠷᠤᠭᠰᠢᠯᠠᠵᠤ ᠶᠠᠪᠤᠯ᠎ᠠ ᠳ᠋ᠠ | ᠡᠨᠡ ᠬᠦ ᠬᠦᠭᠵᠢᠯᠲᠡ ᠶᠢ ᠣᠯᠣᠭᠰᠠᠨ ᠨᠢ ᠳ᠋ᠠ | ᠡᠪ ᠬᠠᠮᠲᠤ ᠨᠠᠮ ᠤᠨ ᠵᠢᠯᠤᠭᠤᠳᠤᠯᠭ᠎ᠠ ᠪᠠᠷ ᠶᠤᠮ | ᠦᠬᠡᠷ᠎ᠡ ᠬᠡᠨ ᠴᠢᠨᠢ ᠮᠠᠨᠤᠰ ᠢ ᠳ᠋ᠠ | ᠢᠩᠭᠢᠵᠦ ᠶᠡᠬᠡᠪᠡᠷ ᠲᠡᠮᠵᠢᠪᠡ ᠳ᠋ᠡ | ᠡᠪ ᠬᠠᠮᠲᠤ ᠨᠠᠮ ᠤᠨ ᠢᠶᠠᠨ ᠠᠴᠢ ᠭᠠᠪᠢᠶ᠎ᠠ ᠶᠢ | ᠡᠭᠦᠷᠢᠳᠡ ᠰᠠᠨᠠᠭᠠᠯᠵᠠᠵᠤ ᠶᠠᠪᠤᠵᠠᠭᠠᠶ᠎ᠠ | ᠠᠬᠢᠯᠲᠠ ᠳᠠᠪᠰᠢᠯᠲᠠ ᠶᠢᠨ ᠶᠠᠪᠤᠴᠠ ᠳᠤ ᠪᠠᠨ | ᠠᠯᠳᠠᠭ᠎ᠠ ᠲᠤᠲᠠᠭᠳᠠᠯ ᠭᠠᠷᠭᠠᠭᠰᠠᠨ ᠶᠤᠮ | ᠠᠴᠢᠲᠤ ᠨᠠᠮ ᠤᠨ ᠮᠡᠷᠭᠡᠨ ᠪᠤᠳᠤᠯᠭ᠎ᠠ | ᠠᠯᠳᠠᠭ᠎ᠠ ᠳᠤᠲᠠᠭᠳᠠᠯ ᠢ ᠵᠠᠯᠠᠭᠤᠯᠵᠤ ᠦᠭᠭᠦᠭᠰᠡᠨ ᠶᠤᠮ | ᠠᠯᠳᠠᠭ᠎ᠠ ᠳᠤᠲᠠᠭᠳᠠᠯ ᠢᠶᠠᠨ ᠬᠠᠯᠠᠭᠠᠳ | ᠠᠬᠢᠯᠲᠠ ᠶᠢᠨ ᠵᠠᠮ ᠳᠤ ᠪᠠᠨ ᠭᠠᠪᠰᠢᠭᠠᠶᠢᠯᠠᠯᠠ | ᠠᠭᠤᠤ ᠨᠠᠮ ᠤᠨ ᠢᠶᠠᠨ ᠰᠣᠳᠤᠨ ᠵᠢᠭᠠᠪᠤᠷᠢ ᠶᠢ | ᠠᠯᠤᠰ ᠤᠨ ᠴᠠᠮᠬᠠᠭ ᠢᠶᠠᠨ ᠪᠤᠯᠭᠠᠯ᠎ᠠ | ᠦᠪᠦᠷ ᠮᠤᠩᠭᠤᠯᠴᠤᠳ ᠤᠨ ᠳᠠᠪᠠᠭᠤᠯᠢᠭ ᠨᠢ ᠳ᠋ᠠ | ᠤᠬᠠᠮᠰᠠᠷ ᠲᠠᠨᠢᠯᠲᠠ ᠨᠢ ᠦᠨᠳᠦᠷ ᠶᠤᠮ | ᠡᠪ ᠬᠠᠮᠲᠤ ᠨᠠᠮ ᠤᠨ ᠢᠶᠠᠨ ᠦᠭᠡ ᠶᠢ ᠪᠠᠨ ᠳ᠋ᠠ | ᠡᠭᠦᠷᠢᠳᠡ ᠰᠤᠨᠤᠰᠤᠨ ᠤᠷᠤᠭᠰᠢᠯᠠᠬᠤ ᠶᠤᠮ | ᠳᠠᠭᠤᠷᠢᠶᠠᠯ ᠪᠤᠯᠤᠭᠰᠠᠨ ᠦᠪᠦᠷ ᠮᠤᠩᠭᠤᠯ ᠮᠢᠨᠢ | ᠳᠠᠭᠤᠷᠢᠶᠠᠯ ᠤᠨ ᠬᠦᠴᠦᠨ ᠢᠶᠠᠨ ᠪᠠᠳᠠᠷᠠᠭᠤᠯᠤᠶ᠎ᠠ | ᠲᠦᠮᠡ ᠮᠢᠩᠭᠠᠨ ᠣᠨ ᠳᠤ ᠪᠠᠨ ᠪᠢᠳᠡ | ᠳᠠᠭᠤᠳᠠᠬᠤ ᠠᠯᠳᠠᠷ ᠢᠶᠠᠨ ᠳᠠᠭᠤᠷᠢᠰᠤᠭᠤᠯᠤᠶᠠ | 《ᠵᠢᠷᠭᠤᠭᠠᠨ ᠦᠭᠡ 》 ᠶᠢᠨ ᠵᠣᠷᠢᠭ ᠰᠠᠨᠠᠭ᠎ᠠ ᠶᠢ | ᠵᠤᠷᠪᠤᠰ ᠳᠠᠷᠠᠭᠠᠯᠠᠨ ᠲᠠᠨᠢᠯᠴᠠᠭᠤᠯᠤᠯ᠎ᠠ | ᠦᠢᠯᠡᠳᠦᠯᠭᠡ ᠠᠵᠢᠯ ᠳᠤ ᠪᠠᠨ ᠬᠡᠷᠡᠭᠵᠢᠭᠦᠯᠬᠦ ᠶᠢ | ᠡᠷᠬᠢᠮ ᠲᠠᠨ ᠳᠤ ᠪᠠᠨ ᠬᠦᠰᠡᠨ ᠨᠠᠶᠢᠳᠠᠶ᠎ᠠ ᠳ᠋ᠠ | ᠲᠡᠷᠢᠭᠦᠯᠡᠭᠴᠢ ᠰᠢ ᠶᠢᠨ ᠫᠢᠩ ᠤᠨ ᠰᠤᠷᠭᠠᠯ ᠢ | ᠲᠡᠷᠢᠭᠦᠯᠡᠨ ᠪᠢᠳᠡ ᠨᠠᠷ ᠰᠤᠷᠤᠯᠴᠠᠶ᠎ᠠ | ᠲᠠᠨᠢᠯᠲᠠ ᠤᠬᠠᠮᠰᠠᠷ ᠢᠶᠠᠨ ᠳᠡᠭᠡᠭᠰᠢᠯᠡᠭᠦᠯᠦᠭᠡᠳ | ᠲᠠᠷᠢᠬᠢ ᠲᠤᠯᠤᠭᠠᠢ ᠪᠠᠨ ᠵᠡᠪᠰᠡᠭᠯᠡᠶᠡ | ᠨᠠᠮ ᠤᠨ ᠢᠶᠠᠨ ᠰᠤᠷᠭᠠᠯ ᠢ ᠰᠤᠨᠤᠰᠴᠤ ᠶᠠᠪᠤᠶ᠎ᠠ | ᠨᠠᠷᠮᠠᠢ ᠦᠢᠯᠡᠰ ᠢᠶᠠᠨ ᠪᠦᠳᠦᠭᠡᠵᠦ ᠶᠠᠪᠤᠶ᠎ᠠ | ᠨᠠᠨᠳᠢᠨ ᠵᠢᠳᠬᠦᠯ ᠢᠶᠠᠨ ᠨᠡᠮᠡᠷᠢᠯᠡᠵᠦ ᠶᠠᠪᠤᠶ᠎ᠠ | ᠨᠠᠰᠤᠨ ᠲᠤᠷᠰᠢ ᠳᠤ ᠪᠠᠨ ᠴᠢᠷᠮᠠᠶᠢᠵᠤ ᠶᠠᠪᠤᠶ᠎ᠠ | 《 ᠵᠢᠷᠭᠤᠭᠠᠨ ᠦᠭᠡ》 ᠶᠢᠨ ᠵᠣᠷᠢᠭ ᠰᠠᠨᠠᠭ᠎ᠠ ᠶᠢ | ᠵᠢᠷᠦᠬᠡᠨ ᠳᠤ ᠪᠠᠨ ᠰᠠᠭᠤᠲᠠᠯ᠎ᠠ ᠰᠤᠷᠤᠯᠴᠠᠶ᠎ᠠ | ᠵᠦᠢᠲᠡᠢ ᠰᠠᠶᠢᠬᠠᠨ ᠦᠪᠦᠷ ᠮᠤᠩᠭᠤᠯ ᠢᠶᠠᠨ | ᠵᠢᠷᠤᠭ ᠰᠢᠭ᠋ ᠭᠤᠶᠤᠬᠠᠨ ᠪᠦᠳᠦᠭᠡᠨ ᠪᠠᠶᠢᠭᠤᠯᠤᠶ᠎ᠠ | ᠠᠯᠲᠠᠨ ᠰᠠᠶᠢᠬᠠᠨ ᠰᠤᠷᠭᠠᠯ ᠢ ᠨᠢ | ᠠᠮᠠᠨ ᠣᠩᠰᠢᠯᠭ᠎ᠠ ᠪᠠᠨ ᠪᠣᠯᠭᠠᠶ᠎ᠠ | ᠠᠵᠢᠯ ᠤᠨ ᠶᠠᠪᠤᠴᠠ ᠳᠤ ᠪᠠᠨ ᠬᠡᠷᠡᠭᠵᠢᠭᠦᠯᠦᠶ᠎ᠡ | ᠠᠯᠬᠤᠮ ᠪᠦᠷᠢ ᠳᠤ ᠪᠠᠨ ᠵᠢᠷᠤᠮᠯᠡᠶᠡ | | | 2023ᠣᠨ ᠤ 12 ᠰᠠᠷ᠎ᠠ ᠶᠢᠨ 20 ᠤ ᠡᠳᠦᠷ |