ᠲᠠᠮᠠᠬᠢ ᠶᠢᠨ ᠤᠭᠤᠳᠠ ᠤᠶᠤᠬᠤ ᠮᠡᠷᠭᠡᠵᠢᠯ
ᠨᠡᠶᠢᠲᠡᠯᠡᠭᠰᠡᠨ ᠴᠠᠭ᠄
2024/4/22
    ᠮᠤᠩᠭᠤᠯ ᠦᠨᠳᠣᠰᠣᠳᠡᠨ ᠦᠪᠡᠷ ᠤᠨ ᠢᠶᠠᠨ ᠵᠠᠩ ᠵᠠᠩᠰᠢᠯ ᠲᠠᠢ ᠪᠠᠶᠢᠳᠠᠭ ᠠᠴᠠ ᠡᠷᠲᠡ ᠢᠵᠠᠭᠤᠷ ᠠᠴᠠ ᠪᠠᠨ ᠦᠪᠯᠡᠨ ᠤᠯᠠᠮᠵᠢᠯᠠᠭᠰᠠᠨ ᠲᠡᠭᠷᠢ ᠭᠠᠵᠠᠷ ᠢ ᠲᠠᠬᠢᠬᠤ᠂  ᠭᠠᠯ ᠣᠰᠣ ᠪᠠᠨ ᠲᠠᠬᠢᠬᠤ᠂ ᠤᠪᠤᠭ᠎ᠠ ᠱᠠᠩᠰᠢ ᠲᠠᠬᠢᠬᠤ ᠁ ᠵᠡᠷᠭᠡ ᠶᠢᠨ ᠠᠯᠢ ᠤᠯᠠᠨ ᠶᠤᠰᠤ ᠵᠠᠩᠰᠢᠯ ᠪᠠᠶᠢᠳᠠᠭ᠃ ᠵᠢᠱᠢᠶᠡᠯᠡᠪᠡᠯ᠄ ᠠᠯᠤᠰ ᠬᠤᠯᠠ ᠶᠢᠨ ᠠᠶᠠᠨ ᠵᠠᠮ ᠳᠤ ᠮᠤᠷᠳᠠᠬᠤ ᠳᠤ ᠴᠦ ᠰᠠᠷᠬᠤᠳ ᠢᠶᠠᠨ ᠰᠦᠷᠴᠢᠵᠦ᠂ ᠰᠠᠴᠤᠯᠢ ᠪᠠᠨ ᠮᠢᠯᠢᠶᠠᠳᠠᠭ᠃ ᠡᠨᠡ ᠨᠢ ᠲᠠᠷᠦᠢ ᠦᠪᠡᠷ ᠢ ᠪᠠᠨ ᠰᠠᠶᠢᠨ ᠰᠠᠶᠢᠬᠠᠨ ᠤ ᠬᠦᠰᠡᠯ ᠰᠡᠳᠭᠢᠯᠭᠡ ᠪᠠᠨ ᠪᠡᠶᠡᠯᠡᠬᠦᠯᠬᠦ ᠶᠢ ᠵᠦᠩᠨᠡᠵᠦ ᠪᠠᠶᠢᠭ᠎ᠠ ᠵᠠᠩ ᠵᠠᠩᠰᠢᠯ ᠪᠣᠯᠣᠨ᠎ᠠ᠃   ᠡᠷᠲᠡ ᠳᠤ ᠮᠤᠩᠭᠤᠯᠴᠤᠳ ᠪᠡᠶ᠎ᠡ ᠳᠡᠭᠡᠨ ᠶᠡᠷᠦᠨᠢ ︽ᠭᠠᠯ︾ ᠠᠪᠴᠤ ᠶᠠᠪᠤᠳᠠᠭ᠃  ᠡᠨᠡ ︽ᠭᠠᠯ︾ ᠨᠢ ᠭᠠᠯ ᠡᠭᠦᠰᠭᠡᠭᠦᠷ ᠴᠠᠬᠢᠭᠤᠷ ᠴᠢᠯᠠᠭᠤ ᠭᠡᠳᠡ ᠬᠢᠳᠤᠭ᠎ᠠ ᠪᠤᠯᠤᠨ᠎ᠠ᠃  ᠴᠠᠬᠢᠭᠤᠷ ᠭᠡᠳᠡ ᠶᠢ ᠬᠠᠯᠠᠭᠤᠨ ᠭᠠᠯ᠂ ᠲᠤᠯᠠᠭᠠᠨ ᠢᠯᠴᠢ ᠶᠢᠨ ᠪᠠᠯᠭᠡ ᠲᠡᠮᠳᠡᠭ ᠢᠶᠠᠷ ᠦᠵᠡᠵᠦ᠂  ᠦᠷᠭᠡᠨ ᠠᠭᠤᠳᠠᠮ ᠲᠠᠯ᠎ᠠ ᠨᠣᠳᠤᠭ ᠲᠤ ᠪᠠᠨ ᠨᠡᠭᠦᠳᠡᠯᠯᠡᠨ ᠮᠠᠯᠵᠢᠬᠤ  ᠳᠤ ᠪᠠᠨ ︽ᠭᠠᠯ︾ ᠢᠶᠠᠨ ᠪᠡᠶ᠎ᠡ ᠳᠤ ᠪᠠᠨ ᠠᠪᠴᠦ ᠶᠠᠪᠤᠵᠦ᠂ ᠬᠦᠢᠳᠡᠨ ᠨᠤᠶᠢᠳᠡᠨ ᠳᠤ ᠭᠠᠯ ᠲᠦᠯᠡᠵᠦ ᠪᠡᠶ᠎ᠡ ᠪᠠᠨ ᠲᠤᠯᠠᠭᠠᠴᠢᠬᠤ ᠪᠠ ᠲᠠᠮᠠᠬᠢ ᠲᠠᠳᠠᠵᠦ ᠪᠡᠶ᠎ᠡ ᠪᠠᠨ ᠬᠠᠯᠠᠰᠬᠠᠳᠠᠭ ᠶᠤᠮ᠃   ᠮᠤᠩᠭᠤᠯᠴᠤᠳ ᠬᠢᠳᠤᠭ᠎ᠠ ᠶᠢ ᠬᠤᠤᠷᠲᠠᠨ ᠲᠠᠶᠢᠰᠣᠨ ᠤ ᠲᠠᠷᠤᠯᠭ᠎ᠠ ᠭᠡᠵᠦ ᠦᠵᠡᠳᠡᠭ ᠠᠴᠠ ᠦᠳᠡᠯᠥᠭᠰᠡᠨ ᠵᠠᠯᠠᠭᠤ ᠦᠭᠡᠢ ᠭᠠᠳᠠᠭᠰᠢ ᠭᠠᠷᠪᠠᠯ ᠪᠦᠰᠡᠨ ᠠᠴᠠ ᠪᠠᠨ ᠬᠢᠳᠤᠭ᠎ᠠ ᠰᠠᠯᠭᠠᠯ ᠦᠭᠡᠢ ᠰᠦᠢᠷᠡᠳᠡᠭ ᠵᠠᠩᠰᠢᠯ ᠲᠠᠢ᠃  ᠡᠷ᠎ᠡ ᠬᠦᠮᠥᠨ ᠬᠢᠳᠤᠭ᠎ᠠ ᠪᠠᠨ ᠪᠠᠷᠠᠭᠤᠨ ᠲᠠᠯ᠎ᠠ ᠳᠠᠭᠠᠨ ᠵᠡᠬᠦᠵᠦ᠂ ᠬᠡᠳᠡ ᠪᠠ ᠭᠠᠩᠰᠠ᠂ ᠲᠠᠮᠠᠬᠢᠨ ᠣᠭᠤᠳᠠ ᠪᠠᠨ ᠵᠡᠬᠦᠨ ᠲᠠᠯ᠎ᠠ ᠳᠠᠭᠠᠨ ᠵᠡᠬᠦᠳᠡᠭ᠃  ᠭᠡᠭᠦ ᠳᠡᠭᠡᠨ ᠡᠪᠣᠭᠡᠴᠣᠳ ᠪᠠ ᠵᠠᠯᠠᠭᠤᠴᠤᠳ ᠤᠨ ᠵᠡᠬᠦᠬᠦ ᠭᠡᠳᠡ ᠬᠢᠳᠤᠭ᠎ᠠ᠂ ᠳ᠋ᠠᠢ ᠲᠠᠮᠠᠬᠢᠨ ᠤᠭᠤᠳᠠ ᠨᠢ ᠦᠩᠭᠡ ᠪᠣᠳᠤᠭ ᠪᠠ ᠬᠢᠴᠡ ᠶᠢᠨ ᠲᠠᠯ᠎ᠠ ᠪᠠᠷ  ᠪᠦᠷᠢᠨ ᠢᠯᠭᠠᠭ᠎ᠠ ᠵᠦᠷᠢᠶ᠎ᠡ ᠲᠠᠢ ᠪᠠᠶᠢᠳᠠᠭ᠃   ᠲᠠᠮᠠᠬᠢᠨ ᠤᠭᠤᠳᠠ ᠶᠢ ᠮᠤᠩᠭᠤᠯᠴᠤᠳ ᠲᠦᠢᠯ ᠢᠶᠠᠷ ᠡᠷᠬᠢᠮᠯᠡᠳᠡᠭ᠃  ᠲᠠᠮᠠᠬᠢᠨ ᠤᠭᠤᠲᠠ ᠨᠢ ᠨᠠᠪᠴᠢᠨ ᠲᠠᠮᠠᠬᠢ  ᠪᠠᠨ ᠬᠢᠳᠡᠭ ᠤᠭᠤᠳᠠ ᠶᠢ ᠬᠡᠯᠡᠨ᠎ᠡ᠃  ᠲᠠᠮᠠᠬᠢᠨ ᠤᠭᠤᠳᠠ ᠶᠢ ᠶᠠᠩᠵᠦ ᠪᠤᠯᠭᠠᠨ ᠢᠶᠠᠷ ᠬᠢᠳᠡᠭ᠃  ᠵᠡᠭᠡᠷ᠎ᠡ ᠵᠡᠷᠭᠡ  ᠶᠢᠨ ᠬᠡᠬᠡᠷ᠎ᠡ ᠶᠢᠨ ᠠᠮᠢᠳᠡᠨ ᠤ ᠠᠷᠠᠰᠦ ᠪᠤᠶᠤ ᠦᠭᠡᠷ ᠮᠠᠯ ᠤᠨ ᠴᠠᠪᠢ ᠰᠣᠭᠤ ᠶᠢᠨ ᠵᠦᠭᠡᠯᠡᠨ ᠠᠷᠠᠰᠣ᠂  ᠬᠤᠨᠢᠨ ᠠᠷᠠᠰᠣ ᠶᠢ ᠵᠦᠭᠡᠯᠡᠷᠡᠳᠡᠯ᠎ᠡ ᠡᠯᠳᠡᠵᠦ᠂ ᠡᠪ ᠶᠠᠩᠵᠤᠳᠠᠢ ᠤᠭᠤᠳᠠ ᠪᠤᠯᠭᠠᠵᠦ ᠣᠶᠣᠬᠤ ᠳᠤ ᠪᠠᠨ ᠢᠷᠦᠭᠠᠷ ᠲᠤ ᠨᠢ ᠨᠢᠮᠭᠡᠨ ᠰᠣᠷ ᠢ ᠨᠠᠷᠢᠨ ᠵᠦᠰᠣᠵᠦ᠂ ᠰᠠᠴᠤᠭ ᠮᠤᠨᠴᠤᠭ ᠪᠤᠯᠭᠠᠨ ᠬᠢᠭᠰᠡᠨ ᠠᠷᠠᠰᠣᠨ ᠤᠭᠤᠳᠠ ᠪᠠᠶᠢᠨ᠎ᠠ᠃ ᠠᠮᠠᠰᠠᠷ ᠲᠡᠭᠡᠷ᠎ᠡ ᠨᠢ ᠦᠯᠵᠡᠢ ᠵᠠᠩᠬᠢᠶ᠎ᠠ ᠵᠡᠷᠭᠡ ᠪᠡᠯᠭᠡ ᠲᠠᠢ ᠶᠠᠭᠤᠮ᠎ᠠ ᠵᠠᠩᠭᠢᠳᠳᠠᠭ᠃ ᠤᠭᠤᠳᠠᠨ ᠲᠡᠭᠡᠷ᠎ᠡ ᠪᠠᠰᠠ ᠭᠠᠩᠰᠠ  ᠶᠢᠨ ᠰᠢᠪᠤᠭᠦᠷ ᠪᠠ ᠴᠢᠬᠢᠨ ᠤᠬᠤᠴᠢᠭᠤᠷ᠂ ᠰᠢᠳᠦᠨ ᠴᠢᠭᠴᠢᠯᠡᠬᠦᠷ ᠢᠶᠠᠨ ᠬᠤᠯᠪᠤᠴᠢᠬᠠᠳᠠᠭ᠃    ᠪᠦᠰ ᠪᠤᠶᠤ ᠲᠤᠷᠭ᠎ᠠ ᠲᠤᠷᠳᠤᠩ ᠢᠶᠠᠷ ᠲᠠᠮᠠᠬᠢᠨ ᠤᠭᠤᠳᠠ ᠬᠢᠬᠦ ᠳᠡᠭᠡᠨ ᠲᠡᠭᠡᠷ᠎ᠡ ᠨᠢ ᠵᠠᠪᠠᠯ ᠬᠠᠳᠬᠤᠮᠠᠯ ᠪᠤᠶᠤ ᠨᠠᠭᠠᠮᠠᠯ ᠬᠤᠸᠠᠷ ᠤᠶᠤᠨ᠎ᠠ᠃  ᠬᠤᠸᠠᠷ ᠲᠠᠢ ᠤᠭᠤᠳᠠᠨ ᠳᠤ ᠵᠠᠪᠠᠯ ᠫᠢᠶᠤᠤᠳᠠᠢ ᠬᠢᠨ᠎ᠡ᠃ ᠫᠢᠶᠤᠤᠳᠠᠢ ᠶᠢᠨ ᠲᠤᠭ᠎ᠠ  ᠨᠢ ᠬᠤᠶᠠᠷ᠂ ᠲᠦᠷᠪᠡ᠂ ᠵᠢᠷᠭᠤᠭ᠎ᠠ᠂ ᠨᠠᠢᠮᠠ ᠶᠢᠨ ᠪᠦᠷ ᠪᠠᠶᠢᠵᠦ ᠪᠤᠯᠤᠨ᠎ᠠ᠃   ᠵᠢᠷᠭᠤᠭ᠎ᠠ᠂ ᠨᠠᠢᠮᠠᠨ ᠫᠢᠶᠤᠤᠳᠠᠢ ᠲᠠᠢ ᠤᠭᠤᠳᠠ ᠶᠢ ᠣᠯᠠᠩᠭᠢ ᠳᠤ ᠪᠠᠨ ᠰᠢᠨ᠎ᠡ ᠬᠦᠷᠭᠡᠨ ᠳᠤ ᠵᠡᠬᠦᠯᠭᠡᠳᠡᠭ᠃ ᠵᠠᠷᠢᠮ ᠶᠡᠭᠡ ᠯᠠᠷᠵᠠ ᠰᠣᠷᠳᠣᠭᠤ ᠲᠠᠢ ᠶᠡᠷᠦ ᠶᠢᠨ ᠬᠦᠮᠥᠨ ᠴᠦ ᠡᠶᠢᠮᠥ ᠤᠭᠤᠳᠠ ᠶᠢ ᠵᠡᠭᠦᠴᠢᠭᠡᠳᠡᠭ᠃  ᠡᠶᠢᠮᠥ ᠤᠭᠤᠳᠠ ᠶᠢ ᠪᠤᠯ ᠶᠡᠷᠦ ᠶᠢᠨ ᠤᠭᠤᠳᠠ ᠠᠴᠠ ᠪᠠᠨ ᠶᠡᠭᠡ ᠪᠦᠭᠡᠳ ᠬᠤᠶᠠᠷ ᠲᠠᠯ᠎ᠠ ᠳᠤᠨᠢ ᠪᠦᠷ ᠬᠤᠸᠠᠷ ᠣᠶᠣᠬᠤ ᠪᠠ ᠭᠠᠭᠴᠠ ᠲᠠᠯ᠎ᠠ ᠳᠤᠨᠢ ᠬᠤᠸᠠᠷ ᠣᠶᠣᠭᠰᠠᠨ ᠴᠦ ᠪᠤᠯᠤᠨ᠎ᠠ᠃ ᠶᠡᠷᠦ ᠶᠢᠨ ᠲᠠᠮᠠᠬᠢᠨ ᠤᠭᠤᠳᠠ ᠶᠢ ᠪᠤᠯ ᠨᠠᠷᠢᠨ ᠦᠵᠦᠭᠦᠷᠯᠡᠵᠦ ᠲᠤᠮᠲᠠ ᠠᠴᠠ ᠲᠡᠭᠡᠭᠰᠢ ᠬᠡᠰᠡᠭ ᠲᠤ ᠪᠣᠰᠤᠭ᠎ᠠ ᠠᠮᠠᠰᠠᠷ ᠭᠠᠷᠭᠠᠳᠠᠭ᠃ ᠡᠷᠡᠭᠳᠡᠶᠢᠴᠣᠳ ᠪᠤᠯ ᠲᠠᠮᠠᠬᠢᠨ ᠤᠭᠤᠳᠠᠨ ᠳᠠᠭᠠᠨ ᠡᠯᠬᠦᠬᠦᠷ ᠬᠢᠵᠦ ᠵᠡᠬᠦᠨ ᠲᠠᠰᠢᠶ᠎ᠠ ᠲᠡᠭᠡᠷ᠎ᠡ ᠪᠠᠨ ᠰᠦᠢᠷᠡᠳᠡᠭ᠃  ᠡᠮᠡᠭᠳᠡᠢ ᠬᠦᠮᠥᠨ ᠪᠤᠯ ᠤᠭᠤᠳᠠᠨ ᠳᠠᠭᠠᠨ ᠡᠯᠬᠦᠬᠦᠷ ᠬᠢᠳᠡᠭ ᠦᠭᠡᠢ᠃  ᠶᠡᠷᠦ ᠶᠢᠨ ᠦᠶ᠎ᠡ ᠳᠤ ᠤᠯᠠᠩᠭᠢ ᠨᠢ ᠰᠣᠭᠤ ᠶᠢᠨ ᠲᠤᠪᠴᠢᠨ ᠠᠴᠠ  ᠪᠠᠨ ᠡᠯᠬᠦᠵᠦ ᠵᠡᠬᠦᠵᠦ ᠶᠠᠪᠤᠳᠠᠭ᠃  ᠪᠠᠰᠠ  ᠵᠠᠷᠢᠮ ᠨᠢ ᠬᠠᠷᠮᠠᠨ ᠳᠠᠭᠠᠨ ᠬᠢᠴᠢᠭᠡᠳᠡᠭ ᠴᠦ ᠪᠤᠢ᠃  ᠤᠭᠤᠳᠠᠨ ᠡᠯᠭᠦᠭᠦᠷ ᠲᠤ ᠶᠠᠩᠵᠦ ᠶᠢᠨ ᠡᠳ᠋ ᠢᠶᠠᠷ ᠬᠢᠭᠰᠡᠨ ᠡᠯᠬᠦᠬᠦᠷ ᠪᠠᠶᠢᠳᠠᠭ᠃ ᠵᠢᠩᠭᠢᠨᠢ ᠬᠠᠰ ᠡᠯᠬᠦᠬᠦᠷ ᠪᠤᠯ ᠬᠤᠷᠴᠢᠨᠴᠤᠳ  ᠤᠨ ᠬᠠᠶᠢᠷᠯᠠᠵᠦ ᠡᠷᠬᠢᠮᠯᠡᠳᠡᠭ ᠡᠳ᠋ ᠪᠤᠯᠤᠨ᠎ᠠ᠃  ᠡᠭᠦᠨ ᠠᠴᠠ ᠭᠠᠳᠠᠨ᠎ᠠ ᠮᠥᠩᠭᠦᠨ ᠡᠯᠭᠦᠭᠦᠷ᠂  ᠤᠵᠢᠷᠭᠠᠨ ᠰᠡᠶᠢᠯᠥᠮᠡᠯ᠂ ᠮᠥᠩᠭᠦᠨ ᠵᠤᠭᠤᠰ᠂ ᠵᠡᠰ᠂ ᠭᠠᠣᠯᠢ ᠵᠡᠷᠭᠡ ᠪᠠᠷ ᠬᠢᠭᠰᠡᠨ ᠡᠯᠬᠦᠬᠦᠷ ᠴᠦ ᠪᠠᠶᠢᠳᠠᠭ᠃   ᠬᠦᠮᠥᠰ ᠤᠨ ᠠᠮᠢᠳᠦᠷᠠᠯ ᠤᠨ ᠦᠭᠡᠷᠡᠴᠢᠯᠡᠯᠲᠡ ᠬᠦᠭᠵᠢᠯᠲᠡ ᠶᠢ ᠢᠳᠡᠭ ᠢᠳᠡᠭ ᠢᠶᠠᠷ ᠲᠠᠭᠠᠯᠳᠣᠨ ᠵᠤᠬᠢᠴᠠᠯᠳᠣᠭᠤᠯᠵᠦ ᠪᠦᠰ ᠢᠶᠠᠷ ᠬᠢᠳᠡᠭ ᠠᠴᠠ ᠦᠩᠭᠡᠲᠦ ᠲᠤᠷᠭ᠎ᠠ ᠲᠤᠷᠳᠣᠩ ᠢᠶᠠᠷ ᠡᠰᠬᠡᠨ ᠣᠷᠠᠯᠠᠵᠦ ᠤᠶᠤᠭᠠᠳ ᠦᠭᠡᠳᠡ ᠠᠮᠠᠰᠠᠷ ᠲᠠᠢ᠂ ᠪᠡᠯᠭᠡ ᠲᠡᠮᠪᠠᠷᠢᠯ ᠲᠠᠢ ᠲᠠᠮᠠᠬᠢᠨ ᠤᠭᠤᠳᠠ ᠪᠤᠯᠭᠠᠨ ᠭᠡᠷᠡᠭᠯᠡᠬᠦ ᠪᠤᠯᠵᠠᠢ᠃   ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠶᠡᠷᠦ ᠨᠢ ᠬᠤᠪᠴᠠᠰᠦ ᠬᠤᠨᠠᠷ᠂ ᠵᠠᠰᠠᠯ ᠴᠢᠮᠡᠭᠯᠡᠯ ᠤᠨ ᠵᠠᠩ ᠦᠢᠯᠡ ᠪᠠᠨ ᠤᠯᠠᠮᠵᠢᠯᠠᠯᠲᠤ ᠵᠠᠩ ᠦᠢᠯᠡ ᠶᠢᠨ ᠴᠢᠬᠤᠯᠠ ᠨᠢᠬᠡᠨ ᠬᠡᠰᠡᠭ ᠪᠤᠯᠭᠠᠨ ᠦᠵᠡᠳᠡᠭ᠃ ︽ᠬᠦᠮᠥᠨ ᠡᠮᠥᠰᠭᠡᠯ ᠢᠶᠠᠷ᠂ ᠮᠠᠯ ᠮᠢᠬ᠎ᠠ ᠪᠠᠷ︾ ᠭᠡᠳᠡᠭ ᠢᠶᠠᠷ ᠬᠤᠪᠴᠠᠰᠣ ᠬᠤᠨᠠᠷ᠂ ᠵᠠᠰᠠᠯ ᠴᠢᠮᠡᠭᠯᠡᠯ ᠨᠢ ᠪᠠᠶᠢᠭᠠᠯᠢ  ᠶᠢᠨ ᠠᠭᠤᠷ ᠠᠮᠢᠰᠬᠤᠯ᠂ ᠴᠠᠭ ᠦᠶ᠎ᠡ᠂ ᠪᠠᠶᠠᠷ ᠨᠠᠶᠢᠷ᠂ ᠦᠢᠯᠡᠳᠪᠤᠷᠢᠯᠡᠯ ᠲᠠᠢ ᠵᠤᠬᠢᠴᠠᠵᠦ᠂ ᠬᠦᠮᠥᠨ ᠳᠤ ᠰᠦᠷ ᠵᠢᠪᠬᠤᠭ᠎ᠠ ᠨᠡᠮᠡᠵᠦ᠂ ᠵᠠᠰᠠᠯ ᠦᠵᠡᠯ ᠢ ᠨᠡᠮᠡᠭᠳᠡᠭᠦᠯᠥᠨ᠂ ᠤᠶᠤᠨ ᠰᠣᠶᠣᠯ ᠳᠤ ᠰᠠᠯᠤᠰᠢ ᠦᠭᠡᠢ ᠪᠦᠷᠢᠯᠳᠦᠭᠦᠨ ᠵᠦᠢᠯᠡᠰ ᠪᠤᠯᠤᠨ᠎ᠠ᠃ ᠮᠤᠩᠭᠤᠯ ᠢᠷᠦᠭᠡᠯ ᠮᠠᠭᠳᠠᠭᠠᠯ ᠳᠤ᠄   ︽ᠲᠡᠭᠵᠢᠷᠡᠬᠦ ᠲᠦᠷᠦ ᠶᠢᠨ ᠲᠡᠪᠡᠯ  \ ᠲᠡᠭᠡᠭᠦᠷ ᠨᠢ ᠡᠮᠥᠰᠬᠦ ᠬᠦᠷᠮ᠎ᠡ    ᠮᠠᠨᠳᠣᠬᠤ ᠲᠦᠷᠦ ᠶᠢᠨ ᠮᠠᠯᠠᠭᠠᠢ  \  ᠮᠠᠯᠠᠭᠠᠢ ᠲᠡᠭᠡᠷ᠎ᠡ ᠨᠢ ᠵᠠᠯᠠᠭ᠎ᠠ    ᠪᠦᠳᠦᠬᠦ ᠲᠦᠷᠦ ᠶᠢᠨ ᠪᠦᠰᠡ  \  ᠪᠦᠷᠢᠨ ᠬᠢᠴᠡ ᠲᠠᠢ ᠬᠢᠳᠤᠭ᠎ᠠ    ᠳ᠋ᠦᠢᠭᠡᠷ ᠮᠥᠩᠭᠦᠨ ᠲᠤᠤᠬᠠᠢ  \  ᠲᠤᠷᠪᠠᠨ ᠫᠢᠶᠤᠤᠳᠠᠢ ᠲᠠᠢ ᠬᠠᠪᠳᠠᠭ᠎ᠠ    ᠡᠪᠤᠳᠦᠭ ᠲᠤ ᠡᠮᠥᠰᠬᠦ ᠲᠤᠤᠬᠤᠤ  \  ᠦᠯᠮᠡᠢ ᠳᠤ ᠡᠮᠥᠰᠬᠦ ᠤᠶᠢᠮᠤᠰᠤ   ᠦᠷᠭᠡᠨ ᠣᠷᠲᠣ ᠪᠦᠰᠡ \ ᠦᠬᠡᠳᠡ ᠠᠮᠠᠰᠠᠷ ᠲᠠᠢ ᠤᠭᠤᠳᠠ ᠁︾ ᠭᠡᠭᠦ ᠮᠡᠳᠦ ᠪᠠᠷ ᠡᠷᠡᠭᠲᠡᠢ᠂ ᠡᠮᠡᠭᠲᠡᠢ᠂ ᠨᠠᠰᠣ ᠵᠢᠯ ᠤᠨ ᠢᠯᠭᠠᠯ ᠢᠶᠠᠷ ᠡᠮᠥᠰᠴᠦ ᠵᠡᠭᠦᠳᠡᠭ᠃     ᠪᠦᠰᠡ ᠪᠦᠰᠡᠯᠡᠬᠦ ᠨᠢ ᠮᠤᠩᠭᠤᠯᠴᠣᠳ ᠤᠨ ᠬᠤᠪᠴᠠᠰᠣ ᠵᠠᠰᠠᠯ ᠤᠨ ᠴᠢᠬᠤᠯᠠ ᠨᠢᠭᠡᠨ ᠬᠡᠰᠡᠭ ᠮᠥᠨ᠃ ᠪᠦᠰᠡ ᠭᠡᠰᠡᠨ ᠨᠢ ᠲᠡᠷᠯᠢᠭ ᠡᠮᠥᠰᠬᠦ ᠳᠤ ᠪᠦᠰᠡᠯᠡᠬᠦᠷ ᠢᠶᠠᠷ ᠢᠶᠠᠨ ᠤᠷᠢᠶᠠᠳᠠᠭ ᠭᠡᠳᠦᠨ ᠠᠯᠳᠠ ᠣᠷᠳᠣ ᠪᠦᠰ ᠢ ᠬᠡᠯᠡᠵᠦ ᠪᠤᠢ ᠃ ᠪᠦᠰᠡ ᠳᠤ ᠭᠤᠷᠪᠠᠨ ᠠᠯᠲᠠ᠂ ᠲᠠᠪᠤ ᠵᠢᠷᠭᠤᠭᠠᠨ ᠠᠯᠲᠠ ᠪᠦᠰᠡ ᠪᠤᠢ᠃ ᠪᠦᠰᠡ ᠨᠢ ᠲᠤᠩ ᠤᠯᠠᠨ ᠭᠡᠷᠡᠭᠴᠡᠭᠡ  ᠲᠠᠢ ᠪᠠᠶᠢᠳᠠᠭ᠃  ᠠᠭᠲᠠ ᠶᠢᠨ ᠨᠢᠷᠤᠭᠤᠨ ᠲᠡᠭᠡᠷ᠎ᠡ ᠪᠡᠶ᠎ᠡ ᠶᠢ ᠲᠤᠯᠠᠭᠠᠯᠠᠵᠦ᠂ ᠵᠢᠪᠠᠷ ᠢ ᠬᠠᠯᠬᠠᠯᠠᠵᠦ᠂ ᠪᠡᠶ᠎ᠡ ᠶᠢᠨ ᠲᠤᠳᠤᠷ ᠡᠷᠭᠡᠳᠡᠨ ᠤ ᠲᠤᠷᠭᠢᠵᠦ ᠭᠡᠮᠳᠦᠬᠦ ᠶᠢ ᠬᠠᠮᠠᠭᠠᠯᠠᠳᠠᠭ᠃ ᠮᠥᠨ ᠪᠡᠶ᠎ᠡ ᠲᠦᠷᠭᠦ ᠶᠢ ᠴᠢᠮᠡᠳᠡᠭ᠃  ᠰᠠᠭᠠᠳᠠᠭ ᠬᠤᠮᠰᠠᠭ᠎ᠠ᠂ ᠭᠡᠳᠡ ᠬᠢᠳᠤᠭ᠎ᠠ᠂ ᠬᠥᠬᠦᠷ ᠤᠨ ᠲᠠᠯᠢᠩ᠂ ᠲᠠᠮᠠᠬᠢ ᠶᠢᠨ ᠤᠭᠤᠲᠠ ᠵᠡᠷᠭᠡ ᠶᠢ ᠪᠦᠰᠡᠨ ᠳᠤ ᠠᠭᠰᠠᠨ ᠰᠣᠶᠢᠷᠠᠬᠤ ᠲᠤᠯᠠ ᠪᠦᠰᠡ ᠶᠢ ᠡᠷ᠎ᠡ ᠬᠦᠮᠥᠨ ᠤ ᠰᠦᠷ ᠰᠦᠯᠲᠡ ᠭᠡᠵᠦ ᠲᠡᠭᠡᠳᠦᠯᠡᠨ ᠦᠵᠡᠳᠡᠭ᠃     ᠮᠣᠩᠭᠤᠯᠴᠣᠳ ᠤᠨ ᠣᠯᠠᠩᠭᠢ ᠡᠷᠡᠴᠤᠤᠯ ᠪᠦᠰᠡᠨ ᠳᠤ ᠪᠠᠨ ᠭᠠᠩᠰᠠ ᠤᠭᠤᠲᠠ ᠵᠡᠭᠦᠳᠡᠭ᠃ ᠭᠠᠩᠰᠠ ᠪᠤᠯ ᠨᠠᠪᠴᠢᠨ ᠲᠠᠮᠠᠬᠢ ᠲᠠᠳᠠᠬᠤ ᠪᠠᠭᠠᠵᠢ ᠮᠥᠨ᠂ ᠪᠠᠰᠠ ᠳ᠋ᠠᠢ ᠭᠡᠳᠡᠭ᠃ ᠭᠠᠩᠰᠠ ᠨᠢ ᠲᠤᠯᠤᠭᠠᠢ ︵ᠲᠤᠭᠤᠭ᠎ᠠ︶᠂ ᠡᠰᠢ ᠂ ᠰᠢᠯᠪᠢ ︵ᠰᠣᠷᠣᠭᠤᠯ︶ ᠢᠶᠠᠷ ᠪᠦᠷᠢᠯᠳᠤᠨ᠎ᠡ᠃ ᠭᠠᠩᠰᠠ ᠲᠠᠮᠠᠬᠢ ᠶᠢᠨ ᠤᠭᠤᠲᠠ ᠨᠢ ᠭᠤᠶᠤᠯᠠᠯ ᠴᠢᠮᠡᠭᠯᠡᠯ ᠤᠨ ᠡᠳ᠋ ᠢᠶᠠᠷ ᠪᠠᠷᠠᠬᠤ ᠦᠬᠡᠢ᠂ ᠬᠦᠮᠥᠰ ᠤᠨ ᠬᠤᠭᠤᠷᠤᠨᠳᠣᠬᠢ ᠨᠡᠶᠢᠭᠡᠮ ᠤᠨ ᠬᠠᠷᠢᠴᠠᠭ᠎ᠠ ᠶᠢ ᠡᠶ᠎ᠡ ᠨᠠᠶᠢᠷᠳᠠᠢ ᠪᠤᠯᠭᠠᠬᠤ ᠪᠦᠭᠡᠳ ᠭᠠᠩᠰᠠ ᠪᠠ ᠲᠠᠮᠠᠬᠢ ᠶᠢᠨ ᠤᠭᠤᠳᠠ ᠨᠢ ᠡᠷᠡᠭᠲᠡᠢ᠂ ᠡᠮᠡᠭᠲᠡᠢ ᠮᠤᠩᠭᠤᠯ ᠵᠠᠯᠠᠭᠤᠴᠤᠳ ᠤᠨ ᠢᠨᠠᠭ ᠤᠨ ᠵᠠᠭᠤᠴᠢ ᠪᠤᠯᠳᠠᠭ ᠠᠴᠠ ᠮᠤᠩᠭᠤᠯᠴᠤᠳ ᠲᠤᠩ ᠬᠦᠨᠳᠦᠳᠭᠡᠨ ᠦᠵᠡᠳᠡᠭ᠃     ︽ᠮᠤᠩᠭᠤᠯ ᠬᠦᠮᠥᠨ ᠪᠡᠯᠭᠡ ᠪᠠᠷ᠂ ᠮᠤᠯᠤᠤᠷ ᠡᠷᠲᠡᠨᠢ ᠪᠡᠨ᠎ᠡ ᠪᠠᠷ︾ ᠭᠡᠵᠦ ᠮᠤᠩᠭᠤᠯ ᠤᠨ ᠦᠭᠡᠨ ᠳᠤ ᠪᠠᠶᠢᠳᠠᠭ᠃ ᠡᠨᠡ ᠨᠢ ᠲᠠᠷᠦᠢ ᠮᠠᠨ ᠤ ᠮᠤᠩᠭᠤᠯ ᠦᠨᠳᠤᠰᠤᠳᠡᠨ ᠪᠡᠯᠭᠡ ᠲᠡᠮᠪᠡᠷᠢᠯ ᠢ ᠲᠤᠶᠢᠯ ᠢᠶᠠᠷ ᠡᠷᠬᠢᠮᠯᠡᠳᠡᠭ ᠭᠡᠰᠡᠨ ᠰᠠᠨᠠᠭ᠎ᠠ ᠶᠢ ᠲᠤᠰᠬᠠᠭᠰᠠᠨ ᠪᠠᠶᠢᠨ᠎ᠠ᠃ ᠡᠨᠡᠬᠦ ᠵᠠᠩ ᠵᠠᠩᠰᠢᠯ ᠠᠴᠠ ᠪᠤᠯᠵᠦ ᠶᠡᠷᠦᠨᠢ ᠡᠳᠦᠷ ᠲᠤᠳᠤᠮ ᠤᠨ ᠠᠵᠢᠯ ᠠᠮᠢᠳᠦᠷᠠᠯ ᠤᠨ ᠲᠤᠮᠲᠠ᠂ ᠠᠶᠤᠯ ᠪᠠᠷᠳᠠᠭ᠎ᠠ ᠶᠢᠨ ᠲᠠᠪᠠᠭᠠᠨ ᠳᠤ᠂ ᠦᠬᠦᠵᠦ ᠰᠡᠭᠡᠭᠦ ᠶᠢᠨ ᠵᠠᠩᠭᠢᠯᠠᠭ᠎ᠠ ᠶᠢᠨ ᠦᠶ᠎ᠡ ᠳᠤ ᠴᠦ ᠦᠢᠯᠡ ᠬᠦᠳᠡᠯᠥᠯ᠂ ᠦᠬᠡ ᠬᠡᠯᠡ ᠳᠤ ᠬᠦᠷᠲᠡᠯ᠎ᠡ ︽ᠪᠡᠯᠭᠡ︾ ᠶᠢ ᠡᠷᠬᠢᠮᠯᠡᠨ᠎ᠡ᠃  ᠡᠬᠦᠨ ᠤ ᠲᠤᠬᠠᠢ ᠪᠣᠳᠠᠳᠠᠶᠢᠴᠢᠯᠠᠨ ᠬᠡᠯᠡᠪᠡᠯ —  ᠵᠠᠮ ᠶᠠᠪᠤᠵᠦ᠂ ᠠᠶᠠᠨ ᠬᠦᠬᠡᠬᠡᠵᠦ ᠪᠠᠶᠢᠭᠠᠳ ᠮᠠᠯᠠᠭᠠᠢ ᠤᠯᠵᠠᠯᠠᠵᠦ ᠠᠪᠣᠪᠠᠯ᠂ ᠭᠤᠷᠪᠠ ᠢᠰᠭᠦᠯᠥᠭᠡᠳ ᠪᠠᠰᠠ ᠠᠪᠬᠤ ᠦᠭᠡᠢ᠃ ᠤᠴᠢᠷ ᠨᠢ ᠮᠠᠯᠠᠭᠠᠢ ᠪᠤᠯ ᠬᠡᠳᠦᠶᠢᠪᠡᠷ ᠲᠡᠷᠢᠬᠦᠨ ᠳᠤ ᠵᠡᠬᠦᠳᠡᠭ ᠪᠤᠯᠪᠠᠴᠦ ᠤᠷᠤᠭᠤ ᠬᠠᠷᠠᠭᠰᠠᠨ ᠵᠠᠳᠠᠭᠠᠢ ᠰᠠᠪᠠ᠂ ᠮᠠᠭᠤ ᠢᠷᠸ᠎ᠠ ᠭᠡᠵᠦ ᠬᠡᠯᠡᠨ᠎ᠡ᠃  ᠬᠡᠷᠪᠡ ᠤᠭᠤᠳᠠ ᠤᠯᠵᠠᠯᠠᠵᠦ ᠠᠪᠤᠪᠠᠯ ᠢᠰᠬᠦᠯᠵᠦ ᠲᠡᠭᠡᠷᠡᠬᠦ ᠴᠦ ᠦᠭᠡᠢ ᠪᠠᠷ ᠡᠷᠬᠢᠮᠯᠡᠨ ᠠᠳᠬᠤᠵᠦ ᠠᠪᠳᠠᠭ ᠤᠨ ᠤᠴᠢᠷ ᠨᠢ ᠦᠬᠡᠳᠡ ᠠᠮᠠᠰᠠᠷ ᠲᠠᠢ᠂ ᠡᠰᠡᠷᠡᠭ ᠰᠠᠪᠠ ᠬᠡᠮᠡᠨ ᠪᠡᠯᠭᠡᠳᠡᠳᠡᠭ ᠠᠴᠠ ᠪᠣᠯᠣᠭᠰᠠᠨ ᠶᠣᠮ᠃     ᠮᠤᠩᠭᠤᠯ ᠦᠨᠳᠤᠰᠤᠳᠡᠨ ᠤ ᠵᠠᠩ ᠵᠠᠩᠰᠢᠯ ᠳᠤ ᠦᠭᠡᠳᠡ ᠠᠮᠠᠰᠠᠷ ᠲᠠᠢ ᠤᠭᠤᠲᠠ ︵ᠲᠠᠮᠠᠬᠢ ᠶᠢᠨ ᠤᠭᠤᠲᠠ︶ ᠨᠢ ᠪᠡᠯᠭᠡ ᠲᠡᠮᠪᠡᠷᠢᠯ ᠲᠠᠢ ᠪᠠᠷ ᠪᠠᠷᠠᠬᠤ ᠦᠭᠡᠢ᠂ ᠬᠠᠶᠢᠷ᠎ᠠ ᠲᠤᠷᠠᠯᠠᠯ ᠢᠶᠠᠨ ᠢᠯᠡᠳᠭᠡᠬᠦ᠂ ᠰᠠᠨᠠᠭ᠎ᠠ ᠰᠡᠳᠭᠢᠯᠭᠡ ᠪᠠᠨ ᠮᠡᠳᠡᠭᠳᠡᠬᠦ ᠡᠷᠭᠢᠮ ᠡᠳ᠋ ᠪᠤᠯᠤᠭᠰᠠᠭᠠᠷ ᠢᠷᠡᠵᠡᠢ᠃      ᠬᠦᠮᠥᠨ ᠲᠦᠷᠦᠯᠬᠢᠳᠡᠨ ᠤ ᠬᠡᠪᠰᠢᠭᠰᠡᠨ ᠶᠤᠰᠤ ︽ᠬᠡᠤᠬᠡᠨ ᠲᠦᠷᠦᠪᠡᠯ ᠬᠠᠷᠢ ᠳᠤ ᠤᠴᠢᠵᠦ᠂ ᠬᠦᠤ ᠲᠦᠷᠦᠪᠡᠯ ᠪᠡᠷᠢ ᠪᠤᠭᠳᠤᠯᠤᠨ᠂ ᠬᠠᠭᠠᠨ ᠤ ᠬᠦᠩᠵᠦ ᠪᠤᠯᠤᠭᠰᠠᠨ ᠴᠦ ᠬᠠᠷᠢ ᠳᠤ ᠣᠴᠢᠬᠤ ᠶᠤᠰᠤᠲᠠᠢ︾ ᠭᠡᠳᠡᠭ  ᠢᠶᠠᠷ ᠨᠠᠰᠣᠨ ᠳᠤ ᠬᠦᠷᠦᠭᠰᠡᠨ ᠬᠡᠤᠬᠡᠨ ᠪᠤᠯ ᠬᠦᠷᠭᠡᠨ ᠰᠤᠩᠭᠤᠬᠤ ᠣᠴᠢᠷ ᠲᠠᠢ ᠪᠢᠯᠡ᠃     ᠮᠤᠩᠭᠤᠯ ᠦᠨᠳᠤᠰᠤᠳᠡᠨ ᠤ ᠬᠡᠣᠬᠡᠨᠴᠣᠳ ᠦᠪᠡᠷ ᠤᠨ ᠤᠯᠠᠮᠵᠢᠯᠠᠯ ᠵᠠᠩᠰᠢᠯ ᠢᠶᠠᠷ ᠢᠶᠠᠨ ᠦᠪᠡᠷ ᠤᠨ ᠦᠵᠡᠵᠦ ᠲᠤᠭᠤᠭᠰᠠᠨ ᠰᠡᠳᠬᠢᠯ ᠤᠨ ᠬᠦᠮᠥᠨ ᠳᠡᠭᠡᠨ ᠲᠠᠮᠠᠬᠢ ᠶᠢᠨ ᠤᠭᠤᠲᠠ ᠤᠷᠠᠯᠠᠨ ᠤᠶᠤᠵᠦ᠂ ᠬᠠᠶᠢᠷᠯᠠᠨ ᠰᠠᠨᠠᠵᠦ ᠪᠠᠶᠢᠭ᠎ᠠ ᠰᠡᠳᠭᠢᠯᠭᠡ ᠪᠠᠨ ᠢᠯᠡᠳᠭᠡᠳᠡᠭ᠃ ᠮᠥᠨ ᠡᠨᠡ ᠤᠭᠤᠳᠠ ᠪᠠᠨ ᠨᠦᠬᠦᠬᠡ ᠡᠳᠡᠭᠡᠳ ᠲᠡᠭᠡᠨ ᠪᠡᠯᠡᠭᠯᠡᠬᠦ ᠳᠤ  ᠪᠠᠨ ᠬᠡᠯᠡᠵᠦ ᠲᠠᠭᠤᠯᠠᠳᠠᠭ᠃  ᠵᠢᠱᠢᠶᠡᠯᠡᠪᠡᠯ᠄    ︽ᠡᠷᠪᠡᠬᠡᠢ ᠬᠤᠸᠠᠷᠲᠠᠢ ᠦᠭᠡᠳᠡᠩ ᠲᠤᠷᠭᠠᠨ ᠤᠭᠤᠲᠠ ᠪᠠᠨ    ᠭᠡᠭᠡ ᠴᠢᠮ᠎ᠠ ᠳᠠᠭᠠᠨ ᠤᠶᠤᠭᠰᠠᠨ ᠶᠤᠮ ᠡ ᠬᠦᠢ        ᠠᠢ ᠳ᠋ᠠ︕ ᠭᠡᠭᠡ ᠶᠠ ᠬᠦᠢ︕     ᠡᠭᠡᠴᠢ ᠲᠡᠭᠦᠦ ᠠᠬ᠎ᠠ ᠲᠡᠭᠦᠦ ᠶᠢᠰᠦᠭᠦᠯᠡ ᠠᠴᠠ ᠪᠠᠨ ᠰᠢᠷᠪᠠᠳᠦᠭᠡᠳ     ᠡᠷᠬᠢᠨ ᠳᠤ ᠰᠠᠭᠤᠭᠠᠳ ᠤᠶᠤᠭᠰᠠᠨ ᠶᠤᠮ ᠡ ᠬᠦᠢ         ᠠᠷᠪᠠᠨ ᠫᠢᠶᠤᠤᠲᠠᠢ ᠲᠠᠢ ᠠᠷᠳᠠᠢ ᠲᠤᠷᠭᠠᠨ ᠤᠭᠤᠳᠠ ᠪᠠᠨ     ᠠᠬ᠎ᠠ ᠴᠢᠮ᠎ᠠ ᠳᠤ ᠪᠠᠨ ᠤᠶᠤᠭᠰᠠᠨ ᠶᠤᠮ ᠡ ᠬᠦᠢ       ᠠᠢ ᠳ᠋ᠠ︕ ᠬᠡᠬᠡ ᠶᠠ ᠬᠦᠢ︕     ᠠᠬ᠎ᠠ ᠲᠡᠭᠦᠦ ᠡᠭᠡᠴᠢ ᠲᠡᠭᠦᠦ ᠠᠷᠪᠠᠭᠤᠯᠠ ᠠᠴᠠ ᠪᠠᠨ ᠰᠢᠷᠪᠡᠳᠦᠭᠡᠳ    ᠠᠷᠭᠠᠯ ᠤᠨ ᠬᠠᠰᠢᠶᠠᠨ ᠳᠤ ᠣᠶᠣᠭᠰᠠᠨ ᠶᠤᠮ ᠡ ᠬᠦᠢ︕︾ ᠬᠡᠵᠦ ᠲᠠᠭᠤᠯᠠᠳᠠᠭ᠃ ᠡᠨᠡ ᠨᠢ ᠬᠡᠤᠬᠡᠨ ᠠᠴᠠ ᠦᠵᠡᠵᠦ ᠲᠤᠭᠤᠭᠰᠠᠨ ᠬᠦᠮᠥᠨ ᠳᠡᠭᠡᠨ ᠤᠭᠤᠳᠠ ᠤᠶᠤᠵᠦ ᠦᠭᠳᠡᠭ ᠵᠠᠩ ᠵᠠᠩᠰᠢᠯ ᠢ ᠪᠦᠷᠢᠨ ᠲᠤᠳᠤ ᠬᠠᠷᠠᠭᠤᠯᠵᠦ ᠪᠠᠶᠢᠨ᠎ᠠ᠃ ᠬᠡᠤᠬᠡᠨ ᠠᠴᠠ ᠶᠠᠭᠤᠨ ᠤ ᠡᠮᠥᠨ᠎ᠡ ᠵᠠᠪᠠᠯ ᠤᠭᠤᠳᠠ ᠤᠶᠤᠵᠦ ᠦᠭᠳᠡᠭ ᠤᠨ ᠤᠴᠢᠷ ᠨᠢ ᠭᠡᠪᠡᠯ᠄ ᠲᠠᠮᠠᠬᠢ  ᠶᠢᠨ ᠤᠭᠤᠲᠠ ᠪᠤᠯ ᠦᠭᠡᠳᠡ ᠠᠮᠠᠰᠠᠷ ᠲᠠᠢ᠂ ᠦᠯᠵᠡᠢ ᠪᠡᠯᠭᠡ ᠲᠠᠢ ᠪᠠᠶᠢᠳᠠᠭ ᠲᠤ ᠤᠷᠤᠰᠢᠨ᠎ᠠ᠃  ᠲᠡᠶᠢᠮᠥ ᠮᠦᠷᠳᠡᠭᠡᠨ ᠪᠠᠰᠠ ᠪᠤᠰᠤᠳ ᠠᠴᠠ ᠨᠢᠭᠤᠵᠦ ᠬᠠᠪᠴᠢᠵᠦ ᠤᠶᠤᠵᠦ ᠬᠢᠬᠦ ᠳᠤ ᠵᠢᠵᠢᠭ ᠪᠦᠭᠡᠳ ᠬᠢᠯᠪᠡᠷ ᠲᠤᠯᠠ ᠬᠠᠮᠢᠭ᠎ᠠ ᠠᠪᠴᠦ ᠶᠠᠪᠤᠭᠰᠠᠨ ᠴᠦ ᠲᠦᠭᠦᠮ ᠲᠦᠲᠡ ᠪᠠᠶᠢᠳᠠᠭ ᠠᠴᠠ ᠪᠤᠯᠤᠭᠰᠠᠨ ᠶᠤᠮ᠃   ᠤᠭᠤᠳᠠ ᠤᠶᠤᠭᠰᠠᠨ ᠬᠡᠤᠬᠡᠨ ᠤ ᠬᠠᠶᠢᠷ᠎ᠠ ᠰᠡᠳᠭᠢᠯᠭᠡ ᠪᠠᠨ ᠣᠭᠤᠳᠠᠨ ᠳᠠᠭᠠᠨ ᠰᠢᠩᠭᠡᠭᠡᠬᠦ ᠪᠠᠷ ᠠᠷᠳᠠᠢ ᠲᠤᠷᠭᠠᠨ ᠲᠡᠭᠡᠷ᠎ᠡ᠂ ᠣᠯᠠᠭᠠᠨ ᠶᠠᠭᠠᠨ ᠬᠤᠸᠠᠷ ᠢ ᠤᠷᠭᠤᠵᠦ ᠪᠠᠶᠢᠬᠤ ᠪᠠᠷ ᠤᠷᠠᠯᠠᠭᠠᠳ᠂ ᠠᠯᠠᠭ ᠡᠷᠢᠶᠡᠨ ᠡᠷᠪᠡᠬᠡᠢ  ᠶᠢ ᠠᠪᠤᠯᠴᠠᠭᠤᠯᠤᠨ ᠨᠣᠴᠤᠯᠳᠤᠭᠤᠯᠤᠨ ᠡᠷᠭᠢᠯᠳᠦᠬᠦᠯᠵᠦ᠂ ᠠᠷᠭ᠎ᠠ ᠪᠢᠯᠢᠭ ᠤᠨ ᠨᠠᠷᠠᠨ ᠰᠠᠷᠠᠨ ᠢ  ᠭᠡᠷᠡᠯᠳᠦᠵᠦ ᠪᠠᠶᠢᠬᠤ ᠪᠠᠷ ᠤᠶᠤᠭᠠᠳ᠂ ᠨᠠᠢᠮᠠᠨ ᠦᠩᠭᠡ ᠶᠢᠨ ᠫᠢᠶᠤᠤᠲᠠᠢ ᠪᠠᠷ ᠯᠠᠪᠠᠷᠢ ᠪᠤᠯᠭᠠᠨ ᠴᠢᠮᠡᠭᠡᠳ ᠦᠵᠡᠵᠦ ᠲᠤᠭᠤᠭᠰᠠᠨ ᠰᠡᠳᠭᠢᠯ ᠤᠨ ᠬᠦᠮᠥᠨ ᠳᠡᠭᠡᠨ ᠵᠡᠬᠦᠯᠭᠡᠳᠡᠭ᠃  ᠨᠦᠬᠦᠬᠡ ᠡᠳᠡᠭᠡᠳ ᠨᠢ ᠤᠭᠤᠳᠠ ᠶᠢ ᠪᠦᠰᠡᠨ ᠳᠡᠭᠡᠨ ᠵᠡᠬᠦᠭᠰᠡᠨ ᠤ ᠰᠡᠬᠦᠯᠡᠷ ᠬᠡᠤᠬᠡᠨ ᠤ ᠰᠡᠳᠭᠢᠯᠬᠡ ᠶᠢ ᠪᠦᠷᠢᠨ ᠣᠶᠢᠯᠠᠭᠠᠵᠦ᠂ ᠬᠡᠵᠢᠶᠡᠲᠡ ᠰᠠᠯᠤᠰᠢ ᠦᠬᠡᠢ ᠪᠠᠷ ᠬᠠᠮᠲᠦ ᠪᠠᠶᠢᠬᠤ ᠮᠡᠳᠦ ᠰᠡᠳᠬᠢᠯ ᠲᠦᠷᠦᠭᠳᠡᠬᠦᠯᠳᠡᠭ ᠣᠴᠢᠷ ᠲᠠᠢ ᠪᠢᠯᠠ᠃    ᠡᠶᠢᠮᠥᠷᠬᠦ ᠬᠦᠨ ᠵᠤᠵᠠᠭᠠᠨ ᠬᠠᠶᠢᠷ᠎ᠠ ᠰᠡᠳᠭᠢᠯᠭᠡ ᠪᠠᠨ ᠢᠯᠡᠳᠭᠡᠭᠦ ᠤᠭᠤᠳᠠ ᠪᠠᠨ ᠰᠢᠳᠡᠵᠦ ᠤᠶᠤᠬᠤ ᠳᠤ ᠨᠤᠳᠤᠭ ᠤᠷᠤᠨ ᠤ ᠬᠢᠳᠡᠯ ᠤᠶᠤᠳᠠᠯ ᠤᠨ ᠦᠩᠭᠡ ᠪᠤᠳᠤᠭ᠂ ᠶᠡᠭᠡ ᠪᠠᠭ᠎ᠠ᠂ ᠲᠦᠷᠰᠦ ᠬᠡᠯᠪᠡᠷᠢ ᠨᠢ ᠪᠠᠰᠠ ᠠᠳᠠᠯᠢ ᠪᠤᠰᠣ ᠪᠤᠯᠪᠠᠴᠤ ᠦᠨᠳᠣᠰᠣᠨ ᠳᠡᠭᠡᠨ ᠲᠡᠮᠡᠢ ᠵᠦᠷᠢᠶ᠎ᠡ ᠦᠬᠡᠢ ᠪᠠᠶᠢᠳᠠᠭ᠃    ᠤᠭᠤᠳᠠᠨ ᠤ ᠪᠠᠶ᠎ᠠ ᠶᠢ ᠦᠵᠡᠵᠦ ᠰᠣᠩᠭᠤᠭᠰᠠᠨ ᠦᠩᠭᠡ ᠶᠢᠨ ᠲᠤᠷᠭ᠎ᠠ ᠠᠴᠠ ᠨᠠᠢᠮᠠᠨ ᠢᠮᠠᠬᠤ ᠠᠴᠠ ᠨᠢᠭᠡ ᠲᠤᠬᠤᠢ ᠶᠢ ᠠᠪᠴᠦ᠂ ᠭᠠᠳᠠᠷᠯᠠᠬᠤ ᠲᠤᠷᠭ᠎ᠠ ᠶᠢᠨ ᠢᠶᠠᠨ ᠬᠤᠸᠠᠷ ᠬᠠᠳᠬᠤᠵᠦ ᠰᠢᠪᠡᠬᠦ ᠬᠡᠰᠡᠭ ᠤᠨ ᠲᠤᠳᠤᠷ᠎ᠠ ᠲᠠᠯ᠎ᠠ  ᠳᠤᠨᠢ ᠳ᠋ᠠᠩ ᠨᠢᠮᠭᠡᠨ ᠪᠦᠰ ᠢᠶᠠᠷ ᠲᠠᠪᠬᠤᠷᠯᠠᠨ ᠨᠠᠭᠠᠵᠦ ᠬᠠᠳᠠᠭᠠᠭᠠᠳ ᠪᠠᠭ᠋ᠠᠨ ᠬᠠᠳᠠᠭᠤ ᠪᠤᠯᠭᠠᠵᠦ ᠬᠠᠳᠬᠤᠮᠠᠯ ᠬᠤᠸᠠᠷ ᠢᠶᠠᠨ ᠰᠢᠪᠡᠵᠦ ᠤᠷᠠᠯᠠᠨ᠎ᠠ᠃ ᠬᠠᠳᠬᠤᠮᠠᠯ ᠬᠤᠸᠠᠷ ᠲᠤ ᠶᠠᠮᠠᠷ ᠨᠢᠭᠡᠨ ᠣᠷᠭᠤᠮᠠᠯ ᠠᠮᠢᠳᠠᠨ᠂ ᠦᠰᠦᠭ ᠵᠢᠷᠤᠭ᠂ ᠬᠤᠸᠠᠷ ᠴᠡᠴᠡᠭ ᠪᠦᠷ ᠪᠠᠶᠢᠵᠦ ᠪᠤᠯᠤᠨ᠎ᠠ᠃ ᠡᠭᠦᠨ ᠢᠶᠠᠨ ᠦᠩᠭᠡ ᠶᠢᠨ ᠲᠤᠷᠭᠠᠨ ᠣᠳᠠᠰᠣ ᠪᠠᠷ ᠨᠢᠭᠡ ᠨᠢᠬᠡ ᠵᠡᠭᠦᠦ ᠪᠠᠷ ᠰᠢᠪᠡᠵᠦ ᠤᠶᠤᠬᠤ ᠲᠤᠯᠠ ᠲᠤᠶᠢᠯ ᠤᠨ ᠨᠠᠷᠢᠨ ᠬᠢᠨᠠᠮᠠᠭᠠᠢ ᠶᠢ ᠡᠷᠬᠢᠮᠯᠡᠳᠡᠭ ᠠᠴᠠ ᠢᠯᠡᠭᠦᠦ ᠴᠠᠭ ᠭᠡᠷᠡᠭᠰᠡᠨ᠎ᠡ᠃ ᠤᠭᠤᠳᠠ ᠶᠢᠨ ᠬᠠᠳᠬᠤᠮᠠᠯ ᠬᠤᠸᠠᠷ ᠢ ᠤᠷᠠᠯᠠᠵᠦ ᠪᠠᠷᠠᠭᠰᠠᠨ ᠤ ᠲᠠᠷᠠᠭ᠎ᠠ ᠳ᠋ᠠᠩ ᠨᠢᠮᠭᠡᠨ ᠪᠦᠰ ᠢᠶᠠᠷ ᠪᠦᠷᠢᠨ ᠢ ᠲᠤᠳᠤᠷᠯᠠᠵᠦ᠂ ᠭᠤᠤᠯ ᠣᠶᠣᠳᠠᠯ ᠪᠠ ᠢᠷᠦᠭᠠᠷ ᠢ ᠨᠢ ᠪᠢᠳᠡᠭᠦᠯᠡᠨ ᠱᠠᠭᠯᠠᠵᠦ ᠤᠶᠤᠭᠠᠳ ᠣᠷᠪᠠᠭᠤᠯᠣᠨ ᠭᠠᠷᠭᠠᠨ᠎ᠠ᠃    ᠫᠢᠶᠤᠤᠳᠠᠢ ᠬᠢᠬᠦ ᠳᠤ ᠦᠩᠭᠡ ᠪᠦᠷᠢ ᠶᠢᠨ ᠲᠤᠷᠭ᠎ᠠ ᠠᠴᠠ ᠨᠢᠭᠡ ᠠᠴᠠ ᠬᠤᠶᠠᠷ ᠢᠮᠠᠬᠤ ᠦᠷᠭᠡᠨ᠂ ᠤᠭᠤᠳᠠᠨ  ᠤ ᠪᠠᠨ ᠬᠢᠷᠢ ᠦᠨᠳᠦᠷ ᠢᠶᠠᠷ᠂ ᠲᠤᠷᠤᠭᠰᠢ ᠬᠠᠨᠳᠣᠬᠤ ᠲᠠᠯ᠎ᠠ ᠶᠢ ᠨᠠᠷᠢᠬᠠᠨ ᠢᠶᠠᠷ ᠡᠰᠬᠡᠵᠦ ᠣᠶᠣᠭᠠᠳ ᠣᠷᠪᠠᠭᠤᠯᠤᠨ ᠭᠠᠷᠭᠠᠵᠦ ᠣᠷᠠᠯᠠᠨ᠎ᠠ᠃ ᠲᠠᠷᠠᠭ᠎ᠠ ᠨᠢ ᠤᠭᠤᠳᠠᠨ ᠤ ᠪᠡᠶ᠎ᠡ ᠶᠢᠨ ᠲᠡᠭᠡᠷ᠎ᠡ ᠬᠠᠭᠠᠰ ᠲᠤ ᠫᠢᠶᠤᠤᠳᠠᠢ ᠪᠠᠨ ᠰᠡᠪ ᠢ ᠨᠢ ᠲᠠᠷᠤᠵᠦ ᠤᠶᠤᠵᠦ ᠲᠤᠬᠢᠷᠠᠭᠤᠯᠤᠨ᠎ᠠ᠃ ᠫᠢᠶᠤᠤᠲᠠᠢ ᠪᠠ ᠤᠭᠤᠲᠠ ᠶᠢᠨ ᠪᠠᠶ᠎ᠠ ᠲᠠᠢ ᠲᠠᠷᠤᠭᠤᠯ ᠣᠭᠤᠰᠣᠷ ᠢᠶᠠᠷ ᠰᠢᠳᠡᠵᠦ ᠤᠭᠤᠰᠤᠷᠯᠠᠨ᠎ᠠ᠃ ᠣᠭᠤᠳᠠᠨ ᠤ ᠠᠮᠠᠰᠠᠷ ᠤᠨ ᠬᠡᠰᠡᠭ ᠢ ᠹᠢᠩ ᠭᠧᠽᠢ ︵ᠨᠤᠭᠤᠯᠪᠤᠷᠢ︶ ᠲᠠᠷᠤᠵᠦ ᠲᠠᠷᠤᠰᠢᠭᠤᠯᠵᠦ᠂ ᠵᠡᠬᠦᠬᠦ ᠤᠭᠤᠰᠤᠷ ᠬᠢᠵᠦ ᠪᠦᠬᠦ ᠤᠶᠤᠳᠠᠯ ᠢᠶᠠᠨ ᠲᠠᠭᠤᠰᠬᠠᠨ᠎ᠠ᠃   ᠡᠨᠡᠬᠦ ᠬᠠᠶᠢᠷ᠎ᠠ ᠲᠤᠷᠠᠯᠠᠯ ᠢᠶᠠᠨ ᠰᠢᠩᠭᠡᠭᠡᠭᠰᠡᠨ ᠲᠠᠮᠠᠬᠢᠨ ᠤᠭᠤᠳᠠᠨ ᠳᠠᠭᠠᠨ ᠤᠪ ᠤᠯᠠᠭᠠᠨ ᠨᠠᠪᠴᠢᠨ ᠲᠠᠮᠠᠬᠢ ᠪᠠᠨ ᠬᠢᠬᠡᠳ ᠰᠡᠳᠬᠢᠯ ᠤᠨ ᠬᠦᠮᠥᠨ ᠳᠡᠭᠡᠨ ᠪᠡᠯᠡᠭ ᠪᠤᠯᠭᠠᠨ ᠦᠭᠬᠦ ᠳᠡᠭᠡᠨ᠄      ︽ᠬᠠᠰ ᠤᠨ ᠰᠢᠯᠪᠢ ᠲᠠᠢ ᠢᠦᠢ ᠱᠢ ᠳ᠋ᠠᠢ ᠪᠠᠨ           ᠨᠠᠰᠢ ᠪᠠᠨ ᠦᠭ ᠳ᠋ᠧ ᠠᠬ᠎ᠠ ᠮᠢᠨᠢ ᠬᠦᠢ       ᠬᠠᠢ ᠨᠠᠨ ᠭᠠᠵᠠᠷ ᠤᠨ ᠬᠠᠢ ᠶᠠᠨ ᠲᠠᠮᠠᠬᠢ ᠪᠠᠨ           ᠨᠤᠴᠤᠭᠠᠭᠠᠳ ᠦᠭᠬᠦᠶ᠎ᠡ ᠴᠢᠮ᠎ᠠ ᠳᠠᠭᠠᠨ ᠬᠦᠢ       ᠬᠠᠷᠠᠩᠭᠤᠢ ᠰᠦᠨᠢ ᠶᠢᠨ ᠵᠡᠭᠦᠳᠦᠯᠥᠭᠡᠳ ᠲᠡᠭᠡᠭᠰᠡᠨ ᠵᠡᠬᠦᠳᠦ ᠠᠴᠠ ᠪᠠᠨ           ᠬᠠᠭᠠᠰ ᠢ ᠨᠢ ᠴᠢᠮ᠎ᠠ ᠳᠠᠭᠠᠨ ᠬᠡᠯᠡᠵᠦ ᠦᠭᠬᠦᠶ᠎ᠡ        ᠬᠠᠶᠢᠷ᠎ᠠ ᠶᠢᠨ ᠰᠡᠳᠬᠢᠯ ᠬᠠᠯᠠᠭᠤᠨ ᠰᠠᠨᠠᠭ᠎ᠠ ᠪᠠᠨ            ᠭᠡ ᠭᠡ ᠴᠢᠮ᠎ᠠ ᠳᠠᠭᠠᠨ ᠲᠠᠯᠪᠢᠭᠰᠠᠨ ᠶᠤᠮ ᠡ ᠬᠦᠢ               ᠦᠨᠳᠦᠷ ᠰᠢᠯᠪᠢ ᠲᠠᠢ ᠢᠦᠢ ᠱᠢ ᠳ᠋ᠠᠢ ᠪᠠᠨ            ᠡᠶᠢᠰᠢ ᠪᠠᠨ ᠦᠭ ᠳ᠋ᠧ ᠠᠬ᠎ᠠ ᠮᠢᠨᠢ ᠡ ᠬᠦᠢ        ᠸᠧᠢ ᠨᠠᠨ ᠭᠠᠵᠠᠷ ᠤᠨ ᠤᠯᠠᠭᠠᠨ ᠲᠠᠮᠠᠬᠢ ᠪᠠᠨ             ᠨᠤᠴᠤᠭᠠᠭᠠᠳ ᠦᠭᠬᠦᠶ᠎ᠡ ᠴᠢᠮ᠎ᠠ ᠳᠠᠭᠠᠨ ᠠ ᠬᠦᠢ        ᠦᠴᠦᠭᠡᠳᠦᠷ ᠰᠦᠨᠢ ᠶᠢᠨ ᠵᠡᠬᠦᠳᠦᠯᠥᠭᠡᠳ ᠲᠡᠭᠡᠭᠰᠡᠨ ᠵᠡᠭᠦᠳᠦ ᠠᠴᠠ ᠪᠠᠨ             ᠦᠵᠦᠭᠦᠷ ᠠᠴᠠ ᠨᠢ ᠴᠢᠮ᠎ᠠ ᠳᠠᠭᠠᠨ ᠬᠡᠯᠡᠵᠦ ᠦᠭᠬᠦᠶ᠎ᠡ ᠬᠦᠢ        ᠦᠨᠡᠨ ᠰᠠᠨᠠᠭ᠎ᠠ ᠬᠠᠶᠢᠷ᠎ᠠ ᠶᠢᠨ ᠰᠡᠳᠭᠢᠯ ᠢᠶᠠᠨ            ᠭᠡ ᠭᠡ ᠴᠢᠮ᠎ᠠ ᠳᠠᠭᠠᠨ ᠲᠠᠯᠪᠢᠭᠰᠠᠨ ᠶᠤᠮ ᠡ ᠬᠦᠢ ᠁︾ ᠭᠡᠵᠦ ᠲᠠᠭᠤᠯᠠᠳᠠᠭ᠃    ᠲᠠᠮᠠᠬᠢᠨ ᠤᠭᠤᠳᠠ ᠪᠣᠯ ᠲᠠᠷᠦᠢ ᠬᠤᠷᠴᠢᠨ ᠮᠤᠩᠭᠤᠯ ᠵᠠᠯᠠᠭᠤᠴᠤᠳ ᠤᠨ ᠢᠨᠠᠭ ᠠᠮᠠᠷᠠᠭ ᠬᠠᠶᠢᠷ᠎ᠠ ᠰᠡᠳᠭᠢᠯ  ᠤᠨ ᠰᠢᠵᠢᠮ ᠬᠤᠯᠪᠤᠭᠠᠰᠣ ᠮᠥᠨ᠃  ᠬᠤᠷᠴᠢᠨ ᠮᠤᠩᠭᠤᠯᠴᠣᠳ ᠤᠨ ᠦᠶ᠎ᠡ ᠤᠯᠠᠮᠵᠢᠯᠠᠵᠦ ᠢᠷᠡᠭᠰᠡᠨ ᠵᠠᠰᠠᠯ ᠴᠢᠮᠡᠭ  ᠤᠨ ᠲᠡᠷᠢᠬᠦᠨ ᠮᠦᠷᠲᠡᠭᠡᠨ ᠬᠠᠷᠢᠯᠴᠠᠭ᠎ᠠ ᠶᠠᠪᠤᠯᠴᠠᠭ᠎ᠠ ᠶᠢᠨ ᠰᠣᠳᠣᠨ ᠵᠠᠭᠤᠴᠢ ᠬᠤᠯᠪᠤᠭᠠᠰᠤ ᠮᠥᠨ᠃ ᠴᠠᠭ ᠦᠶ᠎ᠡ  ᠶᠢᠨ ᠰᠦᠷ ᠵᠢᠪᠬᠤᠭ᠎ᠠ ᠦᠩᠭᠡ ᠭᠠᠯᠪᠢᠷ ᠮᠥᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号