ᠬᠤᠷᠴᠢᠨ ᠬᠠᠨᠭ᠍ᠬᠠᠢ ᠡᠮᠡᠬᠡᠯ ᠢ ᠪᠦᠷᠢᠨ ᠪᠦᠳᠦᠨ ᠡᠮᠡᠬᠡᠯ ᠪᠤᠯᠭᠠᠨ ᠳᠡᠪᠰᠡᠯᠡᠨ ᠴᠢᠮᠡᠭᠯᠡᠬᠦ ᠳᠤ ᠳᠤᠩ ᠤᠯᠠᠨ | ᠵᠤᠶᠢᠯ ᠤᠨ ᠨᠡᠷ᠎ᠠ ᠨᠡᠷᠡᠶᠢᠳᠦᠯ ᠲᠠᠢ ᠶᠠᠭᠤᠮ᠎ᠠ ᠶᠢ ᠪᠡᠯᠡᠳᠭᠡᠬᠦ ᠴᠢᠬᠤᠯᠠ ᠲᠠᠢ ᠪᠠᠶᠢᠳᠠᠭ᠃ ᠳᠡᠭᠡᠭᠡᠳ ᠳᠡᠳᠡᠭᠡᠷ | ᠵᠤᠶᠢᠯᠡᠰ ᠨᠢ ᠴᠦᠮ ᠦᠪᠡᠷ ᠦᠪᠡᠷ ᠤᠨ ᠳᠤᠭᠳᠠᠭᠰᠠᠨ ᠤᠷᠤᠨ ᠪᠠᠶᠢᠷᠢ ᠲᠠᠢ ᠪᠦᠬᠡᠳ ᠤᠷᠳᠤ ᠤᠬᠤᠷ ᠤᠨ ᠬᠡᠮᠵᠢᠶ᠎ᠠ | ᠂ ᠦᠷᠬᠡᠨ ᠨᠠᠷᠢᠨ ᠤ ᠬᠢᠵᠠᠭᠠᠷ᠂ ᠵᠤᠵᠠᠭᠠᠨ ᠨᠢᠮᠬᠡᠨ ᠤ ᠪᠠᠷᠢᠮᠵᠢᠶ᠎ᠠ᠂ ᠦᠡᠭᠭᠡ ᠪᠤᠳᠤᠭ ᠤᠨ ᠢᠯᠭᠠᠯ ᠲᠠᠢ ᠪᠠᠶᠢᠳᠠᠭ᠃ | ᠨᠢᠬᠡ ᠪᠦᠷᠢᠨ ᠡᠮᠡᠬᠡᠯ ᠳᠠᠪᠰᠠᠯᠠᠵᠤ ᠤᠭᠰᠠᠷᠠᠬᠤ ᠳᠤ ᠤᠯᠤᠩ᠂ ᠵᠢᠷᠢᠮ᠂ ᠲᠦᠷᠦᠬᠡ᠂ ᠭᠠᠨᠵᠤᠭ᠎ᠠ᠂ ᠲᠤᠬᠤᠮ᠂ | ᠬᠦᠯᠢᠮ᠂ ᠬᠠᠷᠠᠤ᠂ ᠳᠠᠪᠰᠠ᠂ ᠳᠠᠷᠤᠭᠤᠯᠭ᠎ᠠ᠂ ᠰᠤᠶᠢᠳᠡᠬᠦᠰᠦ ᠵᠡᠷᠭᠡ ᠶᠢᠨ ᠵᠤᠶᠢᠯᠡᠰ ᠳᠠᠭᠠᠯᠳᠤᠳᠠᠭ᠃ ᠡᠷᠳᠡᠨ ᠤ | ᠬᠤᠷᠴᠢᠨ ᠡᠮᠡᠬᠡᠯ ᠳᠤ ᠬᠠᠵᠠᠭᠠᠷ ᠨᠤᠭᠳᠤ᠂ ᠬᠦᠮᠦᠯᠳᠦᠷᠭᠡ᠂ ᠬᠤᠳᠠᠷᠭ᠎ᠠ᠂ ᠮᠢᠯᠠᠭ᠎ᠠ᠂ ᠴᠢᠳᠤᠷ ᠦᠷᠦᠬᠡᠯ ᠳᠤᠱᠠ | ᠳᠠᠭᠠᠯᠳᠤᠳᠠᠭ᠃ ᠡᠨᠡ ᠨᠢ ᠰᠠᠶ᠋ᠢ ᠨᠢᠬᠡ ᠬᠦᠯᠦᠭ ᠤᠨᠤᠭ᠎ᠠ ᠶᠢᠨ ᠨᠢᠬᠡᠨ ᠢᠵᠢ ᠪᠦᠷᠢᠨ ᠵᠠᠰᠠᠯ ᠴᠢᠮᠡᠭᠯᠡᠯ ᠪᠠᠶᠢᠪᠠ᠃ | ᠤᠯᠤᠩ —— ᠡᠮᠡᠭᠡᠯ ᠤᠨ ᠪᠠᠷᠠᠭᠤᠨ ᠳᠠᠯ᠎ᠠ ︵ᠪᠤᠷᠤᠭᠤᠳᠠᠢ ᠳᠠᠯ᠎ᠠ︶ ᠶᠢᠨ ᠤᠭᠰᠤᠷᠭ᠎ᠠ ᠠᠴᠠ | ᠬᠤᠯᠪᠤᠵᠤ᠂ ᠵᠡᠬᠦᠨ ᠳᠠᠯ᠎ᠠ ︵ᠵᠦᠪᠳᠡᠢ ᠳᠠᠯ᠎ᠠ︶ ᠶᠢᠨ ᠵᠢᠷᠢᠮ ᠢ ᠰᠢᠷᠭᠤᠭᠤᠯᠵᠤ ᠳᠠᠳᠠᠨ᠂ ᠭᠤᠷᠬᠢᠯᠠᠵᠤ ᠳᠡᠪᠡᠭᠡᠯᠡᠬᠦ | ᠳᠡᠭᠡᠰᠤ ᠶᠢ ᠤᠯᠤᠩ ᠭᠡᠨ᠎ᠠ᠃ | ᠤᠯᠤᠩ ᠢ ᠬᠢᠯᠭᠠᠰᠤ ᠤᠡᠭᠭᠠᠰᠤᠨ ᠨᠠᠷᠢᠨ ᠵᠡᠭᠡᠭ ᠢ ᠵᠢᠷᠭᠤᠭ᠎ᠠ ᠪᠠᠷ ᠵᠡᠷᠭᠡᠴᠡᠬᠦᠯᠦᠨ ᠤᠶᠤᠬᠤ ᠪᠤᠶᠤ ᠡᠰᠡᠬᠦᠯ᠎ᠠ | ᠰᠦᠯᠵᠢᠵᠦ ᠬᠦᠷᠦᠵᠦ ᠵᠤᠬᠢᠶᠠᠳᠠᠭ᠃ ᠪᠠᠰᠠ ᠵᠦᠬᠡᠯᠡᠨ ᠰᠤᠷ ᠢ ᠨᠠᠷᠢᠨ ᠵᠦᠰᠦᠵᠦ ᠰᠦᠯᠵᠢᠵᠦ ᠬᠢᠳᠡᠭ ᠪᠤᠶᠤ ᠪᠦᠰ | ᠢᠶᠠᠷ ᠪᠦᠷᠢᠵᠦ ᠤᠶᠤᠵᠤ ᠬᠢᠭᠰᠡᠨ ᠴᠦ ᠬᠠᠶᠠ ᠬᠠᠷᠠᠭᠳᠠᠳᠠᠭ᠃ ᠤᠯᠤᠩ ᠢ ᠪᠦᠬᠡᠷᠡᠩᠭᠡᠢ ᠳᠡᠭᠡᠰᠤ ᠪᠠᠷ ᠬᠢᠳᠡᠭ ᠦᠭᠡᠢ | ᠃ ᠬᠦᠯᠦᠭ ᠤᠨᠤᠭ᠎ᠠ ᠶᠢᠨ ᠭᠡᠢ ᠮᠤᠷᠢ ᠬᠡᠪᠳᠡᠨ᠎ᠠ ᠭᠡᠳᠡᠭ᠃ | ᠮᠤᠷᠢᠨ ᠡᠮᠡᠬᠡᠯ ᠳᠤ ᠤᠷᠢᠳᠤ ᠬᠤᠶᠢᠳᠤ ᠬᠤᠶᠠᠷ ᠤᠯᠤᠩ ᠲᠠᠢ ᠪᠠᠶᠢᠵᠦ᠂ ᠬᠤᠶᠢᠳᠤ ᠤᠯᠤᠩ ᠨᠢ ᠤᠷᠢᠳᠤ | ᠤᠯᠤᠩ ᠠᠴᠠ ᠪᠠᠨ ᠳᠤᠬᠤᠢ ᠬᠢᠷᠢ ᠦᠨᠳᠦᠷ ᠪᠠᠶᠢᠳᠠᠭ᠃ ᠡᠮᠤᠨ᠎ᠠ ᠤᠯᠤᠩ ᠤᠨ ᠦᠨᠳᠦᠷ ᠨᠢ ᠪᠠᠷᠤᠭ ᠲᠦᠷᠪᠡᠨ | ᠳᠤᠬᠤᠢ᠂ ᠡᠮᠡᠬᠡᠯ ᠤᠨ ᠪᠠᠷᠠᠭᠤᠨ ᠳᠠᠯ᠎ᠠ ᠶᠢᠨ ᠤᠷᠢᠳᠤ ᠪᠦᠬᠦᠷᠬᠡ ᠪᠠ ᠬᠠᠪᠳᠠᠭᠠᠯ ᠤᠨ ᠳᠡᠭᠡᠷᠡᠬᠢ ᠵᠢᠰᠢᠬᠦᠦ | ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠤᠯᠤᠩ ᠢ ᠤᠷᠢᠳᠤ ᠤᠯᠤᠩ ᠬᠡᠨ᠎ᠠ᠃ | ᠡᠮᠡᠬᠡᠯ ᠤᠨ ᠪᠠᠷᠠᠭᠤᠨ ᠳᠠᠯ᠎ᠠ ᠶᠢᠨ ᠬᠤᠶᠢᠳᠤ ᠪᠦᠬᠦᠷᠬᠡ ᠪᠠ ᠬᠠᠪᠳᠠᠭᠠᠯ ᠤᠨ ᠳᠡᠭᠡᠷᠡᠬᠢ ᠵᠢᠰᠢᠬᠦᠦ ᠵᠡᠷᠭᠡᠴᠡᠭᠡ | ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠤᠯᠤᠩ ᠢ ᠬᠤᠶᠢᠳᠤ ᠤᠯᠤᠩ ᠭᠡᠳᠡᠭ᠃ ᠤᠷᠢᠳᠤ | ᠬᠤᠶᠢᠳᠤ ᠤᠯᠤᠩ ᠤᠨ ᠬᠤᠭᠤᠷᠤᠨᠳᠤᠬᠢ ᠵᠠᠢ ᠨᠢ ᠪᠠᠷᠤᠭ 22 ᠰᠠᠡᠲ᠋ᠢᠮᠧᠲᠷ ᠢᠶᠠᠷ ᠤᠷᠤᠰᠢᠳᠠᠭ᠃ | ᠮᠤᠷᠢ ᠪᠠᠷ ᠬᠤᠯᠠ ᠶᠠᠪᠤᠬᠤ᠂ ᠳᠤᠪᠳᠤᠯᠵᠤ ᠶᠠᠪᠤᠬᠤ ᠳᠤ ᠪᠠᠨ ᠠᠷᠤ ᠤᠯᠤᠩ ᠢ ᠭᠡᠵᠢᠶᠡᠳᠡ ᠠᠳᠤᠷᠢᠳᠠᠯ᠎ᠠ | ᠳᠠᠳᠠᠳᠠᠭ᠃ ᠡᠰᠡ ᠳᠡᠶᠢᠮᠤ ᠪᠤᠯ ᠬᠡᠨᠡᠳᠳᠡ ᠪᠠᠷ ᠮᠤᠷᠢ ᠵᠢᠭᠰᠢᠨ ᠨᠠᠳᠬᠤᠵᠤ᠂ ᠬᠡᠯᠪᠡᠷᠢᠨ ᠦᠷᠬᠦᠪᠡᠯ ᠡᠮᠡᠬᠡᠯ | ᠠᠮᠠᠷᠬᠠᠨ ᠬᠦᠷᠪᠡᠵᠤ ᠤᠶᠢᠴᠢᠬᠤ ᠠᠶᠤᠯ ᠲᠠᠢ ᠪᠠᠶᠢᠳᠠᠭ᠃ ᠬᠤᠶᠢᠳᠤ ᠤᠯᠤᠩ ᠢ ᠴᠢᠩᠭ᠎ᠠ ᠳᠠᠳᠠᠪᠠᠯ ᠮᠤᠷᠢᠨ ᠳᠤ | ᠬᠦᠡᠭᠭᠡᠨ ᠮᠦᠷᠳᠡᠭᠡᠨ ᠮᠤᠷᠢᠨ ᠨᠢᠷᠤᠭᠤᠨ ᠳᠤ ᠰᠠᠶᠢᠨ ᠭᠡᠳᠡᠭ᠃ ᠡᠮᠤᠨ᠎ᠠ ᠤᠯᠤᠩ ᠢ ᠳᠡᠳᠤᠢ ᠠᠳᠤᠷᠢᠳᠠᠯ᠎ᠠ | ᠳᠠᠳᠠᠳᠠᠭ ᠦᠭᠡᠢ᠃ | ᠤᠯᠤᠩ ᠤᠨ ᠢᠶᠠᠨ ᠨᠠᠭᠠᠳᠠᠢ ᠦᠵᠦᠬᠦᠷ ᠲᠤ ᠬᠡᠯᠡ ᠲᠠᠢ ᠳᠡᠮᠤᠷ ᠭᠤᠷᠭᠢ ᠳᠠᠭᠠᠷᠠᠭᠤᠯᠵᠤ᠂ ᠵᠢᠷᠢᠮ ᠢ | ᠰᠢᠷᠭᠤᠭᠤᠯᠤᠨ ᠳᠡᠭᠡᠭᠰᠢ ᠳᠠᠳᠠᠵᠤ᠂ ᠵᠢᠷᠢᠮ ᠤᠨ ᠨᠦᠬᠡ᠂ ᠰᠡᠭᠡᠭᠡ ᠳᠤ ᠬᠡᠯᠡ ᠶᠢ ᠨᠢ ᠤᠷᠤᠭᠤᠯᠤᠨ ᠳᠡᠪᠡᠭᠡᠯᠡᠨᠠ᠃ | ᠵᠢᠷᠢᠮ —— ᠡᠮᠡᠬᠡᠯ ᠤᠨ ᠪᠤᠷᠤᠭᠤᠳᠠᠢ ᠳᠠᠯ᠎ᠠ ᠶᠢᠨ ᠤᠯᠤᠩ ᠢ ᠮᠤᠷᠢᠨ ᠤ ᠪᠡᠶ᠎ᠠ ᠳᠤᠤᠭᠤᠷ ᠵᠦᠪᠳᠠᠢ | ᠳᠠᠯ᠎ᠠ ᠳᠤ ᠳᠡᠳᠡᠨ ᠠᠪᠴᠢᠷᠠᠭᠠᠳ᠂ ᠭᠤᠷᠬᠢᠨ ᠳᠤ ᠨᠢ ᠰᠢᠷᠭᠤᠭᠤᠯᠵᠤ ᠳᠡᠳᠡᠨ ᠳᠡᠪᠡᠭᠡᠯᠡᠬᠦ᠂ ᠵᠦᠪᠳᠠᠢ ᠳᠠᠯ᠎ᠠ ᠶᠢᠨ | ᠤᠭᠰᠤᠷᠭ᠎ᠠ ᠠᠴᠠ ᠬᠤᠯᠪᠤᠭᠰᠠᠨ ᠬᠦᠷᠦᠮᠡᠯ ᠰᠦᠮᠵᠢᠮᠡᠯ ᠰᠡᠭᠡᠭᠡ ᠨᠦᠬᠡ ᠲᠠᠢ ᠳᠡᠭᠡᠰᠤ ᠶᠢ ᠵᠢᠷᠢᠮ ᠬᠡᠨ᠎ᠠ᠃ | ᠵᠢᠷᠢᠮ ᠢ ᠵᠦᠬᠡᠯᠡᠨ ᠰᠤᠷ ᠢ ᠨᠠᠷᠢᠨ ᠵᠦᠰᠦᠵᠦ᠂ 16 ᠪᠤᠶᠤ 32 ᠰᠡᠷᠭᠡᠭ ᠢᠶᠠᠷ ᠳᠣᠮᠳᠠ ᠨᠢ ᠨᠦᠬᠡ ᠰᠡᠭᠡᠭᠡ | ᠭᠠᠷᠭᠠᠨ ᠬᠠᠪᠳᠠᠭᠠᠶᠢᠯᠠᠨ ᠳᠤᠤᠷᠯᠠᠵᠤ᠂ ᠰᠦᠯᠵᠢᠵᠦ ᠬᠦᠷᠦᠵᠦ ᠬᠢᠨ᠎ᠠ᠃ ᠪᠠᠰᠠ ᠬᠠᠪᠳᠠᠭᠠᠢ ᠰᠤᠷ ᠢ ᠨᠤᠭᠤᠯᠵᠤ᠂ | ᠳᠤᠮᠳᠠᠭᠤᠷ ᠨᠢ ᠵᠢᠭᠳᠡ ᠵᠠᠢ ᠪᠠᠷ ᠬᠠᠭᠠᠯᠤᠨ ᠬᠠᠭᠠᠯᠤᠨ ᠰᠢᠷᠭᠤᠭᠤᠯᠵᠤ᠂ ᠨᠦᠬᠡ ᠭᠠᠷᠭᠠᠨ ᠬᠠᠪᠳᠠᠭᠠᠶᠢᠯᠠᠵᠤ ᠬᠢᠳᠡᠭ᠃ | ᠬᠠᠮᠤᠭ ᠤᠨ ᠲᠦᠬᠦᠮ ᠨᠢ ᠬᠡᠪᠡᠯ ᠳᠠᠷᠤᠢ ᠬᠠᠪᠳᠠᠭᠠᠢ ᠰᠤᠷ ᠢᠶᠠᠨ ᠨᠦᠬᠡᠯᠡᠵᠦ ᠬᠢᠨ᠎ᠠ᠃ ᠵᠠᠷᠢᠮ ᠬᠦᠮᠦᠰ ᠬᠢᠯᠭᠠᠰᠤᠨ | ᠤᠳᠠᠰᠤᠨ ᠤ ᠬᠠᠪᠳᠠᠭᠠᠢ ᠬᠦᠷᠦᠮᠡᠯ ᠢᠶᠠᠷ ᠴᠦ ᠬᠢᠳᠡᠭ᠃ | ᠡᠮᠡᠭᠡᠯ ᠳᠤ ᠬᠤᠶᠠᠷ ᠵᠢᠷᠢᠮ ᠪᠠᠶᠢᠳᠠᠭ᠃ ᠡᠮᠡᠬᠡᠯ ᠤᠨ ᠵᠡᠬᠦᠨ ᠳᠠᠯ᠎ᠠ ︵ᠵᠦᠪᠳᠠᠢ ᠳᠠᠯ᠎ᠠ︶ ᠶᠢᠨ ᠤᠷᠢᠳᠤ | ᠪᠦᠬᠦᠷᠬᠡ ᠪᠠ ᠬᠠᠪᠳᠠᠭᠠᠯ ᠳᠡᠭᠡᠷᠡᠬᠢ ᠵᠢᠰᠢᠬᠦᠦ ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ | ᠳᠡᠭᠡᠰᠤ ᠶᠢ ᠤᠷᠢᠳᠤ ᠵᠢᠷᠢᠮ ᠭᠡᠵᠤ᠂ ᠡᠮᠡᠬᠡᠯ ᠤᠨ ᠵᠡᠬᠦᠨ ᠳᠠᠯ᠎ᠠ ᠶᠢᠨ ᠬᠤᠶᠢᠳᠤ ᠪᠦᠬᠦᠷᠬᠡ ᠪᠠ ᠬᠠᠪᠳᠠᠭᠠᠯ ᠳᠡᠭᠡᠷᠡᠬᠢ | ᠵᠢᠰᠢᠬᠦᠦ ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠳᠡᠭᠡᠰᠤ ᠶᠢ ᠬᠤᠶᠢᠳᠤ ᠵᠢᠷᠢᠮ ᠬᠡᠨ᠎ᠠ | ᠃ ᠤᠷᠢᠳᠤ ᠬᠤᠶᠢᠳᠤ ᠵᠢᠷᠢᠮ ᠤᠨ ᠬᠤᠭᠤᠷᠤᠨᠳᠤᠬᠢ ᠵᠠᠢ ᠨᠢ ᠤᠷᠢᠳᠤ ᠬᠤᠶᠢᠳᠤ ᠤᠯᠤᠩ ᠤᠨ ᠵᠠᠢ ᠲᠠᠢ ᠠᠳᠠᠯᠢᠬᠠᠨ᠃ | | ᠤᠭᠰᠤᠷᠭ᠎ᠠ —— ᠡᠮᠡᠬᠡᠯ ᠤᠨ ᠤᠯᠤᠩ ᠵᠢᠷᠢᠮ ᠢ ᠬᠠᠨᠭ᠍ᠬᠠᠢ ᠡᠮᠡᠭᠡᠯ ᠤᠨ ᠬᠠᠪᠳᠠᠭᠠᠯ ᠪᠦᠬᠦᠷᠭᠡ ᠶᠢᠨ | ᠠᠭᠤᠯᠵᠠᠷ ᠳᠡᠬᠡᠷ᠎ᠠ ᠵᠢᠰᠢᠬᠦᠦ ᠪᠠᠷ ᠪᠠᠶᠢᠷᠢᠯᠠᠨ ᠵᠡᠷᠭᠡᠴᠡᠭᠰᠡᠨ ᠬᠤᠶᠠᠷ ᠨᠦᠬᠡ ᠠᠴᠠ ᠬᠤᠯᠪᠤᠵᠤ ᠤᠶᠠᠬᠤ ᠪᠤᠶᠤ | ᠳᠡᠪᠡᠬᠡᠯᠡᠬᠦ ᠤᠭᠤᠰᠤᠷ ᠢ ᠤᠭᠰᠤᠷᠭ᠎ᠠ ᠬᠡᠨ᠎ᠠ᠃ ᠵᠠᠷᠢᠮ ᠳᠤ ᠪᠠᠨ ᠪᠠᠰᠠ ᠤᠭᠴᠤᠷᠭ᠎ᠠ ᠬᠡᠨ᠎ᠠ᠃ | ᠤᠭᠰᠤᠷᠭ᠎ᠠ ᠶᠢ ᠰᠠᠶᠢᠨ ᠰᠤᠷ ᠢᠶᠠᠷ ᠳᠠᠪᠬᠤᠷᠯᠠᠵᠤ ᠬᠢᠨ᠎ᠠ᠃ ᠰᠤᠷ ᠢᠶᠠᠨ ᠳᠡᠪᠳᠦᠬᠡᠵᠦ᠂ ᠬᠠᠪᠳᠠᠭᠠᠢ ᠨᠤᠭᠤᠯᠤᠨ | ᠂ ᠬᠠᠪᠳᠠᠭᠠᠯ ᠪᠦᠬᠦᠷᠬᠡ ᠶᠢᠨ ᠵᠢᠰᠢᠬᠦᠦ ᠵᠡᠷᠭᠡᠴᠡᠭᠡ ᠬᠤᠶᠠᠷ ᠨᠦᠬᠡ ᠪᠠᠷ ᠰᠢᠷᠭᠤᠭᠤᠯᠵᠤ᠂ ᠤᠯᠤᠩ ᠪᠠ ᠵᠢᠷᠢᠮ ᠢ | ᠬᠤᠯᠪᠤᠨ ᠤᠶᠠᠳᠠᠭ᠃ ᠡᠮᠡᠬᠡᠯ ᠤᠨ ᠤᠭᠰᠤᠷᠭ᠎ᠠ ᠨᠡᠶᠢᠳᠡ ᠲᠦᠷᠪᠡ ᠪᠠᠶᠢᠳᠠᠭ᠃ ᠳᠠᠷᠤᠢ ᠤᠷᠢᠳᠤ ᠬᠤᠶᠢᠳᠤ ᠤᠯᠤᠩ | ᠤᠨ ᠬᠤᠶᠠᠷ ᠤᠭᠰᠤᠷᠭ᠎ᠠ᠂ ᠤᠷᠢᠳᠤ ᠬᠤᠶᠢᠳᠤ ᠵᠢᠷᠢᠮ ᠤᠨ ᠬᠤᠶᠠᠷ ᠤᠭᠰᠠᠷᠭᠠ ᠪᠤᠯᠤᠨ᠎ᠠ᠃ | ᠲᠦᠷᠦᠬᠡ —— ᠲᠦᠷᠦᠬᠡ ᠪᠤᠯ ᠳᠠᠷᠤᠢ ᠡᠮᠡᠭᠡᠯ ᠤᠨ ᠬᠢᠰᠬᠢᠬᠦᠷ᠂ ᠳᠡᠭᠡᠷ᠎ᠠ ᠨᠢᠬᠡᠨ ᠰᠠᠭᠤᠳᠠᠯ ᠳᠤ ᠭᠠᠷᠬᠤ | ᠶᠢᠨ ᠱᠠᠳᠤ᠃ ᠡᠮᠡᠬᠡᠯ ᠤᠨ ᠪᠤᠰᠤᠭ᠎ᠠ ᠬᠡᠢ ᠮᠤᠷᠢ ᠪᠤᠯ ᠳᠠᠷᠤᠢ ᠲᠦᠷᠦᠬᠡ ᠭᠡᠳᠡᠭ᠃ ᠬᠤᠷᠴᠢᠨᠴᠤᠳ᠂ ᠲᠦᠷᠦᠬᠡ | ᠪᠤᠯ ᠳᠠᠷᠤᠢ ᠬᠦᠮᠦᠰ ᠢ ᠭᠠᠵᠠᠷ ᠠᠴᠠ ᠰᠠᠯᠭᠠᠨ᠂ ᠭᠡᠢ ᠠᠭᠠᠷ ᠳᠡᠬᠡᠷ᠎ᠠ ᠵᠤᠷᠴᠢᠭᠤᠯᠤᠨ ᠵᠢᠷᠭᠠᠭᠤᠯᠵᠤ ᠪᠠᠶᠢᠭ᠎ᠠ | ᠡᠬᠦᠳᠡᠨ ᠪᠤᠱᠤᠭ᠎ᠠ ᠭᠡᠵᠤ ᠦᠵᠡᠳᠡᠭ᠃ ᠳᠡᠭᠡᠭᠡᠳ ᠯᠠ ᠯᠤᠤ ᠶᠢᠨ ᠠᠮᠠ ᠲᠠᠢ ᠲᠦᠷᠦᠭᠡ ᠭᠡᠳᠡᠯ᠎ᠠ ᠤᠭᠠᠯᠵᠠ ᠭᠡ ᠲᠠᠢ | ᠲᠦᠷᠦᠬᠡ᠂ ᠪᠡᠯᠭᠡ ᠳᠡᠮᠪᠡᠷᠢᠯ ᠲᠠᠢ᠂ ᠦᠨ᠎ᠡ ᠪᠡᠨ᠎ᠠ ᠲᠠᠢ ᠲᠦᠷᠦᠬᠡ ᠡᠷᠢᠵᠦ ᠳᠡᠮᠡᠴᠡᠳᠡᠭ᠃ ᠯᠤᠤ ᠪᠤᠯ ᠤᠭᠳᠠᠷᠭᠤᠢ | ᠳᠤ ᠳᠡᠬᠦᠯᠢᠳᠡᠭ ᠷᠢᠳᠢ ᠰᠢᠳᠢ ᠲᠠᠢ᠂ ᠬᠤᠪᠢᠯᠭᠠᠨ ᠤᠪᠠᠳᠢᠰ ᠲᠠᠢ ᠠᠮᠢᠳᠠᠨ ᠤ ᠪᠦᠷᠢᠯᠸ᠎ᠠ᠂ ᠭᠠᠢ ᠪᠠᠷᠴᠢᠳ ᠤᠨ | ᠳᠠᠷᠤᠯᠭ᠎ᠠ ᠭᠡᠵᠤ ᠦᠵᠡᠨ᠂ ᠤᠤᠯ ᠤᠤᠯ ᠠᠴᠠ ᠯᠤᠤ ᠶᠢᠨ ᠠᠮᠠ ᠲᠠᠢ ᠲᠦᠷᠦᠬᠡ ᠶᠢ ᠡᠷᠢᠵᠦ ᠬᠡᠷᠡᠭᠯᠡᠳᠡᠭ ᠪᠠᠶᠢᠪᠠ᠃ | ᠳᠡᠬᠦᠨ ᠢᠶᠠᠨ ᠳᠠᠷᠠᠭᠠᠯᠠᠭᠠᠳ ᠵᠡᠰ ᠭᠠᠤᠯᠢᠨ ᠲᠦᠷᠦᠬᠡ᠂ ᠬᠦᠷᠡᠯ ᠳᠡᠮᠤᠷ ᠲᠦᠷᠦᠬᠡ ᠶᠢ ᠡᠮᠡᠬᠡᠯ ᠳᠤ ᠪᠠᠨ ᠤᠭᠰᠠᠷᠠᠵᠤ | ᠢᠷᠡᠪᠡ᠃ ᠲᠦᠷᠦᠬᠡ ᠶᠢ ᠬᠦᠮᠦᠰ ᠪᠡᠯᠭᠡ ᠳᠠᠮᠪᠠᠷᠢᠯ ᠲᠠᠢ ᠶᠢ ᠡᠷᠢᠬᠦ ᠪᠤᠶᠤ ᠶᠠᠩᠵᠤ ᠡᠪ ᠢ ᠨᠢ ᠤᠨᠴᠠ ᠡᠷᠬᠢᠮᠯᠡᠳᠡᠭ | ᠪᠤᠯᠪᠠᠴᠤ ᠬᠦᠡᠭᠭᠡᠨ ᠢ ᠨᠢ ᠮᠥᠨ ᠰᠤᠩᠭᠤᠵᠤ ᠬᠡᠷᠡᠭᠯᠡᠳᠡᠭ᠃ | ᠨᠢᠬᠡ ᠡᠮᠡᠬᠡᠯ ᠳᠤ ᠨᠢᠬᠡ ᠬᠤᠤᠰ ᠲᠦᠷᠦᠬᠡ ᠤᠭᠰᠠᠷᠠᠳᠠᠭ᠃ ᠳᠠᠷᠤᠢ ᠵᠦᠪᠳᠠᠢ ᠲᠦᠷᠦᠬᠡ᠂ ᠪᠤᠷᠤᠭᠤᠳᠠᠢ | ᠲᠦᠷᠦᠬᠡ ᠪᠤᠯᠤᠨ᠎ᠠ᠃ ᠵᠡᠬᠦᠨ ᠬᠦᠯ ᠤᠨ ᠲᠦᠷᠦᠬᠡ ᠶᠢ ᠵᠦᠪᠳᠠᠢ ᠲᠦᠷᠦᠬᠡ ᠭᠡᠵᠤ᠂ ᠪᠠᠷᠠᠭᠤᠨ ᠬᠦᠯ ᠤᠨ ᠲᠦᠷᠦᠬᠡ | ᠶᠢ ᠪᠤᠷᠤᠭᠤᠳᠠᠢ ᠲᠦᠷᠦᠬᠡ ᠬᠡᠨ᠎ᠠ᠃ ᠲᠦᠷᠦᠬᠡ ᠨᠢ ᠪᠠᠰᠠ ᠲᠦᠷᠦᠬᠡ ᠶᠢᠨ ᠬᠢᠰᠬᠢᠬᠦᠷ᠂ ᠲᠦᠷᠦᠬᠡ ᠶᠢᠨ ᠰᠡᠨᠵᠢ᠂ | ᠲᠦᠷᠦᠬᠡᠨ ᠤᠭᠤᠰᠤᠷ ᠤᠨ ᠡᠯᠬᠦᠬᠦᠷ ᠵᠡᠷᠭᠡ ᠪᠠᠷ ᠪᠦᠷᠢᠯᠳᠦᠨ᠎ᠠ᠃ | ᠲᠦᠷᠦᠬᠡ ᠶᠢ ᠡᠮᠡᠭᠡᠯ ᠤᠨ ᠤᠷᠢᠳᠤ ᠤᠯᠤᠩ᠂ ᠤᠷᠢᠳᠤ ᠵᠢᠷᠢᠮ ᠤᠨ ᠤᠭᠰᠤᠷᠭ᠎ᠠ ᠶᠢᠨ ᠨᠦᠬᠡ ᠠᠴᠠ ᠠᠷᠤᠨᠰᠢ | 2 — 3 ᠰᠠᠨᠲ᠋ᠢᠮᠧᠲᠷ ᠤᠨ ᠵᠠᠢ ᠪᠠᠷ ᠬᠠᠪᠳᠠᠭᠠᠯ ᠢ ᠴᠤᠭᠤᠯᠵᠤ᠂ ᠰᠤᠷ ᠤᠭᠤᠰᠤᠷ ᠢᠶᠠᠷ ᠡᠯᠬᠦᠨ᠎ᠠ᠃ ᠲᠦᠷᠦᠬᠡ | ᠶᠢ ᠡᠯᠬᠦᠨ ᠳᠡᠬᠦᠵᠢᠯᠡᠳᠡᠭ ᠰᠤᠷ ᠳᠡᠭᠡᠰᠤ ᠶᠢ ᠲᠦᠷᠦᠬᠡᠨ ᠰᠤᠷ ᠬᠡᠨ᠎ᠠ᠃ ᠲᠦᠷᠦᠬᠡᠨ ᠰᠤᠷ ᠢ ᠰᠠᠶᠢᠨ | ᠪᠤᠯᠪᠠᠰᠤᠷᠠᠭᠰᠠᠨ ᠵᠤᠵᠠᠭᠠᠨ ᠰᠤᠷ ᠢ ᠳᠠᠪᠤᠨ ᠬᠤᠷᠤᠭᠤ ᠪᠠᠷ ᠵᠦᠰᠦᠬᠡᠳ᠂ ᠭᠤᠤᠯ ᠢᠶᠠᠷ ᠨᠢ ᠨᠤᠭᠤᠯᠤᠨ | ᠳᠠᠪᠬᠤᠷᠯᠠᠵᠤ᠂ ᠳᠡᠭᠡᠭᠰᠢ ᠡᠯᠬᠦᠬᠦ ᠨᠢᠬᠡ ᠦᠵᠦᠬᠦᠷ ᠳᠡᠬᠡᠷ᠎ᠠ ᠨᠢ ᠬᠡᠯᠡ ᠲᠠᠢ ᠳᠡᠮᠤᠷ ᠭᠤᠷᠬᠢ ᠤᠭᠰᠠᠷᠠᠵᠤ᠂ ᠨᠦᠬᠦᠬᠡ | ᠦᠵᠦᠬᠦᠷ ᠢ ᠬᠠᠪᠳᠠᠭᠠᠯ ᠤᠨ ᠲᠦᠷᠦᠬᠡᠨ ᠰᠤᠷ ᠤᠨ ᠨᠦᠬᠡ ᠶᠢᠨ ᠳᠤᠳᠤᠷ᠎ᠠ ᠳᠠᠯ᠎ᠠ ᠠᠴᠠ ᠨᠢ ᠭᠠᠳᠠᠭᠰᠢ | ᠰᠢᠷᠭᠤᠭᠤᠯᠤᠨ ᠳᠠᠳᠠᠵᠤ ᠭᠠᠷᠭᠠᠭᠠᠳ᠂ ᠭᠤᠷᠬᠢᠨ ᠳᠤ ᠳᠡᠪᠡᠬᠡᠯᠡᠵᠦ ᠡᠯᠬᠦᠨ᠎ᠠ᠃ | ᠬᠤᠶᠠᠷ ᠳᠠᠯ᠎ᠠ ᠶᠢᠨ ᠲᠦᠷᠦᠬᠡᠨ ᠰᠤᠷ ᠢ ᠨᠢᠬᠡᠯᠡ ᠠᠳᠠᠯᠢ ᠤᠷᠳᠤ ᠭᠢᠳᠡᠭ ᠦᠭᠡᠢ᠃ ᠵᠦᠪ ᠳᠠᠯ᠎ᠠ ᠶᠢᠨ | ᠲᠦᠷᠦᠬᠡᠨ ᠰᠤᠷ ᠢ ᠮᠤᠷᠢᠨ ᠳᠡᠭᠡᠷ᠎ᠠ ᠭᠠᠷᠴᠤ ᠪᠠᠭᠤᠬᠤ ᠶᠢ ᠪᠤᠳᠤᠵᠤ ᠪᠤᠷᠤᠭᠤᠳᠠᠢ ᠳᠠᠯ᠎ᠠ ᠶᠢᠨ ᠬᠢᠨ ᠠᠴᠠ ᠪᠠᠭ᠋ᠠᠨ | ᠤᠷᠳᠤ ᠳᠠᠯᠪᠢᠳᠠᠭ᠃ ᠲᠦᠷᠦᠬᠡᠨ ᠰᠤᠷ ᠤᠨ ᠤᠷᠳᠤ ᠨᠢ ᠶᠡᠷᠤᠩᠭᠡᠢ ᠳᠤ ᠪᠠᠨ ᠪᠠᠷᠤᠭ 35 ᠰᠠᠨᠲ᠋ᠢᠮᠧᠲᠷ ᠤᠷᠳᠤ | ᠪᠠᠶᠢᠳᠠᠭ᠃ ᠬᠡᠪᠡᠴᠤ ᠬᠦᠳᠡᠯᠦᠩᠭᠦᠢ ᠪᠠᠷ ᠰᠤᠩᠭᠠᠵᠤ ᠠᠪᠴᠢᠭᠠᠬᠤ ᠪᠠᠷ ᠳᠠᠭᠠᠷᠠᠭᠤᠯᠳᠠᠭ᠃ | ᠲᠦᠷᠦᠬᠡᠨ ᠰᠤᠷ ᠢ ᠡᠮᠡᠬᠡᠯ ᠤᠨ ᠬᠦᠯᠢᠮ ᠢ ᠴᠤᠭᠤᠯᠵᠤ᠂ ᠬᠦᠯᠢᠮ ᠤᠨ ᠭᠠᠳᠠᠨ᠎ᠠ ᠲᠦᠷᠦᠬᠡ ᠶᠢ ᠭᠠᠷᠭᠠᠨ᠎ᠠ᠃ | ᠭᠠᠨᠵᠤᠭ᠎ᠠ —— ᠡᠮᠡᠬᠡᠯ ᠤᠨ ᠵᠢᠯᠤᠭᠤ ᠴᠤᠯᠪᠤᠭᠤᠷ ᠰᠤᠶᠢᠬᠤ᠂ ᠠᠪᠠ ᠠᠡᠭ ᠤᠨ ᠠᠰᠢᠭ ᠤᠯᠵᠠ᠂ | ᠠᠶᠠᠨ ᠨᠡᠬᠦᠳᠡᠯ ᠤᠨ ᠠᠮᠤ ᠬᠦᠨᠡᠰᠤ᠂ ᠠᠶᠢᠯ ᠳᠤᠭᠤᠷᠢᠯ ᠤᠨ ᠪᠡᠯᠡᠭ ᠰᠡᠯᠳᠡ ᠪᠤᠶᠤ ᠤᠨᠤᠭᠰᠠᠨ ᠮᠤᠷᠢᠨ ᠤ ᠪᠠᠨ | ᠵᠠᠷᠤᠳᠠᠯ ᠬᠡᠷᠡᠭᠰᠡᠯ ᠢ ᠤᠶᠠᠵᠤ ᠪᠠᠬᠢᠯᠡᠬᠦ ᠳᠤ ᠵᠤᠷᠢᠭᠤᠯᠤᠭᠰᠠᠨ᠂ ᠡᠮᠡᠬᠡᠯ ᠤᠨ ᠬᠤᠶᠠᠷ ᠬᠠᠪᠳᠠᠭᠠᠯ ᠤᠨ ᠬᠤᠶᠠᠷ | ᠦᠵᠦᠭᠦᠷ ᠳᠡᠬᠡᠷ᠎ᠠ ᠳᠤᠰᠬᠠᠶᠢᠯᠠᠨ ᠣᠭᠰᠠᠷᠠᠭᠰᠠᠨ ᠲᠦᠷᠪᠡᠨ ᠢᠵᠢ ᠳᠡᠭᠡᠰᠤ ᠶᠢ ᠭᠠᠨᠵᠤᠭ᠎ᠠ ᠬᠡᠨ᠎ᠠ᠃ | ᠭᠠᠨᠵᠤᠭ᠎ᠠ ᠶᠢ ᠶᠡᠷᠤ ᠠᠴᠠ ᠰᠤᠷ ᠢᠶᠠᠷ ᠭᠢᠳᠡᠭ᠃ ᠭᠠᠨᠵᠤᠭ᠎ᠠ ᠶᠢ ᠪᠠᠰᠠ ᠬᠠᠪᠳᠠᠭᠠᠢ ᠭᠠᠨᠵᠤᠭ᠎ᠠ ᠪᠠ | ᠪᠦᠬᠡᠷᠡᠩᠭᠡᠢ ᠭᠠᠨᠵᠤᠭ᠎ᠠ ᠭᠡᠵᠤ ᠬᠤᠶᠠᠷ ᠲᠦᠷᠦᠯ ᠬᠤᠪᠢᠶᠠᠨ᠎ᠠ᠃ ᠰᠠᠪᠬ᠎ᠠ ᠠᠴᠠ ᠦᠷᠬᠡᠨ ᠵᠦᠰᠦᠵᠦ ᠬᠢᠭᠰᠡᠨ ᠰᠤᠷ ᠢ | ᠬᠠᠪᠳᠠᠭᠠᠢ ᠭᠠᠨᠵᠤᠭ᠎ᠠ ᠭᠡᠵᠤ᠂ ᠰᠤᠷ ᠤᠨ ᠵᠤᠵᠠᠭᠠᠨ ᠢᠶᠠᠷ ᠦᠷᠬᠡᠯᠡᠵᠦ ᠬᠢᠭᠰᠡᠨ ᠭᠠᠨᠵᠤᠭ᠎ᠠ ᠶᠢ ᠪᠦᠬᠡᠷᠡᠩᠭᠡᠢ | ᠭᠠᠨᠵᠤᠭ᠎ᠠ ᠬᠡᠨ᠎ᠠ᠃ | ᠬᠠᠪᠳᠠᠭᠠᠢ ᠭᠠᠨᠵᠤᠭ᠎ᠠ ᠶᠢ ᠨᠢᠮᠬᠡᠨ ᠵᠤᠵᠠᠭᠠᠨ ᠨᠢ ᠠᠳᠠᠯᠢᠬᠠᠨ ᠰᠤᠷ ᠢᠶᠠᠷ ᠬᠢᠨ᠎ᠠ᠃ ᠰᠤᠷ ᠤᠨ ᠤᠷᠳᠤ ᠨᠢ | ᠳᠤᠯᠤᠭᠠᠨ ᠲᠦᠬᠡ᠃ ᠨᠢᠬᠡ ᠢᠵᠢ ᠭᠠᠨᠵᠤᠭ᠎ᠠ ︵ᠨᠠᠢᠮᠠᠨ ᠰᠢᠷᠭᠡᠭ︶ ᠶᠢᠨ ᠢᠶᠠᠨ ᠭᠡᠮᠵᠢᠶ᠎ᠠ ᠪᠠᠷ ᠰᠤᠷ ᠢᠶᠠᠨ | ᠵᠦᠰᠦᠬᠡᠳ ᠳᠤᠮᠳᠠ ᠨᠢ 2 ᠰᠠᠨᠲ᠋ᠢᠮᠧᠲᠷ ᠪᠢᠳᠡᠬᠦᠦ ᠳᠤᠬᠤ ᠦᠯᠡᠳᠡᠭᠡᠨ ᠬᠤᠶᠠᠷ ᠳᠡᠰᠢ ᠪᠠᠨ ᠳᠤᠰ ᠳᠤᠰ ᠲᠦᠷᠪᠡᠨ | ᠰᠢᠷᠭᠡᠭ ᠭᠠᠨᠵᠤᠭ᠎ᠠ ᠵᠦᠰᠦᠨ᠎ᠠ᠃ ᠵᠦᠰᠦᠭᠰᠡᠨ ᠭᠠᠨᠵᠤᠭ᠎ᠠ ᠶᠢᠨ ᠢᠶᠠᠨ ᠦᠵᠦᠬᠦᠷ ᠢ ᠲᠦᠷᠪᠡ ᠲᠦᠷᠪᠡ ᠪᠠᠷ | ᠭᠠᠨᠵᠤᠭ᠎ᠠ ᠶᠢᠨ ᠳᠤᠳᠤᠷ᠎ᠠ ᠳᠠᠯ᠎ᠠ ᠶᠢᠨ ᠨᠦᠬᠡ ᠪᠠᠷ ᠰᠢᠷᠭᠤᠭᠤᠯᠠᠨ᠂ ᠪᠢᠳᠡᠬᠦᠦ ᠳᠠᠯ᠎ᠠ ᠶᠢ ᠭᠠᠨᠵᠤᠭ᠎ᠠ ᠶᠢᠨ ᠰᠤᠷ ᠤᠨ | ᠭᠤᠪᠬᠢᠯ ᠳᠤ ᠤᠨᠤᠭᠤᠯᠵᠤ᠂ ᠭᠠᠳᠠᠭᠰᠢ ᠪᠠᠨ ᠳᠠᠳᠠᠨ ᠭᠠᠷᠭᠠᠨ᠎ᠠ᠃ | ᠨᠢᠬᠡ ᠢᠵᠢ ᠬᠠᠪᠳᠠᠭᠠᠢ ᠭᠠᠨᠵᠤᠭ᠎ᠠ ᠶᠢᠨ ᠳᠤᠭ᠎ᠠ ᠶᠡᠷᠤ ᠠᠴᠠ ᠨᠠᠢᠮᠨ ᠪᠠᠶᠢᠳᠠᠭ᠃ ᠲᠦᠷᠪᠡᠨ ᠢᠵᠢ ᠭᠠᠨᠵᠤᠭ᠎ᠠ | ᠶᠢᠨ ᠰᠢᠷᠭᠡᠭ ᠨᠡᠶᠢᠳᠡ 32 ᠪᠠᠶᠢᠳᠠᠭ᠃ ᠪᠦᠬᠡᠷᠡᠩᠭᠡᠢ ᠭᠠᠨᠵᠤᠭ᠎ᠠ ᠶᠢ ᠨᠢᠬᠡ ᠢᠵᠢ ᠳᠤ 10 ᠪᠤᠶᠤ 12 ᠰᠢᠷᠭᠡᠭ | ᠢᠶᠠᠷ ᠭᠠᠨᠵᠤᠭᠠᠯᠠᠳᠠᠭ᠃ ᠭᠠᠨᠵᠤᠭ᠎ᠠ ᠶᠢᠨ ᠤᠷᠳᠤ ᠶᠢ ᠬᠦᠯᠢᠮ ᠠᠴᠠ ᠤᠬᠤᠷ ᠢᠶᠠᠷ ᠵᠤᠬᠢᠴᠠᠭᠤᠯᠵᠤ ᠪᠠᠷᠤᠭ 70 | ᠰᠠᠨᠲ᠋ᠢᠮᠧᠲᠷ ᠪᠠᠶᠢᠯᠭᠠᠳᠠᠭ᠃ | ᠰᠤᠷ ᠭᠠᠨᠵᠤᠭ᠎ᠠ ᠶᠢ ᠶᠡᠷᠤ ᠠᠴᠠ ᠬᠠᠷ᠎ᠠ ᠪᠠᠷ ᠪᠤᠳᠤᠳᠠᠭ᠃ ᠬᠠᠷ᠎ᠠ ᠪᠠᠷ ᠪᠤᠳᠤᠪᠠᠯ ᠤᠯᠠᠭᠠᠨ ᠴᠢᠰᠤ ᠬᠦᠷᠦᠭᠰᠡᠨ | ᠴᠦ ᠮᠡᠳᠡᠭᠳᠡᠬᠦ ᠦᠭᠡᠢ ᠭᠡᠳᠡᠭ ᠪᠦᠬᠡᠳ ᠶᠠᠭᠤ ᠤᠶᠠᠭᠰᠠᠨ ᠴᠦ ᠭᠭᠢᠷᠳᠦᠵᠦ ᠪᠤᠵᠠᠷᠳᠠᠬᠤ ᠨᠢ ᠮᠡᠳᠡᠭᠳᠡᠬᠦ ᠦᠭᠡᠢ ᠭᠡᠳᠡᠭ | ᠃ ᠪᠤᠰᠤᠳ ᠵᠤᠶᠢᠯ ᠤᠨ ᠭᠠᠨᠵᠤᠭ᠎ᠠ ᠶᠢ ᠪᠤᠳᠤᠳᠠᠭ ᠦᠭᠡᠢ᠃ | ᠭᠠᠨᠵᠤᠭ᠎ᠠ ᠪᠤᠯ ᠡᠮᠡᠬᠡᠯ ᠤᠨ ᠤᠨᠵᠢᠯᠭ᠎ᠠ ᠴᠢᠮᠡᠭ᠂ ᠵᠠᠰᠠᠯ ᠯᠠᠪᠷᠢ᠂ ᠤᠯᠵᠠ ᠤᠮᠤᠭ ᠤᠨ ᠪᠡᠯᠬᠡ᠂ ᠭᠡᠢ ᠮᠤᠷᠢ | ᠶᠢᠨ ᠳᠠᠯᠠᠯᠭ᠎ᠠ ᠭᠡᠳᠡᠭ᠃ ᠳᠡᠶᠢᠮᠤ ᠠᠴᠠ ᠬᠤᠷᠴᠢᠨᠴᠤᠳ ᠠᠪᠠ ᠠᠡᠭ᠂ ᠨᠠᠶᠢᠷ ᠬᠤᠷᠢᠮ ᠳᠤ ᠶᠠᠪᠤᠬᠤ᠂ ᠠᠯᠤᠰ | ᠠᠶᠠᠨ ᠳᠤ ᠮᠤᠷᠳᠠᠵᠤ ᠭᠠᠷᠬᠤ ᠯᠠ ᠶᠤᠮ ᠪᠤᠯ ᠡᠮᠡᠬᠡᠯ ᠤᠨ ᠢᠶᠠᠨ ᠭᠠᠨᠵᠤᠭ᠎ᠠ ᠶᠢ ᠳᠤᠰᠤ ᠪᠠᠷ ᠮᠢᠯᠢᠶᠠᠳᠠᠭ᠃ | ᠳᠤᠬᠤᠮ —— ᠬᠠᠨᠭ᠍ᠬᠠᠢ ᠮᠤᠳᠤᠨ ᠡᠮᠡᠭᠡᠯ ᠤᠨ ᠳᠤᠤᠷ᠎ᠠ᠂ ᠪᠠᠰᠠ ᠬᠦᠯᠢᠮ ᠤᠨ ᠳᠤᠳᠤᠷ᠎ᠠ ᠳᠠᠯ᠎ᠠ ᠳᠤ | ᠳᠤᠬᠤᠬᠤ ᠪᠦᠰ ᠢᠶᠠᠷ ᠪᠦᠷᠢᠭᠰᠡᠨ ᠵᠢᠵᠢᠭ ᠤᠷᠳᠤ ᠲᠦᠷᠪᠡᠯᠵᠢᠨ ᠢᠰᠡᠭᠡᠢ᠂ ᠡᠰᠡᠬᠦᠯ᠎ᠠ ᠬᠢᠯᠭᠠᠰᠤ ᠶᠢ ᠵᠤᠯᠠᠵᠤ ᠪᠦᠰ | ᠢᠶᠠᠷ ᠪᠦᠷᠢᠵᠦ ᠭᠢᠭᠰᠡᠨ ᠵᠦᠬᠡᠯᠡᠪᠴᠢ ᠳᠡᠪᠢᠰᠬᠡᠷ ᠢ ᠳᠤᠬᠤᠮ ᠭᠡᠳᠡᠭ᠃ | ᠳᠤᠬᠤᠮ ᠢ ᠵᠢᠪᠡᠷ ᠰᠠᠯᠬᠢ ᠨᠠᠪᠳᠠᠷᠠᠵᠤ᠂ ᠬᠠᠯᠠᠭᠤᠳᠬᠤ ᠶᠢ ᠰᠡᠷᠭᠡᠶᠢᠯᠡᠵᠦ ᠰᠡᠶᠢᠮᠡᠬᠡᠢ ᠰᠡᠭᠡᠭᠡ ᠲᠠᠢ ᠮᠦᠷᠳᠡᠭᠡᠨ | ᠭᠦᠪᠰᠡᠭᠡᠷ ᠵᠦᠬᠡᠯᠡᠨ ᠭᠢᠳᠡᠭ᠂ ᠬᠦᠪᠤᠡᠭ ᠪᠤᠶᠤ ᠮᠢᠨᠳᠠᠰᠤ ᠵᠡᠷᠭᠡ ᠵᠦᠬᠡᠯᠡᠨ ᠪᠤᠯᠪᠠᠴᠤ ᠬᠠᠯᠠᠭᠤᠨ ᠡᠳ᠋ ᠢᠶᠠᠷ ᠭᠢᠳᠡᠭ | ᠦᠭᠡᠢ᠃ ᠭᠡᠳᠤᠷᠬᠡᠢ ᠬᠠᠯᠠᠭᠤᠨ ᠪᠤᠯ ᠮᠤᠷᠢᠨ ᠨᠢᠷᠤᠭᠤᠨ ᠤ ᠠᠷᠠᠰᠤ ᠦᠰᠦ ᠠᠶᠠᠨᠳᠠᠭᠠᠨ ᠵᠤᠯᠭᠠᠷᠠᠴᠢᠬᠠᠳᠠᠭ᠃ | ᠳᠤᠬᠤᠮ ᠤᠨ ᠵᠤᠵᠠᠭᠠᠨ ᠨᠢ ᠪᠠᠷᠤᠭ ᠬᠤᠶᠠᠷ ᠬᠤᠷᠤᠭᠤ ᠪᠠᠶᠢᠳᠠᠭ᠃ ᠡᠮᠡᠬᠡᠯ ᠤᠨ ᠬᠠᠪᠳᠠᠭᠠᠯ ᠮᠤᠷᠢᠨ ᠤ | ᠬᠠᠪᠢᠷᠭ᠎ᠠ ᠰᠦᠪᠡᠷᠬᠡ ᠳᠤ ᠬᠠᠯᠠ ᠪᠤᠯᠬᠤ ᠠᠴᠠ ᠪᠤᠶᠤ ᠡᠮᠡᠬᠡᠯ ᠤᠨ ᠳᠠᠷᠤᠯᠳᠠ ᠶᠢ ᠨᠢᠷᠤᠭᠤᠨ ᠭᠤᠤᠯ ᠳᠡᠭᠡᠷ᠎ᠠ | ᠵᠤᠬᠢᠬᠤ ᠬᠡᠮᠵᠢᠶ᠎ᠠ ᠪᠠᠷ ᠳᠠᠮᠨᠠᠭᠤᠯᠬᠤ ᠪᠠᠷ ᠳᠤᠰᠬᠠᠶᠢᠯᠠᠨ ᠵᠤᠬᠢᠶᠠᠭᠰᠠᠨ ᠳᠡᠪᠢᠰᠬᠡᠷ ᠡᠳ᠋ ᠪᠠᠶᠢᠭ᠎ᠠ ᠶᠤᠮ᠃ | ᠳᠤᠬᠤᠮ ᠢ ᠴᠠᠭᠠᠨ ᠪᠦᠰ ᠢᠶᠠᠷ ᠪᠦᠷᠢᠵᠦ᠂ ᠬᠦᠪᠡᠭᠡ ᠶᠢ ᠨᠢ ᠳᠤᠭᠤᠷᠢᠭᠤᠯᠤᠨ ᠤᠯᠠᠭᠠᠨ ᠪᠦᠰ ᠢᠶᠠᠷ ᠤᠷᠢᠶᠠᠨ | ᠴᠢᠮᠡᠭᠯᠡᠨᠠ᠃ ᠤᠨᠤᠭ᠎ᠠ ᠬᠦᠯᠦᠭ ᠳᠡᠪᠳᠤᠳᠡᠯᠠ ᠬᠦᠯᠦᠰᠦᠷᠡᠭᠰᠡᠨ ᠪᠠᠶᠢᠪᠠᠯ ᠮᠤᠷᠢᠨ ᠠᠴᠠ ᠪᠠᠨ ᠪᠠᠭᠤᠵᠤ᠂ ᠬᠤᠶᠢᠳᠤ | ᠤᠯᠤᠩ ᠢ ᠰᠤᠯᠠᠳᠬᠠᠨ᠂ ᠡᠮᠡᠬᠡᠯ ᠢ ᠡᠷᠬᠦᠰᠬᠢᠨ ᠰᠢᠯᠬᠡᠬᠡᠪᠡᠯ ᠳᠤᠬᠤᠮ ᠨᠢ ᠳᠡᠷᠡ ᠳᠠᠷᠤᠢ ᠰᠡᠭᠡᠬᠡ ᠵᠠᠪᠰᠠᠷ ᠢᠶᠠᠨ | ᠰᠡᠷᠬᠦᠬᠡᠨ ᠬᠠᠷᠢᠮᠠᠬᠠᠢ ᠬᠦᠴᠦ ᠪᠠᠨ ᠤᠯᠳᠠᠭ᠃ ᠳᠡᠶᠢᠮᠤᠷᠬᠦ ᠳᠤᠬᠤᠮ ᠭᠡᠭᠴᠢ ᠨᠢ ᠡᠮᠡᠬᠡᠯ ᠤᠨ ᠳᠡᠪᠢᠰᠬᠡᠷ ᠢᠶᠠᠷ | ᠪᠠᠷᠠᠬᠤ ᠦᠭᠡᠢ ᠬᠠᠯᠠᠭᠤᠨ ᠬᠦᠢᠳᠡᠨ ᠢ ᠵᠤᠬᠢᠴᠠᠭᠤᠯᠤᠭᠴᠢ ᠮᠦᠷᠳᠡᠭᠡᠨ ᠳᠡᠭᠡᠭᠡᠷᠠ ᠳᠠᠷᠤᠭᠠᠰᠤ ᠶᠢ ᠨᠢ | ᠬᠤᠪᠢᠶᠠᠯᠴᠠᠭᠤᠯᠤᠭᠴᠢ ᠡᠳᠡᠭᠡᠳ ᠡᠳ᠋ ᠪᠠᠶᠢᠭ᠎ᠠ ᠶᠤᠮ᠃ | ᠳᠤᠬᠤᠮ ᠢ ᠬᠤᠶᠢᠰᠢ ᠤᠷᠤᠭᠰᠢ ᠪᠠᠨ ᠡᠮᠡᠬᠡᠯ ᠤᠨ ᠬᠠᠪᠳᠠᠭᠠᠯ ᠠᠴᠠ 2 — 4 ᠰᠠᠨᠲ᠋ᠢᠮᠧᠲᠷ ᠤᠷᠳᠤ᠂ | ᠦᠬᠡᠷ᠎ᠠ ᠪᠠᠷ ᠬᠡᠯᠡᠪᠡᠯ 50 — 52 ᠰᠠᠨᠲ᠋ᠢᠮᠧᠲᠷ ᠢᠶᠠᠷ ᠡᠰᠭᠡᠵᠦ᠂ ᠵᠡᠬᠦᠨᠰᠢ ᠪᠠᠷᠠᠭᠤᠨᠰᠢ ᠦᠷᠬᠡᠨ ᠨᠢ 35 — | 37 ᠰᠠᠨᠲ᠋ᠢᠮᠧᠲᠷ ᠢᠶᠠᠷ ᠭᠡᠮᠵᠢᠶᠡᠯᠡᠵᠦ ᠭᠢᠳᠡᠭ᠃ | ᠬᠤᠷᠴᠢᠨᠴᠤᠳ ᠤᠨ ᠡᠮᠡᠬᠡᠯ ᠤᠨ ᠳᠤᠬᠤᠮ ᠳᠤ ᠪᠠᠰᠠ ᠨᠢᠬᠡᠨ ᠵᠢᠵᠢᠭ ᠭᠤᠷᠪᠠᠯᠵᠢᠨ ᠬᠡᠪᠡᠭ ᠲᠠᠢ ᠤᠭᠤᠳᠠ | ᠳᠠᠭᠠᠭᠠᠯᠳᠤᠳᠠᠭ᠃ ᠳᠡᠬᠦᠨ ᠢᠶᠠᠨ ᠪᠠᠰᠠ ᠬᠠᠯᠢᠰᠤᠨ ᠤᠭᠤᠳᠠ ᠭᠡᠬᠦ ᠪᠤᠶᠤ ᠳᠤᠬᠤᠮ ᠤᠨ ᠳᠡᠷᠠ ᠭᠡᠳᠡᠭ᠃ ᠵᠢᠵᠢᠭ | ᠭᠤᠷᠪᠠᠯᠵᠢᠨ ᠤᠭᠤᠳᠠᠨ ᠤ ᠪᠠᠨ ᠳᠤᠳᠤᠷ᠎ᠠ ᠰᠠᠭᠠᠭ ᠤᠨ ᠪᠤᠳᠠᠭᠠᠨ ᠤ ᠪᠦᠳᠦᠬᠦᠨ ᠬᠠᠯᠢᠰᠤ ᠶᠢ ᠬᠠᠭᠠᠰ ᠳᠤᠨᠳᠠᠭᠤᠷ | ᠰᠠᠪᠠᠯᠠᠵᠤ ᠤᠶᠤᠳᠠᠭ᠃ | ᠮᠤᠷᠢᠨ ᠤ ᠮᠤᠨᠳᠠᠭ᠎ᠠ ᠶᠢᠨ ᠠᠷᠤ᠂ ᠳᠠᠷᠤᠢ ᠰᠡᠬᠡᠷ ᠤᠨ ᠬᠦᠳᠦᠬᠦᠷ ᠬᠡᠰᠡᠭ ᠤᠨ ᠠᠷᠤ ᠳᠤ ᠪᠠᠭ᠋ᠠᠨ ᠮᠢᠳᠠᠭ | ᠬᠤᠨᠭ᠍ᠬᠢᠯ ᠲᠠᠢ ᠪᠠᠶᠢᠳᠠᠭ᠃ ᠳᠡᠶᠢᠮᠤᠷᠬᠦ ᠳᠤᠬᠤᠮ ᠨᠢᠮᠬᠡᠨ ᠪᠤᠶᠤ ᠬᠠᠳᠠᠭᠤ ᠡᠰᠡᠬᠦᠯ᠎ᠠ ᠬᠠᠪᠳᠠᠭᠠᠯ ᠤᠨ ᠤᠷᠢᠳᠤ | ᠦᠵᠦᠬᠦᠷ ᠬᠡᠳᠤᠷᠬᠡᠢ ᠠᠰ ᠵᠢᠬᠢᠳᠠᠩ ᠪᠠᠶᠢᠪᠠᠯ ᠬᠢᠯᠪᠠᠷᠬᠠᠨ ᠢᠶᠠᠷ ᠮᠤᠷᠢᠨ ᠤ ᠮᠤᠨᠳᠠᠭ᠎ᠠ ᠶᠢ ᠮᠦᠷᠬᠦᠵᠦ | ᠳᠠᠭᠠᠷᠢᠳᠤᠭᠤᠯᠳᠠᠭ᠃ | ᠳᠡᠶᠢᠮᠤ ᠠᠴᠠ ᠬᠤᠷᠴᠢᠨᠴᠤᠳ ᠳᠤᠬᠤᠮ ᠤᠨ ᠤᠷᠢᠳᠤ ᠦᠵᠦᠬᠦᠷ ᠤᠨ ᠳᠤᠤᠷ᠎ᠠ ᠳᠠᠯ᠎ᠠ ᠳᠤ ᠰᠠᠭᠠᠭ ᠤᠨ ᠬᠠᠯᠢᠰᠤ | ᠰᠠᠪᠠᠯᠠᠭᠰᠠᠨ ᠵᠢᠵᠢᠭ ᠭᠤᠷᠪᠠᠯᠵᠢᠨ ᠤᠭᠤᠳᠠ ᠶᠢ ᠬᠠᠳᠠᠵᠤ ᠤᠶᠤᠬᠤ ᠪᠤᠯᠤᠭᠰᠠᠨ ᠶᠤᠮ᠃ | ᠭᠦᠯᠢᠮ —— ᠡᠮᠡᠭᠡᠯ ᠤᠨ ᠳᠤᠬᠤᠮ ᠤᠨ ᠳᠡᠬᠡᠷ᠎ᠠ ᠳᠠᠯ᠎ᠠ ᠳᠤ ᠳᠠᠪᠬᠤᠷᠯᠠᠨ᠂ ᠬᠠᠪᠳᠠᠭᠠᠯ ᠤᠨ ᠳᠤᠤᠷ᠎ᠠ | ᠳᠡᠪᠢᠰᠦᠭᠳᠡᠳᠡᠭ ᠬᠦᠮ᠂ ᠠᠷᠠᠰᠤ᠂ ᠪᠤᠯᠢᠭᠠᠷ᠂ ᠭᠢᠪᠢᠰ ᠵᠡᠷᠭᠡ ᠪᠠᠷ ᠬᠢᠭᠰᠡᠨ ᠤᠷᠳᠤ ᠲᠦᠷᠪᠡᠯᠵᠢᠨ ᠡᠩ ᠲᠠᠢ ᠭᠡᠰᠡᠭ | ᠢ ᠬᠦᠯᠢᠮ ᠭᠡᠳᠡᠭ᠃ | ᠬᠦᠯᠢᠮ ᠢ ᠡᠯᠳᠡᠵᠦ ᠪᠤᠯᠪᠠᠰᠤᠷᠠᠭᠤᠯᠤᠭᠰᠠᠨ ᠦᠬᠡᠷ ᠤᠨ ᠠᠷᠠᠰᠤ ᠪᠠᠷ ᠬᠢᠳᠡᠭ᠃ ᠨᠢᠬᠡ ᠪᠦᠳᠦᠬᠦᠨ ᠦᠬᠡᠷ ᠤᠨ | ᠠᠷᠠᠰᠤ ᠬᠤᠶᠠᠷ ᠡᠮᠡᠬᠡᠯ ᠤᠨ ᠬᠦᠯᠢᠮ ᠭᠠᠷᠳᠠᠭ ᠶᠤᠮ᠃ ᠳᠠᠯ᠎ᠠ ᠪᠡᠶ᠎ᠠ ᠶᠢᠨ ᠠᠷᠠᠰᠤ ᠨᠢ ᠳᠠᠷᠤᠢ ᠨᠢᠬᠡ ᠡᠮᠡᠬᠡᠯ ᠤᠨ | ᠬᠦᠯᠢᠮ᠃ ᠡᠯᠳᠡᠵᠦ ᠪᠤᠯᠪᠠᠰᠤᠷᠠᠭᠤᠯᠤᠭᠰᠠᠨ ᠦᠬᠡᠷ ᠤᠨ ᠠᠷᠠᠰᠤ ᠪᠠᠨ ᠵᠢᠭᠳᠡ ᠰᠠᠶᠢᠬᠠᠨ ᠡᠩᠵᠢᠬᠦᠯᠦᠨ ᠳᠠᠯᠠᠵᠤ᠂ | 156 ᠰᠠᠨᠲ᠋ᠢᠮᠧᠲᠷ ᠤᠷᠳᠤ᠂ ᠬᠤᠶᠠᠷ ᠦᠵᠦᠬᠦᠷ ᠵᠦᠭ ᠢᠶᠠᠨ 53 ᠰᠠᠨᠲ᠋ᠢᠮᠧᠲᠷ ᠦᠷᠬᠡᠨ᠂ ᠭᠤᠤᠯ ᠳᠤᠮᠳᠠ | ᠭᠡᠰᠡᠭ ᠲᠤ ᠪᠠᠨ 48 ᠰᠠᠨᠲ᠋ᠢᠮᠧᠲᠷ ᠦᠷᠬᠡᠨ ᠢᠶᠠᠷ ᠵᠦᠰᠦᠬᠡᠳ ᠨᠢᠬᠡ ᠬᠠᠪᠰᠤᠷᠤᠭ᠎ᠠ ᠬᠦᠯᠢᠮ ᠪᠤᠯᠭᠠᠨ᠎ᠠ᠃ | ᠳᠠᠬᠢᠭᠠᠳ ᠪᠢᠳᠡᠬᠦᠦ ᠪᠠᠷ ᠬᠡᠷᠡᠭᠯᠡᠪᠡᠯ ᠬᠦᠯᠢᠮ ᠤᠨ ᠭᠤᠤᠯ ᠰᠢᠯᠵᠢᠵᠦ ᠵᠡᠬᠦᠨ ᠪᠠᠷᠠᠭᠤᠨ ᠬᠦᠯᠢᠮ ᠳᠡᠬᠡᠷ᠎ᠠ ᠳᠤᠤᠷ᠎ᠠ | ᠲᠠᠢ ᠪᠤᠯᠤᠨ᠎ᠠ ᠭᠡᠵᠤ᠂ ᠭᠤᠤᠯ ᠳᠤᠮᠳᠠᠭᠤᠷ ᠨᠢ ᠵᠦᠰᠦᠨ ᠰᠠᠯᠭᠠᠭᠠᠳ᠂ ᠬᠤᠶᠠᠷ ᠬᠡᠰᠡᠭ ᠢ ᠨᠡᠶᠢᠯᠡᠬᠦᠯᠦᠨ᠂ | ᠬᠠᠪᠰᠤᠷᠤᠭᠰᠠᠨ ᠳᠡᠭᠡᠷ᠎ᠠ ᠢᠷᠮᠡᠭ ᠢ ᠨᠢ ᠳᠤᠷᠰᠢ ᠳᠤ ᠨᠢ ᠰᠢᠷᠢ ᠪᠤᠶᠤ ᠬᠢᠯᠭᠠᠰᠤᠨ ᠤᠳᠠᠰᠤ ᠪᠠᠷ ᠱᠠᠭᠯᠠᠵᠤ ᠤᠶᠤᠨ᠎ᠠ | ᠃ ᠢᠡᠭᠭᠢᠵᠦ ᠤᠶᠤᠵᠤ ᠳᠠᠭᠤᠰᠤᠭᠰᠠᠨ ᠤ ᠳᠠᠷᠠᠭ᠎ᠠ ᠬᠦᠯᠢᠮ ᠤᠨ ᠬᠤᠶᠢᠰᠢ ᠤᠷᠤᠭᠰᠢ ᠬᠠᠨᠳᠤᠰᠢ᠂ ᠦᠬᠡᠷ᠎ᠠ ᠪᠠᠷ | ᠬᠡᠯᠡᠪᠡᠯ ᠵᠦᠪ ᠪᠤᠷᠤᠭᠤ ᠳᠠᠯ᠎ᠠ ᠶᠢ ᠭᠡᠵᠢᠶᠡᠳᠡ ᠢᠯᠭᠠᠬᠤ ᠶᠢᠨ ᠲᠦᠯᠦᠬᠡ᠂ ᠪᠠᠰᠠ ᠬᠦᠯᠢᠮ ᠤᠨ ᠬᠤᠶᠢᠳᠤ ᠳᠤᠤᠷ᠎ᠠ | ᠦᠨᠴᠦᠭ ᠮᠤᠷᠢᠨ ᠤ ᠴᠢᠪᠢ ᠭᠤᠶ᠎ᠠ ᠶᠢ ᠴᠢᠴᠢᠯᠬᠢᠯᠡᠬᠦ ᠠᠴᠠ ᠬᠢᠴᠢᠶᠡᠵᠦ᠂ ᠬᠦᠯᠢᠮ ᠤᠨ ᠬᠤᠶᠢᠳᠤ ᠳᠤᠤᠷ᠎ᠠ | ᠦᠨᠴᠦᠭ ᠢ ᠵᠢᠵᠢᠭ ᠬᠠᠭᠠᠰ ᠰᠠᠷᠠᠨ ᠤ ᠬᠡᠯᠪᠡᠷᠢ ᠪᠠᠷ ᠤᠬᠤᠨ ᠵᠦᠰᠦᠵᠦ ᠠᠪᠳᠠᠭ᠃ | ᠬᠦᠯᠢᠮ ᠤᠨ ᠭᠠᠳᠠᠷ ᠳᠠᠯ᠎ᠠ ᠶᠢᠨ ᠨᠢᠭᠤᠷ ᠢ ᠬᠠᠷ᠎ᠠ ᠪᠤᠳᠤᠭ ᠢᠶᠠᠷ ᠪᠤᠳᠤᠵᠤ᠂ ᠪᠦᠬᠦ ᠬᠦᠪᠡᠭᠡ ᠶᠢ ᠨᠢ | ᠳᠤᠭᠤᠷᠢᠭᠤᠯᠤᠨ ᠬᠠᠷᠠᠩᠭᠤᠢ ᠨᠤᠭᠤᠭᠠᠨ ᠦᠡᠭᠭᠡ ᠶᠢᠨ ᠬᠦᠮ ᠢᠶᠠᠷ ᠪᠢᠳᠡᠬᠦᠯᠦᠨ ᠭᠦᠪᠡᠬᠡᠯᠡᠵᠦ᠂ ᠨᠠᠷᠢᠨ ᠰᠢᠷᠢ | ᠤᠳᠠᠰᠤ ᠪᠤᠶᠤ ᠬᠢᠯᠭᠠᠰᠤᠨ ᠤᠳᠠᠰᠤ ᠪᠠᠷ ᠱᠠᠭᠯᠠᠨ ᠤᠶᠤᠳᠠᠭ᠃ ᠬᠦᠯᠢᠮ ᠤᠨ ᠳᠤᠳᠤᠷ᠎ᠠ ᠳᠠᠯ᠎ᠠ ᠳᠤ ᠪᠤᠳᠤᠭ | ᠳᠠᠯᠪᠢᠳᠠᠭ ᠦᠭᠡᠢ᠃ | ᠬᠦᠯᠢᠮ ᠢᠶᠠᠨ ᠪᠤᠳᠤᠭᠯᠠᠵᠤ ᠳᠠᠭᠤᠰᠤᠭᠰᠠᠨ ᠤ ᠳᠠᠷᠠᠭ᠎ᠠ᠂ ᠲᠦᠷᠦᠬᠡᠨ ᠰᠤᠷ ᠤᠨ ᠨᠦᠬᠡ ᠶᠢ ᠲᠦᠷᠪᠡᠯᠵᠢᠯᠡᠨ | ᠤᠬᠤᠵᠤ ᠭᠠᠷᠭᠠᠨ᠎ᠠ᠃ | ᠤᠨᠤᠭ᠎ᠠ ᠬᠦᠯᠦᠭ ᠮᠤᠷᠢᠨ ᠤ ᠡᠮᠡᠭᠡᠯ ᠳᠤ ᠠᠷᠠᠰᠤᠨ ᠬᠦᠯᠢᠮ ᠳᠠᠭᠠᠷᠠᠭᠤᠯᠵᠤ ᠪᠠᠶᠢᠭ᠎ᠠ ᠶᠢᠨ ᠤᠴᠢᠷ ᠶᠤᠰᠤᠨ | ᠬᠡᠪᠡᠯ ᠳᠠᠷᠤᠢ ᠳᠠᠶᠢᠨ ᠳᠤ ᠤᠷᠤᠯᠴᠠᠬᠤ ᠵᠠᠩᠵᠤᠨ ᠴᠡᠷᠢᠭ ᠤᠨ ᠬᠤᠶᠠᠭᠯᠠᠵᠤ ᠪᠠᠶᠢᠭ᠎ᠠ ᠲᠠᠢ ᠨᠢᠬᠡ ᠯᠠ ᠠᠳᠠᠯᠢ | ᠪᠠᠶᠢᠳᠠᠭ᠃ ᠳᠤᠪᠳᠤᠯᠵᠤ ᠪᠠᠶᠢᠭ᠎ᠠ ᠬᠦᠯᠦᠭ ᠮᠤᠷᠢᠨ ᠤ ᠠᠷᠠᠰᠤᠨ ᠬᠦᠯᠢᠮ ᠳᠤ ᠪᠠᠷᠤᠭ ᠤᠨ ᠵᠢᠳᠠ ᠰᠡᠯᠡᠮ᠎ᠠ᠂ ᠢᠯᠳᠤ | ᠵᠠᠪᠠ ᠠᠮᠠᠷ ᠬᠢᠯᠪᠡᠷ ᠢᠶᠠᠷ ᠮᠤᠷᠢᠨ ᠤ ᠪᠡᠶ᠎ᠠ᠂ ᠬᠦᠨᠳᠡᠢ ᠴᠡᠭᠡᠵᠢᠨ ᠳᠤ ᠬᠦᠷᠳᠡᠯ᠎ᠠ ᠰᠢᠪᠳᠤᠯᠤᠨ ᠤᠷᠤᠵᠤ ᠴᠢᠳᠠᠳᠠᠭ | ᠦᠭᠡᠢ ᠶᠤᠮ᠃ ᠳᠠᠶᠢᠨ ᠪᠠᠶᠢᠯᠳᠤᠭᠠᠨ ᠳᠤ ᠬᠦᠯᠦᠭ ᠡᠷᠡᠬᠦᠯ ᠪᠤᠯ ᠡᠵᠡᠨ ᠡᠷᠡᠬᠦᠯ᠂ ᠡᠵᠡᠨ ᠡᠷᠡᠬᠦᠯ ᠪᠤᠯ ᠬᠦᠯᠦᠭ | ᠡᠷᠡᠬᠦᠯ ᠪᠠᠶᠢᠳᠠᠭ᠃ ᠳᠡᠬᠦᠨ ᠠᠴᠠ ᠭᠠᠳᠠᠨ᠎ᠠ ᠰᠦᠨᠢ ᠤᠷᠤᠢ ᠪᠠᠷ ᠢᠬᠴᠤ ᠰᠠᠬᠤᠯᠢᠭ ᠤᠢ ᠮᠤᠳᠤᠨ ᠤ ᠳᠤᠮᠳᠠᠭᠤᠷ | ᠳᠤᠪᠳᠤᠯᠤᠭᠰᠠᠨ ᠴᠦ ᠦᠷᠬᠡᠰᠤ ᠰᠤᠶᠤᠭ᠎ᠠ ᠬᠦᠯᠦᠭ ᠮᠤᠷᠢ ᠶᠢ ᠬᠠᠰᠢᠵᠦ ᠬᠠᠷᠰᠢᠯᠠᠵᠤ ᠴᠢᠳᠠᠬᠤ ᠦᠭᠡᠢ ᠬᠠᠯᠬᠠᠪᠴᠢ | ᠪᠠᠮᠪᠠᠢ ᠶᠢᠨ ᠦᠢᠯᠡᠳᠤᠯ ᠦᠵᠡᠬᠦᠯᠵᠦ ᠪᠠᠶᠢᠭ᠎ᠠ ᠶᠤᠮ᠃ ᠪᠠᠰᠠ ᠬᠦᠢᠳᠡᠨ ᠪᠤᠷᠤᠭᠠᠨ ᠴᠠᠰᠤ ᠳᠤᠬᠢᠶᠠᠭᠰᠠᠨ ᠦᠶ᠎ᠠ ᠳᠤ | ᠬᠦᠯᠦᠭ ᠤᠨᠤᠭ᠎ᠠ ᠳᠤ ᠳᠤᠯᠠᠭᠠᠨ ᠨᠦᠮᠦᠷᠢ ᠪᠤᠯᠳᠠᠭ ᠦᠢᠯᠡᠳᠤᠯ ᠲᠠᠢ ᠶᠤᠮ᠃ | ᠵᠠᠷᠢᠮ ᠭᠠᠵᠠᠷ ᠤᠷᠤᠨ ᠤ ᠬᠢᠨᠢ ᠬᠦᠯᠢᠮ ᠢ ᠬᠤᠶᠠᠷ ᠠᠰᠳᠠᠭᠠᠨ ᠬᠡᠰᠡᠭ ᠪᠤᠯᠭᠠᠨ ᠰᠠᠯᠭᠠᠵᠤ᠂ ᠳᠡᠭᠡᠷ᠎ᠠ ᠢᠷᠮᠡᠭ | ᠠᠴᠠ ᠨᠢ ᠬᠤᠶᠠᠷ ᠨᠦᠬᠡ ᠴᠤᠭᠤᠯᠤᠨ᠂ ᠤᠭᠤᠰᠤᠷᠯᠠᠨ ᠭᠡᠯᠬᠢᠵᠦ ᠬᠤᠯᠪᠤᠭᠠᠳ ᠡᠮᠡᠭᠡᠯ ᠳᠤᠤᠷ᠎ᠠ ᠪᠠᠨ ᠳᠡᠪᠢᠰᠦᠳᠡᠭ | ᠪᠤᠶᠤ ᠪᠠᠰᠠ ᠤᠯᠤᠩ ᠵᠢᠷᠢᠮ ᠤᠨ ᠤᠭᠰᠤᠷᠭ᠎ᠠ ᠠᠴᠠ ᠬᠤᠯᠪᠤᠵᠤ ᠳᠠᠭᠠᠷᠠᠭᠤᠯᠳᠠᠭ ᠴᠦ ᠪᠤᠢ᠃ | ᠤᠷᠴᠢᠮ ᠤᠨ ᠵᠢᠯ ᠤᠳ ᠲᠤ ᠬᠤᠷᠴᠢᠨᠴᠤᠳ ᠪᠠᠷᠤᠭ ᠯᠠ ᠴᠦᠮ ᠵᠤᠬᠢᠶᠠᠮᠠᠯ ᠠᠷᠠᠰᠤ᠂ ᠵᠤᠬᠢᠶᠠᠮᠠᠯ ᠭᠡᠪᠢᠰᠦᠨ | ᠬᠦᠯᠢᠮ ᠢᠶᠠᠷ ᠤᠷᠤ ᠵᠠᠰᠠᠯ ᠬᠢᠵᠦ ᠪᠠᠶᠢᠭᠰᠠᠨ ᠠᠴᠠ ᠪᠠᠨ ᠤᠳᠤ ᠪᠤᠯᠵᠤ ᠢᠷᠡᠭᠡᠳ ᠳᠠᠬᠢᠨ ᠡᠷᠳᠡᠨ ᠤ ᠪᠠᠨ | ᠰᠡᠷᠬᠦᠬᠡᠬᠦ ᠪᠤᠯᠵᠠᠭᠠᠵᠤ ᠪᠠᠶᠢᠨ᠎ᠠ᠃ | ᠬᠠᠷᠠᠤ —— ᠡᠮᠡᠭᠡᠯ ᠤᠨ ᠤᠷᠢᠳᠤ ᠬᠤᠶᠢᠳᠤ ᠤᠭᠰᠤᠷᠭ᠎ᠠ ᠠᠴᠠ ᠬᠤᠯᠪᠤᠵᠤ᠂ ᠡᠮᠡᠬᠡᠯ ᠤᠨ ᠵᠦᠪ | ᠪᠤᠷᠤᠭᠤ ᠳᠠᠯ᠎ᠠ ᠶᠢᠨ ᠬᠦᠯᠢᠮ ᠤᠨ ᠨᠦᠬᠡ ᠪᠤᠶᠤ ᠲᠦᠷᠦᠬᠡᠨ ᠰᠤᠷ ᠤᠨ ᠭᠤᠷᠬᠢ ᠳᠡᠪᠡᠭᠡ ᠶᠢ ᠢᠯᠠ ᠭᠠᠷᠭᠠᠬᠤ | ᠦᠭᠡᠢ ᠪᠠᠷ ᠨᠢᠭᠤᠵᠤ ᠳᠠᠷᠤᠭᠰᠠᠨ ᠬᠠᠯᠬᠠᠪᠴᠢ ᠶᠢ ᠬᠠᠷᠠᠤ ᠬᠡᠨ᠎ᠠ᠃ ᠵᠠᠷᠢᠮ ᠭᠠᠵᠠᠷ ᠤᠷᠤᠨ ᠳᠤ ᠤᠭᠵᠢᠭᠤᠷᠭᠠ | ᠭᠡᠵᠤ᠂ ᠪᠠᠰᠠ ᠬᠠᠪᠴᠢᠶᠠᠷᠢ ᠬᠡᠨ᠎ᠠ᠃ ᠬᠡᠤᠬᠡᠨ ᠬᠦᠯᠢᠮ ᠭᠡᠵᠤ ᠬᠡᠯᠡᠳᠡᠭ ᠴᠦ ᠪᠠᠶᠢᠳᠠᠭ᠃ | ᠬᠠᠷᠠᠤ ᠶᠢᠨ ᠨᠦᠬᠦᠬᠡ ᠨᠢᠬᠡ ᠳᠠᠯ᠎ᠠ ᠶᠢᠨ ᠬᠡᠷᠡᠭᠴᠡᠭᠡ ᠨᠢ ᠬᠡᠪᠡᠯ ᠳᠠᠷᠤᠢ ᠬᠦᠯᠢᠮ ᠤᠨ ᠴᠤᠭᠤᠯᠤᠭᠰᠠᠨ ᠨᠦᠬᠡ | ᠪᠠᠷ ᠰᠠᠯᠬᠢ ᠵᠢᠪᠡᠷ ᠨᠡᠪᠳᠡᠷᠡᠬᠦ ᠶᠢ ᠰᠡᠷᠭᠡᠶᠢᠯᠡᠵᠦ ᠪᠠᠶᠢᠭ᠎ᠠ ᠪᠦᠬᠡᠳ ᠬᠦᠯᠢᠮ ᠢ ᠪᠢᠳᠡᠬᠦᠦ ᠪᠤᠯᠭᠠᠵᠤ᠂ ᠬᠦᠯᠦᠭ | ᠤᠨᠤᠭ᠎ᠠ ᠮᠤᠷᠢ ᠪᠠᠨ ᠬᠠᠮᠠᠭᠠᠯᠠᠵᠤ ᠪᠠᠶᠢᠭ᠎ᠠ ᠶᠠᠪᠤᠳᠠᠯ ᠪᠤᠯᠬᠤ ᠶᠤᠮ᠃ | ᠬᠠᠷᠠᠤ ᠶᠢ ᠪᠠᠰᠠ ᠬᠠᠷᠠᠤ ᠶᠢᠨ ᠬᠡᠯᠡ᠂ ᠬᠠᠷᠠᠤ ᠶᠢᠨ ᠳᠤᠯᠢ᠂ ᠬᠠᠷᠠᠤ ᠶᠢᠨ ᠳᠤᠪᠤᠷᠤᠤ᠂ ᠬᠠᠷᠠᠤ ᠶᠢᠨ ᠬᠦᠪᠡᠭᠡ | ᠭᠡᠵᠤ ᠬᠡᠳᠤᠨ ᠶᠠᠩᠵᠤ ᠪᠠᠷ ᠠᠩᠭᠢᠯᠡᠨ ᠨᠡᠷᠡᠯᠡᠵᠦ ᠬᠡᠯᠡᠳᠡᠭ᠃ | ᠬᠠᠷᠠᠤ ᠶᠢ ᠵᠦᠬᠡᠯᠡᠨ ᠦᠬᠡᠷ ᠤᠨ ᠠᠷᠠᠰᠤ ᠪᠠᠷ ᠬᠢᠵᠦ ᠬᠠᠷ᠎ᠠ ᠦᠡᠭᠭᠡ ᠶᠢᠨ ᠰᠢᠷ ᠪᠤᠳᠤᠭ ᠢᠶᠠᠷ ᠪᠤᠳᠤᠳᠠᠭ᠃ | ᠳᠤᠳᠤᠷ᠎ᠠ ᠳᠠᠯ᠎ᠠ ᠳᠤ ᠨᠢ ᠪᠦᠰ ᠨᠠᠭᠠᠵᠤ᠂ ᠤᠯᠠᠭᠠᠨ ᠪᠤᠳᠤᠭ ᠲᠠᠢ ᠬᠦᠮ ᠪᠤᠶᠤ ᠤᠯᠠᠭᠠᠨ ᠪᠦᠰ ᠢᠶᠠᠷ ᠬᠦᠪᠡᠬᠡᠯᠡᠵᠦ | ᠶᠤᠩᠬᠤᠷ ᠤᠳᠠᠰᠤ ᠪᠠᠷ ᠱᠠᠭᠯᠠᠨ ᠤᠶᠤᠨ᠎ᠠ᠃ ᠬᠠᠷᠠᠤ ᠶᠢ ᠬᠦᠨᠳᠡᠯᠡᠨ ᠤᠭᠳᠤᠯᠤᠭᠠᠰᠤ ᠨᠢ 26 ᠰᠠᠨᠲ᠋ᠢᠮᠧᠲᠷ ᠢᠶᠠᠷ | ᠳᠤᠭᠤᠷᠢᠭᠯᠠᠵᠤ᠂ ᠳᠡᠭᠡᠭᠰᠢ ᠪᠠᠨ 20 ᠰᠠᠨᠲ᠋ᠢᠮᠧᠲᠷ ᠦᠷᠬᠡᠨ᠂ 12 ᠰᠠᠨᠲ᠋ᠢᠮᠧᠲᠷ ᠤᠷᠳᠤ ᠪᠠᠷ ᠰᠤᠩᠭᠠᠵᠤ | ᠵᠦᠰᠦᠨ᠎ᠠ᠃ ᠳᠡᠷᠡᠬᠦ ᠳᠤᠭᠤᠷᠢᠭ ᠪᠡᠶ᠎ᠠ ᠶᠢ ᠨᠢ ᠬᠠᠷᠠᠤ ᠶᠢᠨ ᠳᠤᠯᠢ ᠭᠡᠵᠤ᠂ ᠰᠤᠩᠭᠠᠭᠰᠠᠨ ᠭᠡᠰᠡᠭ ᠢ ᠨᠢ ᠬᠠᠷᠠᠤ ᠶᠢᠨ | ᠬᠡᠯᠡ ᠭᠡᠳᠡᠭ᠃ ᠬᠠᠷᠠᠤ ᠶᠢᠨ ᠳᠤᠯᠢ ᠳᠡᠭᠡᠷ᠎ᠠ ᠰᠢᠷ᠎ᠠ᠂ ᠴᠠᠭᠠᠨ ᠬᠤᠶᠠᠷ ᠦᠡᠭᠭᠡ ᠶᠢᠨ ᠮᠠᠯᠠᠭᠠᠢ ᠲᠠᠢ ᠭᠠᠳᠠᠭ᠎ᠠ ᠶᠢᠨ | ᠨᠢᠬᠡ ᠦᠡᠭᠭᠡ ᠶᠢ ᠰᠤᠩᠭᠤᠵᠤ᠂ ᠭᠤᠤᠯ ᠳᠤᠮᠳᠠ ᠨᠢ ᠬᠤᠶᠠᠷ ᠮᠦᠷ ᠢᠶᠠᠷ ᠦᠯᠵᠠᠢ ᠵᠠᠩᠭᠢᠶ᠎ᠠ ᠶᠢ ᠵᠢᠷᠤᠭᠯᠠᠨ | ᠭᠠᠳᠠᠵᠤ᠂ ᠳᠤᠯᠢ ᠶᠢᠨ ᠭᠦᠪᠡᠭᠡ ᠶᠢ ᠳᠠᠭᠠᠭᠤᠯᠵᠤ ᠮᠥᠨ ᠬᠤᠶᠠᠷ ᠮᠦᠷ ᠢᠶᠠᠷ ᠳᠤᠭᠤᠷᠢᠭᠤᠯᠤᠨ ᠭᠠᠳᠠᠵᠤ ᠳᠡᠪᠯᠡᠨᠠ᠃ | ᠳᠡᠬᠦᠨ ᠢ ᠳᠤᠪᠤᠷᠤᠤ ᠬᠡᠳᠡᠭ᠃ | ᠬᠠᠷᠠᠤ ᠶᠢᠨ ᠬᠡᠯᠡᠨ ᠤ ᠳᠠᠯ᠎ᠠ ᠶᠢ ᠬᠠᠷᠠᠤ ᠶᠢᠨ ᠪᠤᠰᠤᠭ᠎ᠠ ᠳᠠᠯ᠎ᠠ ᠭᠡᠵᠤ᠂ ᠬᠡᠯᠡᠨ ᠤ ᠳᠡᠭᠡᠷ᠎ᠠ ᠬᠦᠪᠡᠭᠡ ᠳᠡᠭᠡᠷ᠎ᠠ᠂ | ᠡᠮᠡᠬᠡᠯ ᠤᠨ ᠳᠠᠷᠤᠭᠤᠯᠭ᠎ᠠ ᠶᠢᠨ ᠨᠦᠬᠡᠨ ᠤ ᠵᠠᠢ ᠪᠠᠷ ᠬᠤᠶᠠᠷ ᠨᠦᠬᠡ ᠴᠤᠭᠤᠯᠵᠤ᠂ ᠡᠮᠡᠬᠡᠯ ᠢ ᠳᠠᠪᠰᠡᠯᠡᠬᠦ ᠦᠶ᠎ᠠ ᠳᠤ | ᠬᠠᠮᠳᠤ ᠳᠤ ᠨᠢ ᠰᠢᠷᠭᠤᠭᠤᠯᠵᠤ ᠡᠯᠬᠦᠨ᠎ᠠ᠃ | ᠬᠤᠷᠴᠢᠨᠴᠤᠳ ᠳᠤᠪᠤᠷᠤᠤ ᠲᠠᠢ ᠬᠠᠷᠠᠤ ᠪᠠᠨ ᠰᠢᠪᠠᠭᠤᠨ ᠤ ᠮᠦᠡᠭᠭᠦᠨ ᠳᠠᠯᠠᠪᠴᠢ᠂ ᠪᠡᠯᠴᠢᠬᠡ ᠬᠤᠨᠢᠨ ᠰᠦᠷᠦᠭ | ᠂ ᠨᠡᠬᠦᠳᠡᠯ ᠤᠨ ᠴᠠᠭᠠᠨ ᠡᠬᠦᠯᠡ ᠭᠡᠬᠦ ᠵᠡᠷᠭᠡ ᠪᠠᠷ ᠪᠡᠯᠬᠡᠳᠡᠳᠡᠭ᠃ | ᠳᠠᠪᠰᠠ —— ᠡᠮᠡᠭᠡᠯ ᠤᠨ ᠰᠠᠭᠤᠳᠠᠯ ᠳᠡᠭᠡᠷ᠎ᠠ ᠵᠦᠬᠡᠯᠡᠨ ᠢᠰᠡᠬᠡᠢ ᠶᠢ ᠬᠠᠷ᠎ᠠ ᠦᠡᠭᠭᠡ ᠶᠢᠨ ᠪᠦᠰ ᠢᠶᠠᠷ | ᠪᠦᠷᠢᠵᠦ᠂ ᠲᠦᠷᠪᠡᠨ ᠳᠠᠷᠤᠭᠤᠯᠭ᠎ᠠ ᠪᠠᠷ ᠳᠠᠷᠤᠵᠤ ᠳᠡᠪᠢᠰᠦᠭᠰᠡᠨ ᠵᠦᠬᠡᠯᠡᠨ ᠤᠯᠪᠤᠭ ᠢ ᠡᠮᠡᠭᠡᠯ ᠤᠨ ᠳᠡᠪᠰᠡ ᠬᠡᠨ᠎ᠠ᠃ | | ᠳᠡᠪᠰᠡ ᠶᠢ ᠬᠤᠷᠤᠭᠤ ᠵᠤᠵᠠᠭᠠᠨ ᠢᠰᠡᠭᠡᠢ ᠪᠠᠷ ᠬᠤᠶᠠᠷ ᠪᠦᠬᠦᠷᠬᠡ ᠶᠢᠨ ᠬᠤᠭᠤᠷᠤᠨᠳᠤᠬᠢ ᠵᠠᠢ ᠪᠠ ᠬᠤᠶᠠᠷ | ᠬᠠᠪᠳᠠᠭᠠᠯ ᠤᠨ ᠳᠤᠤᠷ᠎ᠠ ᠢᠷᠮᠡᠭ ᠲᠠᠢ ᠴᠠᠴᠠᠤᠯᠠᠵᠤ ᠡᠰᠭᠡᠵᠦ ᠬᠢᠳᠡᠭ᠃ ᠬᠤᠶᠠᠷ ᠪᠦᠬᠦᠷᠬᠡ ᠶᠢᠨ ᠬᠤᠭᠤᠷᠤᠨᠳᠤᠬᠢ | ᠵᠠᠢ ᠨᠢ ᠪᠠᠷᠤᠭ 40 ᠰᠠᠨᠲ᠋ᠢᠮᠧᠲᠷ ᠤᠷᠳᠤ᠂ ᠵᠡᠬᠦᠨᠰᠢ ᠪᠠᠷᠠᠭᠤᠨᠰᠢ ᠵᠠᠢ ᠨᠢ ᠪᠠᠷᠤᠭ 48 ᠰᠠᠨᠲ᠋ᠢᠮᠧᠲᠷ᠂ ᠬᠤᠶᠠᠷ | ᠪᠦᠬᠦᠷᠬᠡ ᠶᠢᠨ ᠤᠷᠢᠳᠤ ᠬᠤᠶᠢᠳᠤ ᠬᠦᠯ ᠤᠨ ᠬᠤᠭᠤᠷᠤᠨᠳᠤᠬᠢ ᠵᠠᠢ ᠨᠢ ᠪᠠᠷᠤᠭ 20 ᠰᠠᠨᠲ᠋ᠢᠮᠧᠲᠷ ᠪᠠᠶᠢᠳᠠᠭ᠃ | ᠳᠠᠪᠰᠠ ᠶᠢᠨ ᠭᠠᠳᠠᠷ ᠬᠦᠪᠡᠭᠡ ᠶᠢ ᠬᠤᠷᠤᠭᠤ ᠦᠷᠬᠡᠨ ᠤᠯᠠᠭᠠᠨ ᠪᠦᠰ ᠢᠶᠠᠷ ᠳᠠᠷᠤᠭᠤᠯᠵᠤ ᠤᠶᠤᠬᠤ ᠪᠦᠬᠡᠳ | ᠰᠠᠭᠤᠳᠠᠯ ᠤᠨ ᠭᠤᠤᠯ ᠳᠤᠮᠳᠠ ᠦᠯᠵᠠᠢ ᠵᠠᠩᠭᠢᠶ᠎ᠠ ᠪᠤᠶᠤ ᠪᠤᠶᠠᠨ ᠦᠯᠵᠠᠢ ᠦᠰᠦᠭ ᠢ ᠬᠤᠷᠤᠭᠤ ᠦᠷᠬᠡᠨ ᠤᠯᠠᠭᠠᠨ | ᠪᠦᠰ ᠢᠶᠠᠷ ᠵᠢᠷᠤᠭᠯᠠᠨ ᠤᠶᠤᠵᠤ᠂ ᠳᠤᠭᠤᠷᠢᠭ ᠢᠶᠠᠷ ᠬᠦᠪᠡᠬᠡᠯᠡᠨᠠ᠃ | ᠳᠠᠪᠰᠠ ᠶᠢ ᠤᠶᠤᠵᠤ ᠴᠢᠮᠡᠭᠯᠡᠵᠦ ᠳᠠᠭᠤᠰᠤᠭᠰᠠᠨ ᠤ ᠳᠠᠷᠠᠭ᠎ᠠ᠂ ᠡᠮᠡᠬᠡᠯ ᠤᠨ ᠰᠠᠭᠤᠳᠠᠯ ᠳᠡᠬᠡᠷ᠎ᠠ ᠳᠡᠩᠴᠡᠬᠦᠦ | ᠵᠠᠢ ᠪᠠᠷ ᠤᠷᠢᠳᠡᠰᠠ ᠴᠤᠭᠤᠯᠤᠭᠰᠠᠨ ᠨᠦᠬᠡ ᠪᠠᠷ ᠬᠡᠤᠬᠡᠨ ᠬᠦᠯᠢᠮ ᠤᠨ ᠬᠡᠯᠡᠨ ᠤ ᠨᠦᠬᠡ ᠶᠢ ᠳᠠᠭᠠᠷᠠᠭᠤᠯᠤᠨ | ᠳᠠᠪᠬᠤᠷᠯᠠᠵᠤ ᠪᠠᠶᠢᠭᠠᠳ᠂ ᠳᠠᠷᠤᠭᠤᠯᠭ᠎ᠠ ᠶᠢᠨ ᠤᠭᠤᠰᠤᠷ ᠤᠨ ᠦᠵᠦᠬᠦᠷ ᠢ ᠳᠤᠳᠤᠭᠰᠢ ᠬᠢᠨ᠂ ᠳᠤᠤᠷ᠎ᠠ ᠠᠴᠠ ᠨᠢ | ᠳᠠᠳᠠᠨ ᠭᠠᠷᠭᠠᠭᠠᠳ ᠪᠠᠬᠢᠯᠡᠨ ᠳᠤᠷᠭᠤᠭᠠᠨᠠ᠃ ᠡᠬᠦᠨ ᠢ ᠡᠮᠡᠬᠡᠯ ᠳᠡᠪᠰᠡᠯᠡᠨᠠ ᠭᠡᠳᠡᠭ᠃ ᠪᠠᠷᠤᠭ ᠤᠨ ᠡᠮᠡᠭᠳᠡᠶᠢᠴᠤᠳ | ᠡᠮᠡᠬᠡᠯ ᠳᠡᠪᠰᠡᠯᠡᠵᠦ ᠵᠤᠬᠢᠷᠠᠭᠤᠯᠵᠤ ᠴᠢᠳᠠᠬᠤ ᠦᠭᠡᠢ ᠪᠠᠶᠢᠳᠠᠭ ᠠᠴᠠ ᠬᠦᠮᠦᠰ ᠴᠦᠮ ᠨᠡᠷ᠎ᠠ ᠠᠯᠳᠠᠷ ᠲᠠᠢ ᠤᠷᠠᠨ ︽ | ᠡᠮᠡᠬᠡᠯ ᠳᠡᠪᠰᠡᠯᠡᠭᠴᠢ︾ ᠶᠢ ᠡᠷᠢᠳᠡᠭ ᠶᠤᠮ᠃ | ᠳᠠᠷᠤᠭᠤᠯᠭ᠎ᠠ —— ᠡᠮᠡᠭᠡᠯ ᠤᠨ ᠳᠡᠪᠰᠡ᠂ ᠬᠠᠷᠠᠤ ᠶᠢ ᠨᠢ ᠳᠠᠷᠤᠵᠤ ᠤᠶᠠᠬᠤ ᠰᠤᠷ ᠰᠦᠪᠡᠭᠴᠢ ᠲᠠᠢ | ᠭᠠᠤᠯᠢ᠂ ᠵᠡᠰ᠂ ᠠᠯᠳᠠ᠂ ᠮᠦᠡᠭᠭᠦ ᠵᠡᠷᠭᠡ ᠪᠠᠷ ᠬᠢᠭᠰᠡᠨ ᠬᠦᠯᠢᠬᠡᠷ ᠬᠦᠳᠦᠬᠦᠷ ᠳᠤᠮᠤ ᠳᠤᠪᠴᠢ ᠶᠢ ᠳᠠᠷᠤᠭᠤᠯᠭ᠎ᠠ | ᠬᠡᠨ᠎ᠠ᠃ ᠳᠤᠳᠤᠷ᠎ᠠ ᠬᠤᠨᠭ᠍ᠬᠢᠯ ᠤᠨ ᠲᠦᠪ ᠳᠤ ᠨᠢ ᠵᠢᠵᠢᠭ ᠪᠢᠳᠡᠬᠦᠦ ᠭᠠᠷᠬ᠎ᠠ ᠬᠠᠳᠠᠭᠰᠠᠨ ᠪᠠᠶᠢᠳᠠᠭ᠃ ᠳᠡᠬᠦᠨ ᠢ | ᠳᠠᠷᠤᠭᠤᠯᠭ᠎ᠠ ᠶᠢᠨ ᠰᠠᠨᠵᠢ ᠭᠡᠳᠡᠭ᠃ | ᠳᠠᠷᠤᠭᠤᠯᠭ᠎ᠠ ᠶᠢᠨ ᠰᠠᠨᠵᠢ ᠠᠴᠠ ᠰᠠᠪᠬ᠎ᠠ ᠶᠢᠨ ᠦᠵᠦᠬᠦᠷ ᠤᠨ ᠭᠢᠷᠢ ᠰᠤᠷ ᠤᠨ ᠨᠢᠬᠡ ᠦᠵᠦᠬᠦᠷ ᠳᠡᠬᠡᠷ᠎ᠠ | ᠬᠦᠨᠳᠡᠯᠡᠨ ᠴᠤᠭᠤᠯᠵᠤ᠂ ᠰᠠᠨᠵᠢ ᠶᠢᠨ ᠭᠠᠷᠬ᠎ᠠ ᠠᠴᠠ ᠭᠤᠭᠴᠤᠭᠠᠯᠠᠨ ᠤᠶᠠᠭᠠᠳ᠂ ᠨᠦᠬᠦᠬᠡ ᠦᠵᠦᠬᠦᠷ ᠢᠶᠠᠷ | ᠳᠠᠪᠰᠠ ᠶᠢ ᠴᠤᠭᠤᠯᠵᠤ᠂ ᠬᠠᠷᠠᠤ ᠶᠢᠨ ᠬᠡᠯᠡᠨ ᠤ ᠨᠦᠬᠡ ᠪᠠ ᠰᠠᠭᠤᠳᠠᠯ ᠤᠨ ᠨᠦᠬᠡ ᠪᠠᠷ ᠳᠤᠳᠤᠭᠰᠢ ᠪᠠᠨ | ᠰᠢᠷᠭᠤᠭᠤᠯᠤᠨ ᠳᠠᠳᠠᠨ ᠭᠠᠷᠭᠠᠨ᠎ᠠ᠃ ᠡᠨᠡᠬᠦ ᠳᠠᠳᠠᠨ ᠭᠠᠷᠭᠠᠭᠰᠠᠨ ᠰᠤᠷ ᠢᠶᠠᠨ ᠳᠠᠷᠤᠭᠤᠯᠭ᠎ᠠ ᠶᠢᠨ ᠰᠤᠷ ᠬᠡᠳᠡᠭ᠃ | ᠪᠠᠰᠠ ᠳᠠᠷᠤᠭᠤᠯᠭ᠎ᠠ ᠶᠢᠨ ᠤᠭᠤᠰᠤᠷ ᠭᠡᠳᠡᠭ᠃ ᠳᠠᠷᠤᠭᠤᠯᠭ᠎ᠠ ᠶᠢᠨ ᠤᠭᠤᠰᠤᠷ ᠢ ᠳᠤᠳᠤᠭᠰᠢ ᠴᠢᠩᠭᠠᠬᠠᠨ ᠳᠠᠳᠠᠵᠤ᠂ | ᠳᠠᠷᠤᠭᠤᠯᠭ᠎ᠠ ᠶᠢᠨ ᠨᠦᠬᠡᠨ ᠤ ᠢᠷᠮᠡᠭ ᠲᠠᠢ ᠳᠡᠩᠴᠡᠬᠦᠯᠦᠨ ᠬᠦᠨᠳᠡᠯᠡᠨ ᠴᠤᠭᠤᠯᠤᠭᠠᠳ ᠤᠭᠤᠰᠤᠷ ᠤᠨ ᠦᠵᠦᠬᠦᠷ | ᠢ ᠬᠦᠨᠳᠡᠯᠡᠨ ᠨᠦᠬᠡᠨ ᠳᠤ ᠨᠢ ᠰᠢᠷᠭᠤᠭᠤᠯᠤᠨ ᠳᠤᠪᠴᠢᠯᠠᠨ ᠵᠠᠩᠭᠢᠳᠴᠤ ᠤᠶᠠᠨ᠎ᠠ᠃ ᠡᠬᠦᠨ ᠠᠴᠠ ᠭᠠᠳᠠᠨ᠎ᠠ ᠪᠠᠰᠠ | ᠨᠢᠬᠡᠨ ᠳᠠᠷᠤᠭᠤᠯᠭ᠎ᠠ ᠶᠢ ᠳᠤᠷᠭᠤᠬᠤ ᠠᠷᠭ᠎ᠠ ᠬᠡᠪᠡᠯ᠂ ᠵᠦᠪ ᠳᠠᠯ᠎ᠠ ᠶᠢᠨ ᠬᠤᠶᠠᠷ ᠳᠠᠷᠤᠭᠤᠯᠭ᠎ᠠ ᠶᠢᠨ ᠤᠭᠤᠰᠤᠷ ᠢ | ᠬᠤᠯᠪᠤᠨ ᠤᠶᠠᠬᠤ ᠪᠤᠶᠤ ᠪᠤᠷᠤᠭᠤ ᠳᠠᠯ᠎ᠠ ᠶᠢᠨ ᠬᠤᠶᠠᠷ ᠳᠠᠷᠤᠭᠤᠯᠭ᠎ᠠ ᠶᠢᠨ ᠤᠭᠤᠰᠤᠷ ᠢ ᠬᠤᠯᠪᠤᠨ ᠤᠶᠠᠬᠤ ᠠᠷᠭ᠎ᠠ | ᠪᠤᠯᠤᠨ᠎ᠠ᠃ ᠡᠨᠡᠬᠦ ᠤᠶᠠᠭᠠᠯᠢ ᠨᠢ ᠳᠤᠶᠢᠯ ᠤᠨ ᠴᠢᠩᠭ᠎ᠠ ᠮᠦᠷᠳᠡᠭᠡᠨ ᠲᠦᠬᠦᠮ ᠬᠢᠯᠪᠡᠷ ᠪᠤᠯᠪᠠᠴᠤ ᠬᠤᠯᠪᠤᠭᠠᠰᠤ | ᠤᠶᠠᠭᠠᠰᠤ ᠨᠢ ᠬᠡᠨᠡᠳᠳᠡ ᠳᠠᠰᠤᠷᠠᠬᠤ ᠳᠤ ᠬᠦᠷᠪᠡᠯ ᠬᠤᠶᠠᠷ ᠳᠠᠷᠤᠭᠤᠯᠭ᠎ᠠ ᠶᠢᠨ ᠳᠤᠪᠴᠢ ᠬᠤᠶᠠᠭᠤᠯᠠ ᠪᠠᠨ | ᠭᠡᠭᠡᠴᠢᠬᠦ ᠠᠶᠤᠯ ᠲᠠᠢ ᠪᠦᠬᠡᠳ ᠬᠠᠷᠠᠤ ᠪᠠᠨ ᠴᠦ ᠭᠡᠭᠡᠴᠢᠳᠡᠭ ᠶᠤᠮ᠃ ᠳᠡᠶᠢᠮᠤ ᠠᠴᠠ ᠬᠦᠮᠦᠰ ᠶᠡᠷᠤᠨᠢ ᠬᠤᠶᠠᠷ | ᠳᠠᠷᠤᠭᠤᠯᠭ᠎ᠠ ᠶᠢᠨ ᠤᠭᠤᠰᠤᠷ ᠢ ᠬᠤᠯᠪᠤᠨ ᠤᠶᠠᠳᠠᠭ ᠦᠭᠡᠢ᠃ ᠠᠰ ᠠᠰ ᠢᠶᠠᠷ ᠨᠢ ᠵᠠᠩᠭᠢᠳᠤᠨ ᠳᠤᠪᠴᠢᠯᠠᠵᠤ | ᠤᠶᠠᠳᠠᠭ ᠶᠤᠮ᠃ | ᠬᠤᠷᠴᠢᠨ ᠡᠮᠡᠬᠡᠯ ᠤᠨ ᠳᠠᠷᠤᠭᠤᠯᠭ᠎ᠠ ᠶᠢᠨ ᠳᠤᠪᠴᠢ ᠨᠢ ᠴᠦᠮ ᠮᠦᠡᠭᠭᠦᠨ ᠵᠤᠭᠤᠰ ᠠᠴᠠ ᠶᠡᠭᠡ᠂ ᠴᠤᠮᠤᠨ | ᠠᠮᠠᠰᠠᠷ ᠠᠴᠠ ᠪᠠᠭ᠎ᠠ ᠪᠠᠶᠢᠳᠠᠭ᠃ ᠳᠠᠷᠤᠭᠤᠯᠭ᠎ᠠ ᠶᠢ ᠬᠦᠮᠦᠰ ᠶᠡᠷᠤ ᠠᠴᠠ ᠨᠢᠬᠡᠯᠡ ᠠᠳᠠᠯᠢ ᠶᠡᠭᠡ ᠪᠠᠭ᠎ᠠ ᠪᠦᠬᠡᠳ | ᠨᠢᠬᠡᠯᠡ ᠦᠡᠭᠭᠡ ᠶᠢᠨ ᠬᠢ ᠶᠢ ᠰᠤᠩᠭᠤᠵᠤ ᠬᠡᠷᠡᠭᠯᠡᠳᠡᠭ᠃ | ᠳᠠᠷᠤᠭᠤᠯᠭ᠎ᠠ ᠶᠢᠨ ᠤᠭᠤᠰᠤᠷ ᠳᠠᠰᠤᠷᠠᠪᠠᠯ᠂ ᠳᠠᠷᠤᠵᠤ ᠰᠠᠭᠤᠵᠤ ᠪᠠᠶᠢᠭ᠎ᠠ ᠬᠦᠯᠦᠭ ᠤᠨ ᠡᠵᠡᠨ ᠤ ᠭᠡᠰᠢᠭ | ᠪᠤᠶᠠᠨ ᠨᠢᠮᠬᠡᠷᠡᠵᠦ ᠪᠠᠶᠢᠭ᠎ᠠ ᠪᠦᠬᠡᠳ ᠬᠡᠢ ᠮᠤᠷᠢ ᠬᠡᠪᠳᠡᠵᠦ ᠪᠠᠶᠢᠨ᠎ᠠ ᠭᠡᠵᠤ ᠦᠵᠡᠳᠡᠭ ᠠᠴᠠ ᠭᠡᠵᠢᠶ᠎ᠠ ᠡᠬᠦᠷᠢᠳᠡ | ᠠᠩᠬᠠᠷᠴᠤ ᠠᠵᠢᠭᠯᠠᠵᠤ ᠶᠠᠪᠤᠳᠠᠭ᠃ | ᠬᠤᠷᠴᠢᠨ ᠮᠤᠩᠭᠤᠯᠴᠤᠳ ᠶᠡᠷᠤ ᠨᠢ ᠮᠤᠷᠢᠨ ᠡᠮᠡᠬᠡᠯ ᠢ ᠠᠮᠢᠳᠤᠷᠠᠯ ᠤᠨ ᠢᠶᠠᠨ ᠡᠩᠭᠡ ᠳᠠᠶᠢᠪᠤᠡᠭ ᠤᠷᠤᠨ | ᠤᠷᠤᠰᠢᠯ ᠢᠶᠠᠷ ᠦᠵᠡᠳᠡᠭ ᠳᠤᠯᠠ ᠶᠠᠮᠠᠷ ᠨᠢᠬᠡᠨ ᠵᠤᠶᠢᠯᠡᠰ ᠨᠢ ᠳᠤᠳᠠᠭᠤ ᠳᠤᠷᠭᠤᠨ ᠪᠤᠶᠤ ᠰᠠᠯᠪᠠᠷᠢᠵᠦ ᠤᠭᠴᠤᠷᠠᠪᠠᠯ | ᠪᠡᠯᠬᠡ ᠳᠡᠮᠪᠡᠷᠢᠯ ᠦᠭᠡᠢ᠂ ᠮᠠᠭᠤ ᠢᠷᠸ᠎ᠠ ᠶᠢᠨ ᠳᠡᠮᠳᠡᠭ ᠭᠡᠵᠤ ᠦᠵᠡᠳᠡᠭ᠃ ᠳᠡᠭᠡᠭᠡᠳ ᠯᠠ᠄ ︽ᠰᠠᠭᠤᠳᠠᠯ | ᠬᠠᠭᠠᠷᠠᠪᠠᠯ ᠰᠠᠭᠤᠷᠢ ᠦᠬᠡᠶᠢᠳᠡᠨᠠ᠂ ᠳᠠᠷᠤᠭᠤᠯᠭ᠎ᠠ ᠳᠠᠰᠤᠷᠠᠪᠠᠯ ᠳᠠᠶᠢᠪᠤᠡᠭ ᠦᠬᠡᠶᠢᠳᠡᠨᠠ︾ ᠬᠡᠳᠡᠭ᠃ | ᠰᠤᠶᠢᠳᠡᠬᠦᠰᠦ —— ᠡᠮᠡᠬᠡᠯ ᠤᠨ ᠬᠤᠶᠠᠷ ᠳᠠᠯ᠎ᠠ ᠶᠢᠨ ᠤᠷᠢᠳᠤ ᠬᠤᠶᠢᠳᠤ ᠤᠭᠰᠤᠷᠭ᠎ᠠ ᠠᠴᠠ | ᠤᠭᠤᠰᠤᠷᠯᠠᠨ ᠡᠯᠭᠦᠳᠡᠭ ᠦᠯᠵᠠᠢ ᠵᠠᠩᠭᠢᠶ᠎ᠠ ᠲᠠᠢ ᠯᠠᠪᠷᠢ ᠴᠢᠮᠡᠭ ᠤᠨᠵᠢᠯᠭ᠎ᠠ ᠶᠢ ᠰᠦᠢᠳᠡᠬᠦᠰᠦ ᠭᠡᠳᠡᠭ᠃ ᠨᠢᠬᠡ | ᠡᠮᠡᠬᠡᠯ ᠳᠤ ᠨᠡᠶᠢᠳᠡ 4 ᠰᠦᠢᠳᠡᠬᠦᠰᠦ ᠡᠯᠬᠦᠳᠡᠭ᠃ | ᠰᠦᠢᠳᠡᠬᠦᠰᠦ ᠶᠢ ᠡᠩ ᠤᠨ ᠦᠶ᠎ᠠ ᠳᠤ ᠵᠦᠡᠭᠳᠡᠭᠡᠨ ᠡᠯᠬᠦᠳᠡᠭ ᠦᠭᠡᠢ᠃ ᠠᠪᠠ ᠠᠡᠭ ᠤᠨ ᠦᠶ᠎ᠠ ᠳᠤ ᠴᠦ | ᠡᠯᠬᠦᠳᠡᠭ ᠦᠭᠡᠢ᠃ ᠤᠶᠢᠷ᠎ᠠ ᠲᠦᠷᠦᠯ ᠠᠶᠢᠯ ᠠᠶᠢᠮᠠᠭ ᠤᠨ ᠳᠤᠭᠤᠷᠢᠯ᠂ ᠠᠯᠤᠰ ᠬᠤᠯᠠ ᠶᠢᠨ ᠠᠶᠠᠨ᠂ ᠬᠤᠷᠢᠮ | ᠬᠤᠷᠠᠯ ᠨᠠᠶᠢᠷ ᠴᠤᠭᠯᠠᠭᠠᠨ ᠳᠤ ᠶᠠᠪᠤᠬᠤ ᠦᠶ᠎ᠠ ᠳᠤ᠂ ᠤᠨᠴᠤᠭᠤᠶᠢᠯᠠᠨ ᠬᠦᠯᠦᠭ ᠮᠤᠷᠢ᠂ ᠡᠮᠡᠬᠡᠯ ᠤᠨ ᠵᠠᠰᠠᠯ | ᠭᠠᠶᠢᠬᠠᠭᠤᠯᠬᠤ ᠦᠶ᠎ᠠ ᠳᠤ ᠴᠢᠮᠡᠭ ᠵᠠᠰᠠᠯ ᠪᠤᠯᠭᠠᠵᠤ ᠡᠯᠬᠦᠳᠡᠭ᠃ | ᠰᠤᠶᠢᠳᠡᠬᠦᠰᠦ ᠨᠢ ᠭᠤᠷᠪᠠᠨ ᠭᠡᠰᠡᠭ ᠢᠶᠠᠷ ᠪᠦᠷᠢᠯᠳᠦᠨ᠎ᠠ᠃ ᠰᠤᠶᠢᠳᠡᠬᠦᠰᠦ ᠶᠢᠨ ᠵᠠᠩᠭᠢᠶ᠎ᠠ᠂ ᠰᠤᠶᠢᠳᠡᠬᠦᠰᠦ ᠶᠢᠨ | ᠰᠠᠴᠢᠭ᠂ ᠰᠤᠶᠢᠳᠡᠬᠦᠰᠦ ᠶᠢᠨ ᠤᠭᠤᠰᠤᠷ ᠭᠤᠷᠪᠠ ᠪᠠᠷ ᠪᠦᠷᠢᠯᠳᠦᠨ᠎ᠠ᠃ | ᠬᠤᠷᠤᠭᠤ ᠦᠷᠬᠡᠨ ᠰᠤᠷ ᠢᠶᠠᠷ ᠰᠤᠶᠢᠳᠡᠬᠦᠰᠦ ᠶᠢᠨ ᠦᠯᠵᠠᠢ ᠵᠠᠩᠭᠢᠶ᠎ᠠ ᠶᠢ ᠰᠢᠷᠭᠤᠭᠤᠯᠤᠨ ᠰᠦᠯᠵᠢᠵᠦ | ᠵᠠᠩᠭᠢᠳᠤᠭᠠᠳ ᠳᠤᠷᠤᠭᠰᠢ ᠨᠠᠷᠢᠨ ᠵᠦᠬᠡᠯᠡᠨ ᠰᠤᠷ ᠢᠶᠠᠷ 20 ᠰᠠᠨᠲ᠋ᠢᠮᠧᠲᠷ ᠤᠷᠳᠤ᠂ 32 —64 ᠰᠢᠷᠭᠡᠭ | ᠰᠠᠴᠢᠭ ᠤᠨᠵᠢᠭᠤᠯᠤᠨᠠ᠃ ᠳᠠᠪᠬᠤᠷ ᠦᠯᠵᠠᠢ ᠵᠠᠩᠭᠢᠶ᠎ᠠ ᠵᠠᠩᠬᠢᠳᠤᠭᠰᠠᠨ ᠴᠦ ᠪᠠᠶᠢᠳᠠᠭ᠃ ᠵᠠᠩᠬᠢᠳᠤᠭᠰᠠᠨ ᠦᠯᠵᠠᠢ | ᠵᠠᠩᠭᠢᠶ᠎ᠠ ᠶᠢᠨ ᠳᠡᠭᠡᠷ᠎ᠠ ᠳᠤᠯᠤᠭᠠᠢ ᠠᠴᠠ ᠬᠤᠷᠤᠭᠤ ᠦᠷᠬᠡᠨ ᠰᠤᠷ ᠢᠶᠠᠷ 80 ᠰᠠᠨᠲ᠋ᠢᠮᠧᠲᠷ ᠤᠷᠳᠤ ᠤᠭᠤᠰᠤᠷ | ᠬᠢᠨ᠎ᠠ᠃ | ᠰᠦᠢᠳᠡᠬᠦᠰᠦ ᠶᠢᠨ ᠤᠭᠤᠰᠤᠷ ᠢᠶᠠᠷ ᠢᠶᠠᠨ ᠡᠮᠡᠬᠡᠯ ᠤᠨ ᠵᠡᠬᠦᠨ ᠪᠠᠷᠠᠭᠤᠨ᠂ ᠤᠷᠢᠳᠤ ᠬᠤᠶᠢᠳᠤ ᠤᠯᠤᠩ ᠵᠢᠷᠢᠮ | ᠤᠨ ᠤᠭᠰᠤᠷᠭ᠎ᠠ ᠠᠴᠠ ᠭᠡᠮᠵᠢᠶᠡᠯᠡᠨ ᠡᠯᠬᠦᠨ᠎ᠠ᠃ ᠦᠯᠵᠡᠢ ᠵᠠᠩᠭᠢᠶ᠎ᠠ ᠶᠢᠨ ᠳᠡᠭᠡᠷ᠎ᠠ ᠳᠤᠯᠤᠭᠠᠢ ᠶᠢ ᠬᠦᠯᠢᠮ ᠤᠨ | ᠳᠤᠤᠷ᠎ᠠ ᠢᠷᠮᠡᠭ ᠲᠠᠢ ᠴᠠᠴᠠᠤᠯᠠᠳᠠᠭ᠃ | ᠰᠤᠶᠢᠳᠡᠬᠦᠰᠦ ᠨᠢ ᠠᠭᠳᠠ ᠬᠦᠯᠦᠭ ᠮᠤᠷᠢ ᠳᠤᠪᠳᠤᠯᠤᠭᠠᠳ ᠭᠠᠷᠤᠮᠠᠭᠴᠠ ᠪᠠᠨ ᠳᠡᠷᠪᠡᠯᠵᠢᠨ ᠭᠡᠶᠢᠰᠴᠤ᠂ ᠡᠪᠡᠰᠤᠨ | ᠳᠤᠯᠤᠭᠠᠢ ᠶᠢ ᠱᠦᠷᠬᠦᠬᠡᠨ ᠨᠠᠮᠢᠷᠠᠳᠠᠭ᠃ ᠠᠯᠤᠰ ᠠᠴᠠ ᠬᠠᠷᠠᠬᠤ ᠳᠤ ᠠᠭᠳᠠ ᠬᠦᠯᠦᠭ ᠮᠤᠷᠢ ᠨᠢ ᠡᠬᠦᠯᠡ | ᠬᠦᠯᠦᠭᠯᠡᠵᠦ ᠪᠠᠶᠢᠭ᠎ᠠ ᠬᠡᠮᠡᠷ ᠬᠦᠮᠦᠰ ᠴᠦ ᠰᠠᠨᠠᠭᠳᠠᠭᠤᠯᠳᠠᠭ᠃ | ᠵᠠᠰᠠᠯ ᠪᠦᠷᠢᠳᠦᠭᠰᠡᠨ ᠬᠤᠷᠴᠢᠨ ᠮᠤᠷᠢᠨ ᠡᠮᠡᠬᠡᠯ ᠦᠨᠡᠬᠡᠷ ᠦᠵᠡᠮᠤᠷᠢ ᠲᠠᠢ ᠪᠠᠶᠢᠳᠠᠭ᠂ ᠬᠠᠶᠢᠷᠠᠳᠠᠢ ᠴᠦ ᠪᠠᠶᠢᠳᠠᠭ | ᠃ ᠬᠤᠷᠴᠢᠨᠴᠤᠳ᠂ ᠡᠮᠡᠬᠡᠯ ᠢᠶᠠᠨ ᠬᠡᠷᠡᠭᠯᠡᠬᠦ ᠦᠭᠡᠢ ᠦᠶ᠎ᠠ ᠳᠤ ᠴᠦ ᠬᠠᠮᠢᠶ᠎ᠠ ᠨᠠᠮᠢᠶ᠎ᠠ ᠦᠭᠡᠢ ᠬᠠᠶᠠᠳᠠᠭ ᠦᠭᠡᠢ᠃ | ᠨᠠᠷᠠᠨ ᠳᠤ ᠬᠠᠭᠰᠠᠭᠠᠵᠤ᠂ ᠪᠤᠷᠤᠭᠠᠨ ᠴᠠᠰᠤᠨ ᠳᠤ ᠴᠢᠭᠢᠭᠳᠦᠬᠦᠯᠬᠦ ᠠᠴᠠ ᠬᠢᠴᠢᠶᠡᠵᠦ᠂ ᠰᠡᠬᠦᠳᠡᠷ ᠭᠠᠵᠠᠷ ᠪᠤᠶᠤ | ᠢᠯᠡᠬᠦᠦ ᠬᠡᠷ ᠲᠤ ᠪᠠᠨ ᠮᠤᠳᠤᠨ ᠮᠤᠷᠢᠨ ᠳᠡᠬᠡᠷ᠎ᠠ ᠳᠤᠬᠤᠵᠤ ︵ᠤᠨᠤᠭᠤᠯᠵᠤ︶ ᠳᠠᠯᠪᠢᠳᠠᠭ᠃ | ᠬᠡᠬᠡᠷ᠎ᠠ ᠭᠠᠳᠠᠨ᠎ᠠ ᠴᠦ ᠬᠡᠰᠡᠨ ᠮᠤᠳᠤᠨ ᠰᠡᠬᠦᠳᠡᠷ ᠢ ᠡᠷᠢᠵᠦ ᠪᠤᠷᠤᠭᠤ ᠳᠠᠯ᠎ᠠ ᠪᠠᠷ ᠨᠢ ᠬᠡᠪᠳᠡᠬᠦᠯᠵᠦ ᠳᠠᠯᠪᠢᠨ᠎ᠠ᠃ | ᠮᠦᠳᠳᠤ ᠳᠤᠬᠤᠮᠠᠷ ᠪᠠᠶᠢᠪᠠᠯ ᠦᠨᠳᠦᠷ ᠡᠪᠡᠰᠤ ᠲᠦᠯᠡᠭᠡ ᠶᠢᠨ ᠳᠡᠬᠡᠷ᠎ᠠ ᠳᠡᠭᠡᠭᠰᠢ ᠬᠠᠨᠳᠤᠭᠤᠯᠤᠨ ᠳᠤᠬᠤᠮ ᠢ | ᠢᠷᠠᠵᠤ ᠨᠠᠷᠠᠨ ᠳᠤ ᠬᠠᠳᠠᠭᠠᠨ᠎ᠠ᠃ ᠭᠡᠪᠡᠴᠤ ᠬᠠᠯᠠᠭᠤᠨ ᠢᠶᠠᠷ ᠨᠢ ᠮᠤᠷᠢᠨ ᠳᠤ ᠪᠠᠨ ᠳᠤᠬᠤᠳᠠᠭ ᠦᠭᠡᠢ᠃ | ᠬᠤᠭᠤᠰᠤᠨ ᠡᠮᠡᠬᠡᠯ ᠤᠨ ᠳᠡᠭᠡᠬᠦᠷ ᠬᠦᠮᠦᠨ ᠤ ᠠᠯᠬᠤᠵᠤ ᠭᠠᠷᠬᠤ᠂ ᠨᠤᠬᠠᠢ ᠮᠤᠤᠷ ᠤᠨ ᠬᠠᠷᠠᠶᠢᠵᠦ ᠭᠠᠷᠬᠤ ᠶᠢ | ᠤᠨᠴᠠ ᠴᠡᠭᠡᠷᠯᠡᠳᠡᠭ ᠪᠦᠬᠡᠳ ᠬᠡᠤᠬᠡᠳ ᠢᠶᠠᠨ ᠴᠦ ᠳᠡᠭᠡᠷ᠎ᠠ ᠨᠢ ᠤᠨᠤᠭᠤᠯᠵᠤ ᠨᠠᠭᠠᠯᠳᠤᠭᠤᠯᠬᠤ ᠶᠢ ᠡᠷᠡᠰ | ᠳᠡᠪᠴᠢᠳᠡᠭ᠃ | ᠬᠤᠷᠴᠢᠨᠴᠤᠳ ᠶᠠᠮᠠᠷᠴᠤ ᠰᠠᠶᠢᠬᠠᠨ ᠠᠬ᠎ᠠ ᠳᠡᠬᠦᠦ ᠨᠠᠶᠢᠵᠠ ᠨᠦᠬᠦᠳ ᠲᠤ ᠪᠠᠨ ᠴᠦ ᠬᠡᠰᠡᠨ ᠡᠮᠡᠭᠡᠯ ᠢ ᠵᠢᠬᠡᠯᠡᠬᠦᠯᠬᠦ | ᠳᠤᠷ᠎ᠠ ᠦᠭᠡᠢ ᠪᠠᠶᠢᠳᠠᠭ᠃ ᠡᠮᠡᠬᠡᠯ ᠤᠨ ᠵᠤᠬᠢᠮᠵᠢ ᠡᠪᠳᠡᠷᠡᠨᠠ᠂ ᠰᠠᠭᠤᠳᠠᠯ ᠬᠠᠵᠠᠶᠢᠨ᠎ᠠ᠂ ᠭᠡᠢ ᠮᠤᠷᠢ ᠬᠡᠪᠳᠡᠨ᠎ᠠ᠂ | ᠭᠡᠰᠢᠭ ᠪᠤᠶᠠᠨ ᠵᠠᠶᠢᠯᠠᠨ᠎ᠠ ᠭᠡᠳᠡᠭ᠃ | ᠬᠤᠷᠴᠢᠨᠴᠤᠳ ᠤᠨ ᠬᠠᠨᠭ᠍ᠬᠠᠢ ᠡᠮᠡᠬᠡᠯ ᠳᠡᠪᠰᠡᠯᠡᠨᠠ ᠭᠡᠳᠡᠭ ᠨᠢ ᠳᠠᠷᠤᠢ ᠳᠡᠭᠡᠷᠡᠬᠢ ᠮᠡᠳᠤ ᠶᠢᠨ ᠵᠤᠶᠢᠯᠡᠰ ᠢ | ᠪᠦᠷᠢᠳᠬᠡᠨ ᠬᠦᠢᠴᠡᠳᠭᠡᠵᠦ᠂ ᠤᠭᠰᠠᠷᠠᠵᠤ ᠳᠠᠭᠠᠷᠠᠭᠤᠯᠬᠤ ᠶᠢ ᠬᠡᠯᠡᠳᠡᠭ᠃ ᠡᠨᠡ ᠨᠢ ᠬᠤᠷᠴᠢᠨ ᠮᠤᠩᠭᠤᠯᠴᠤᠳ ᠲᠤ | ᠠᠪᠴᠤ ᠬᠡᠯᠡᠪᠡᠯ ᠡᠪ ᠡᠩ ᠤᠨ ᠨᠢᠭᠡ ᠠᠵᠢᠯ ᠳᠡᠳᠤᠢ ᠪᠠᠶᠢᠳᠠᠭ᠃ ᠭᠡᠪᠡᠴᠤ ᠭᠦᠯᠦᠭ ᠮᠤᠷᠢᠨ ᠳᠤ ᠭᠠᠭᠴᠠᠬᠠᠨ | ᠭᠤᠶᠤ ᠡᠮᠡᠬᠡᠯ ᠵᠠᠰᠠᠯ ᠪᠤᠯᠳᠠᠭ ᠦᠭᠡᠢ᠂ ᠬᠡᠤᠬᠡᠨ ᠬᠦᠮᠦᠨ ᠳᠤ ᠨᠢᠬᠡᠯᠡ ᠰᠠᠶᠢᠬᠠᠨ ᠳᠡᠪᠡᠯ ᠵᠠᠮᠰᠡᠭ ᠪᠤᠯᠳᠠᠭ ᠦᠭᠡᠢ᠃ | ᠦᠨᠡᠩᠭᠦ ᠰᠠᠶᠢᠬᠠᠨ ᠳᠡᠪᠰᠡᠭᠰᠡᠨ ᠡᠮᠡᠭᠡᠯ ᠢ ᠠᠭᠳᠠ ᠬᠦᠯᠦᠭ ᠮᠤᠷᠢᠨ ᠳᠤ ᠳᠤᠬᠤᠳᠠᠭ ᠲᠤ ᠬᠦᠷᠪᠡᠯ ᠨᠤᠭᠳᠤ᠂ | ᠬᠠᠵᠠᠭᠠᠷ᠂ ᠬᠦᠮᠦᠯᠳᠦᠷᠬᠡ᠂ ᠬᠤᠳᠠᠷᠭ᠎ᠠ ᠁ ᠭᠡᠬᠦ ᠵᠡᠷᠭᠡ ᠪᠠᠷ ᠳᠡᠰ ᠢ ᠨᠢ ᠳᠡᠭᠡᠷᠡᠳᠡᠬᠦᠯᠵᠦ ᠤᠭᠰᠠᠷᠠᠬᠤ ᠯᠠ | ᠴᠢᠬᠤᠯᠠ ᠲᠠᠢ ᠪᠤᠯᠳᠠᠭ ᠶᠤᠮ᠃ ᠡᠰᠡ ᠳᠡᠶᠢᠮᠤ ᠪᠤᠯ ᠸᠠᠩ ᠢ ︽ᠬᠤᠵᠢᠬᠡᠷ︾ ᠢᠶᠠᠷ ᠭᠤᠳᠤᠭᠠᠭᠰᠠᠨ ᠤᠴᠢᠷ | ᠪᠤᠯᠤᠨ᠎ᠠ᠃ | ᠳᠡᠭᠡᠭᠡᠳ ᠯᠠ ᠬᠤᠷᠴᠢᠨ ᠮᠤᠩᠭᠤᠯᠴᠤᠳ ᠮᠤᠷᠢᠨ ᠵᠠᠰᠠᠯ ᠢ ᠬᠦᠨᠳᠦᠳᠬᠡᠬᠦ ᠪᠤᠯᠤᠭᠰᠠᠨ ᠶᠤᠮ᠃ ᠮᠤᠷᠢᠨ ᠤ | ᠨᠤᠭᠳᠤ᠂ ᠬᠠᠵᠠᠭᠠᠷ᠂ ᠴᠤᠯᠪᠤᠭᠤᠷ᠂ ᠵᠢᠯᠤᠭᠤ ᠨᠢ ᠤᠶᠠᠭᠠᠰᠤ ᠬᠦᠯᠢᠶᠡᠰᠤ ᠳᠡᠳᠤᠢ ᠯᠠ ᠪᠢᠰᠢ ᠪᠠᠰᠠ ᠵᠠᠰᠠᠯ ᠴᠢᠮᠡᠭ | ᠤᠨ ᠭᠤᠤᠯ ᠪᠠᠶᠢᠷᠢᠨ ᠳᠤ ᠤᠷᠤᠵᠤ᠂ ᠮᠤᠷᠢᠨ ᠳᠤ ᠦᠡᠭᠭᠡ ᠵᠢᠰᠤ᠂ ᠴᠤᠭ ᠵᠢᠪᠬᠤᠭ᠎ᠠ ᠨᠡᠮᠡᠷᠢᠯᠡᠳᠡᠭ᠃ ᠳᠡᠶᠢᠮᠤ ᠠᠴᠠ | ᠤᠨᠤᠭ᠎ᠠ ᠬᠦᠯᠦᠭ ᠮᠤᠷᠢᠨ ᠤ ᠡᠮᠡᠭᠡᠯ ᠠᠴᠠ ᠠᠰᠳᠠᠭᠠᠨ ᠵᠠᠰᠠᠯ ᠴᠢᠮᠡᠭ ᠤᠨ ᠵᠤᠶᠢᠯᠡᠰ ᠭᠡᠪᠡᠯ ᠳᠠᠷᠤᠢ᠄ ᠨᠤᠭᠳᠤ | ᠴᠤᠯᠪᠤᠭᠤᠷ᠂ ᠬᠠᠵᠠᠭᠠᠷ ᠵᠢᠯᠤᠭᠤ᠂ ᠬᠦᠮᠦᠯᠳᠤᠷᠬᠡ᠂ ᠬᠤᠳᠠᠷᠭ᠎ᠠ᠂ ᠴᠢᠳᠤᠷ ᠳᠤᠱᠠ ᠦᠷᠦᠬᠡᠯ᠂ ᠮᠢᠯᠠᠭ᠎ᠠ ᠤᠷᠭ᠎ᠠ | ᠵᠡᠷᠭᠡ ᠪᠠᠶᠢᠳᠠᠭ᠃ | ᠨᠤᠭᠳᠤ —— ᠮᠤᠷᠢᠨ ᠤ ᠳᠤᠯᠤᠭᠠᠢ ᠳᠤ ᠤᠭᠯᠠᠨ᠂ ᠴᠤᠯᠪᠤᠭᠤᠷ ᠳᠠᠷᠠᠭᠠᠷᠠᠭᠤᠯᠤᠨ ᠤᠶᠠᠵᠤ ᠬᠦᠯᠢᠬᠦ | ᠳᠡᠭᠡᠰᠤᠨ ᠳᠤᠤᠷ ᠢ ᠨᠤᠭᠳᠤ ᠭᠡᠳᠡᠭ᠃ ᠮᠤᠷᠢᠨ ᠨᠤᠭᠳᠤ ᠨᠢ ᠨᠤᠭᠳᠤᠨ ᠳᠤᠯᠤᠭᠠᠢ᠂ ᠬᠠᠴᠠᠷ᠂ ᠬᠠᠮᠠᠷ᠂ ᠡᠷᠡᠤ᠂ | ᠰᠠᠭᠠᠯᠳᠤᠷᠭ᠎ᠠ᠂ ᠴᠤᠯᠪᠤᠭᠤᠷ ᠵᠡᠷᠭᠡ ᠪᠠᠷ ᠪᠦᠷᠢᠯᠳᠦᠳᠡᠭ᠃ | ᠨᠤᠭᠳᠤ ᠶᠢᠨ ᠮᠤᠷᠢᠨ ᠴᠢᠬᠢᠨ ᠤ ᠠᠷᠤ ᠠᠴᠠ ᠳᠡᠭᠡᠭᠰᠢᠬᠢ ᠳᠡᠭᠡᠳᠤ ᠭᠡᠰᠡᠭ ᠢ ᠨᠤᠭᠳᠤ ᠶᠢᠨ ᠳᠤᠯᠤᠭᠠᠢ ᠭᠡᠵᠤ᠂ | ᠮᠤᠷᠢᠨ ᠤ ᠬᠠᠮᠠᠷ ᠳᠡᠭᠡᠬᠦᠷ ᠬᠦᠨᠳᠡᠯᠡᠨ ᠳᠠᠳᠠᠭᠰᠠᠨ ᠪᠦᠰᠡᠯᠡᠬᠦᠷ ᠢ ᠨᠤᠭᠳᠤ ᠶᠢᠨ ᠬᠠᠮᠠᠷ ᠬᠡᠨ᠎ᠠ᠃ ᠮᠤᠷᠢᠨ ᠤ ᠡᠷᠡᠤ | ᠶᠢᠨ ᠳᠤᠤᠭᠤᠷ ᠳᠠᠳᠠᠭᠰᠠᠨ᠂ ᠨᠤᠭᠳᠤ ᠶᠢᠨ ᠬᠠᠮᠠᠷ ᠤᠨ ᠬᠤᠶᠠᠷ ᠦᠵᠦᠬᠦᠷ ᠲᠠᠢ ᠬᠤᠯᠪᠤᠵᠤ ᠪᠠᠶᠢᠭ᠎ᠠ ᠪᠦᠰᠡᠯᠡᠬᠦᠷ ᠢ | ᠨᠤᠭᠳᠤ ᠶᠢᠨ ᠡᠷᠡᠤ ᠭᠡᠳᠡᠭ᠃ ᠨᠤᠭᠳᠤ ᠶᠢᠨ ᠬᠠᠮᠠᠷ ᠪᠠ ᠡᠷᠡᠤ ᠶᠢᠨ ᠠᠭᠤᠯᠵᠠᠷ ᠠᠴᠠ ᠳᠡᠭᠡᠭᠰᠢ᠂ ᠮᠤᠷᠢᠨ ᠴᠢᠬᠢ | ᠠᠴᠠ ᠳᠤᠷᠤᠭᠰᠢᠬᠢ ᠭᠡᠰᠡᠭ ᠢ ᠨᠢ ᠨᠤᠭᠳᠤ ᠶᠢᠨ ᠬᠠᠴᠠᠷ ᠬᠡᠨ᠎ᠠ᠃ ᠮᠤᠷᠢᠨ ᠤ ᠪᠤᠷᠤᠭᠤᠳᠠᠢ ᠴᠢᠬᠢᠨ ᠤ ᠳᠤᠤᠷ᠎ᠠ | ᠳᠠᠯ᠎ᠠ ᠠᠴᠠ ᠭᠤᠭᠴᠤᠭᠠᠯᠠᠨ ᠤᠶᠠᠵᠤ᠂ ᠵᠦᠪᠳᠠᠢ ᠳᠠᠯ᠎ᠠ ᠶᠢᠨ ᠴᠢᠬᠢᠨ ᠤ ᠳᠤᠤᠷ᠎ᠠ ᠪᠡᠶ᠎ᠠ ᠳᠤ ᠳᠤᠰᠬᠠᠶᠢᠯᠠᠨ ᠳᠡᠪᠡᠭᠡ | ᠵᠤᠬᠢᠶᠠᠵᠤ ᠳᠡᠳᠡᠨ ᠤᠶᠠᠬᠤ ᠨᠠᠷᠢᠨ ᠰᠤᠷ ᠤᠭᠤᠰᠤᠷ ᠢ ᠰᠠᠭᠠᠯᠳᠤᠷᠭ᠎ᠠ ᠭᠡᠳᠡᠭ᠃ | ᠤᠤᠯ ᠳᠤ ᠪᠠᠨ ᠮᠤᠷᠢᠨ ᠨᠤᠭᠳᠤ ᠶᠢ ᠨᠢᠬᠡᠯᠡ ᠤᠷᠳᠤ ᠰᠤᠷ ᠢᠶᠠᠷ ᠬᠠᠮᠠᠷ᠂ ᠡᠷᠡᠤ᠂ ᠬᠤᠶᠠᠷ ᠬᠠᠴᠠᠷ ᠭᠠᠷᠭᠠᠨ | ᠳᠤᠨᠤᠯᠵᠢᠨ ᠵᠠᠩᠭᠢᠳᠴᠤ᠂ ᠬᠤᠶᠠᠷ ᠦᠵᠦᠬᠦᠷ ᠢ ᠨᠢ ᠰᠢᠯᠢᠨ ᠳᠡᠭᠡᠷ᠎ᠠ ᠨᠢ ᠵᠤᠯᠭᠠᠭᠤᠯᠤᠨ ᠬᠤᠯᠪᠤᠵᠤ ᠨᠤᠭᠳᠤ | ᠪᠤᠯᠭᠠᠵᠤ ᠪᠠᠶᠢᠪᠠ᠃ ᠡᠬᠦᠨ ᠢ ᠵᠠᠳᠠᠭᠠᠢ ᠨᠤᠭᠳᠤ ᠭᠡᠳᠡᠭ᠃ ᠡᠶᠢᠮᠤᠷᠬᠦ ᠵᠠᠳᠠᠭᠠᠢ ᠨᠤᠭᠳᠤ ᠶᠢ ᠵᠤᠬᠢᠶᠠᠵᠤ ᠬᠡᠷᠡᠭᠯᠡᠳᠡᠭ | ᠤᠨ ᠤᠴᠢᠷ ᠨᠢ ᠳᠠᠷᠤᠢ ᠤᠶᠠᠭᠠᠨ ᠤ ᠮᠤᠷᠢ ᠦᠷᠬᠦᠵᠦ ᠳᠤᠩᠭᠤᠷᠤᠨ ᠤᠨᠠᠬᠤ ᠪᠤᠶᠤ ᠪᠤᠭᠤᠮᠢᠯᠠᠨ ᠪᠤᠬᠢᠵᠦ ᠤᠨᠠᠪᠠᠯ᠂ | ᠨᠤᠭᠳᠤᠨ ᠳᠤᠯᠤᠭᠠᠢ ᠶᠢᠨ ᠤᠶᠠᠭᠠᠰᠤ ᠠᠮᠠᠷᠬᠠᠨ ᠪᠤᠯᠳᠠᠷᠠᠵᠤ ᠮᠤᠷᠢᠨ ᠳᠤ ᠠᠶᠤᠯ ᠦᠭᠡᠢ ᠪᠠᠶᠢᠳᠠᠭ᠃ | ᠰᠡᠬᠦᠯ ᠰᠡᠬᠦᠯᠳᠡᠵᠦ᠂ ᠮᠤᠷᠢ ᠤᠨᠤᠭ᠎ᠠ ᠴᠦᠬᠡᠷᠡᠭᠰᠡᠨ ᠪᠤᠶᠤ ᠬᠦᠯᠦᠭ ᠮᠤᠷᠢᠨ ᠠᠴᠠ ᠪᠠᠨ ᠭᠦᠯᠦᠭ ᠤᠨ ᠡᠵᠡᠨ | ᠪᠤᠶᠤ ᠠᠰᠠᠷᠠᠭᠴᠢ ᠬᠤᠯᠠᠳᠠᠳᠠᠭ ᠦᠭᠡᠢ ᠤᠴᠢᠷ ᠠᠴᠠ ᠪᠤᠯᠳᠠᠷᠠᠰᠢ ᠦᠭᠡᠢ ᠪᠠᠳᠤ ᠪᠠᠬᠢ ᠨᠤᠭᠳᠤ ᠬᠢᠬᠦ ᠪᠤᠯᠤᠭᠰᠠᠨ | ᠶᠤᠮ᠃ | ᠨᠤᠭᠳᠤ ᠶᠢᠨ ᠳᠤᠯᠤᠭᠠᠢ ᠶᠢᠨ ᠵᠠᠯᠪᠠᠷᠢᠭᠤᠯᠤᠨ ᠤᠶᠠᠵᠤ ᠪᠠᠶᠢᠭᠰᠠᠨ ᠢ ᠦᠬᠡᠷᠡᠴᠢᠯᠡᠨ᠂ ᠵᠦᠪᠳᠠᠢ ᠳᠠᠯ᠎ᠠ ᠶᠢᠨ | ᠬᠠᠴᠠᠷ ᠳᠡᠬᠡᠷ᠎ᠠ ᠳᠡᠭᠡᠭᠰᠢ ᠬᠠᠨᠳᠤᠭᠰᠠᠨ ᠬᠡᠯᠡ ᠲᠠᠢ ᠭᠤᠷᠬᠢ ᠶᠢ ᠴᠢᠬᠢ ᠠᠴᠠ ᠭᠤᠷᠪᠠ ᠲᠦᠷᠪᠡᠨ ᠬᠤᠷᠤᠭᠤ ᠳᠤᠤᠷ᠎ᠠ | ᠳᠠᠭᠠᠷᠠᠭᠤᠯᠤᠨ᠎ᠠ᠃ ᠪᠤᠷᠤᠭᠤᠳᠠᠢ ᠬᠠᠴᠠᠷ ᠤᠨ ᠰᠤᠷ ᠢ ᠰᠤᠩᠭᠠᠵᠤ᠂ ᠨᠤᠭᠳᠤ ᠶᠢᠨ ᠳᠤᠯᠤᠭᠠᠢ ᠭᠠᠷᠭᠠᠭᠠᠳ᠂ | ᠦᠵᠦᠬᠦᠷ ᠳᠡᠬᠡᠷ᠎ᠠ ᠨᠢ ᠶᠡᠬᠡᠰᠬᠡᠵᠦ ᠪᠠᠭᠠᠰᠬᠠᠬᠤ ᠬᠡᠳᠤᠨ ᠨᠦᠬᠡ ᠴᠤᠭᠤᠯᠤᠨ᠂ ᠭᠤᠷᠬᠢᠨ ᠳᠤ ᠤᠷᠤᠭᠤᠯᠤᠨ | ᠳᠡᠪᠡᠭᠡᠯᠡᠬᠦ ᠪᠤᠯᠪᠠ᠃ ᠮᠤᠷᠢᠨ ᠳᠤᠯᠤᠭᠠᠢ ᠶᠡᠭᠡ ᠪᠤᠯ ᠨᠤᠭᠳᠤᠨ ᠳᠤᠯᠤᠭᠠᠢ ᠶᠢ ᠶᠡᠭᠡᠰᠭᠡᠵᠦ᠂ ᠮᠤᠷᠢᠨ ᠳᠤᠯᠤᠭᠠᠢ | ᠪᠠᠭ᠎ᠠ ᠪᠤᠯ ᠨᠤᠭᠳᠤᠨ ᠳᠤᠯᠤᠭᠠᠢ ᠶᠢ ᠪᠠᠭᠠᠰᠬᠠᠨ ᠨᠤᠭᠳᠤᠯᠠᠨᠠ᠃ | ᠡᠶᠢᠮᠤ ᠨᠤᠭᠳᠤᠨ ᠳᠤ ᠪᠠᠰᠠ ᠬᠤᠶᠠᠷ ᠰᠠᠭᠠᠯᠳᠤᠷᠭ᠎ᠠ ᠪᠠᠶᠢᠳᠠᠭ᠃ ᠮᠤᠷᠢᠨ ᠤ ᠪᠤᠷᠤᠭᠤᠳᠠᠢ ᠨᠢᠳᠤᠨ ᠠᠴᠠ | ᠵᠢᠰᠢᠬᠦᠦ ᠳᠤᠤᠷ᠎ᠠ ᠨᠤᠭᠳᠤᠨ ᠬᠠᠴᠠᠷ ᠢ ᠴᠤᠭᠤᠯᠵᠤ᠂ ᠰᠠᠪᠬᠠᠨ ᠦᠵᠦᠬᠦᠷ ᠠᠴᠠ ᠨᠠᠷᠢᠨ᠂ ᠳᠤᠬᠤᠢ ᠤᠷᠳᠤ ᠰᠤᠷ | ᠤᠨ ᠨᠢᠬᠡ ᠦᠵᠦᠬᠦᠷ ᠢ ᠭᠤᠭᠴᠤᠭᠠᠯᠠᠨ ᠤᠶᠠᠵᠤ ᠳᠠᠯᠪᠢᠨ᠎ᠠ᠃ ᠡᠬᠦᠨ ᠢ ᠰᠠᠭᠠᠯᠳᠤᠷᠭ᠎ᠠ ᠭᠡᠳᠡᠭ᠂ ᠪᠠᠰᠠ ᠡᠷᠡᠤ | ᠰᠠᠭᠠᠯᠳᠤᠷᠭ᠎ᠠ ᠬᠡᠨ᠎ᠠ᠃ ᠵᠦᠪᠳᠠᠢ ᠳᠠᠯ᠎ᠠ ᠶᠢᠨ ᠨᠤᠭᠳᠤ ᠶᠢᠨ ᠬᠠᠴᠠᠷ ᠳᠡᠬᠡᠷᠡᠬᠢ ᠭᠤᠷᠬᠢᠨ ᠤ ᠳᠤᠤᠷ᠎ᠠ ᠨᠠᠷᠢᠨ ᠰᠤᠷ | ᠢᠶᠠᠷ ᠪᠢᠳᠡᠬᠦᠦ ᠭᠤᠭᠴᠤᠭ᠎ᠠ ᠭᠠᠷᠭᠠᠵᠤ ᠤᠶᠠᠨ᠎ᠠ᠃ ᠳᠡᠬᠦᠨ ᠢ ᠰᠠᠭᠠᠯᠳᠤᠷᠭ᠎ᠠ ᠶᠢᠨ ᠬᠦᠬᠦ ᠬᠡᠨ᠎ᠠ᠃ ᠮᠤᠷᠢ ᠪᠠᠨ | ᠨᠤᠭᠳᠤᠯᠤᠭᠰᠠᠨ ᠤ ᠳᠠᠷᠠᠭ᠎ᠠ ᠡᠷᠡᠤ ᠰᠠᠭᠠᠯᠳᠤᠷᠭ᠎ᠠ ᠶᠢ ᠵᠦᠪᠳᠠᠢ ᠳᠠᠯ᠎ᠠ ᠶᠢᠨ ᠬᠦᠬᠦ ᠳᠤ ᠴᠢᠩᠭᠠᠵᠤ ᠤᠶᠠᠨ᠎ᠠ᠃ | ᠨᠤᠭᠳᠤ ᠪᠠᠨ ᠠᠮᠠᠷᠬᠠᠨ ᠪᠤᠯᠳᠠᠯᠠᠳᠠᠭ ᠮᠤᠷᠢᠨ ᠳᠤ ᠪᠠᠰᠠ ᠳᠤᠬᠤᠨ ᠰᠠᠭᠠᠯᠳᠤᠷᠭ᠎ᠠ ᠳᠠᠭᠠᠷᠠᠭᠤᠯᠳᠠᠭ᠃ ᠨᠤᠭᠳᠤ ᠶᠢᠨ | ᠳᠤᠯᠤᠭᠠᠢ ᠶᠢᠨ ᠭᠤᠤᠯ ᠳᠤ ᠴᠤᠭᠤᠯᠵᠤ ᠰᠠᠪᠬᠠᠨ ᠦᠷᠬᠡᠨ ᠰᠤᠷ ᠢ ᠨᠢᠬᠡ ᠦᠨᠳᠦᠷ᠂ ᠨᠢᠬᠡ ᠪᠤᠭᠤᠨᠢ ᠪᠠᠷ | ᠭᠤᠭᠴᠤᠭᠠᠯᠠᠨ ᠤᠶᠠᠵᠤ᠂ ᠪᠤᠭᠤᠨᠢ ᠰᠤᠷ ᠤᠨ ᠦᠵᠦᠬᠦᠷ ᠲᠤ ᠭᠡᠯᠡ ᠲᠠᠢ ᠵᠢᠵᠢᠭ ᠭᠤᠷᠬᠢ ᠶᠢ ᠳᠠᠭᠠᠷᠠᠭᠤᠯᠤᠨ᠂ | ᠦᠨᠳᠦᠷ ᠰᠤᠷ ᠤᠨ ᠦᠵᠦᠬᠦᠷ ᠭᠡᠰᠡᠭ ᠲᠤ ᠬᠡᠳᠤᠨ ᠨᠦᠬᠡ ᠴᠤᠭᠤᠯᠤᠨ᠎ᠠ᠃ ᠦᠨᠳᠦᠷ ᠰᠤᠷ ᠢ ᠳᠤᠬᠤᠨ | ᠰᠠᠭᠠᠯᠳᠤᠷᠭ᠎ᠠ ᠭᠡᠵᠤ᠂ ᠭᠤᠷᠬᠢ ᠲᠠᠢ ᠳᠠᠯ᠎ᠠ ᠶᠢ ᠮᠤᠷᠢᠨ ᠤ ᠵᠦᠪ ᠳᠠᠯ᠎ᠠ ᠳᠤ ᠭᠠᠷᠭᠠᠨ᠂ ᠰᠠᠭᠠᠯᠳᠤᠷᠭ᠎ᠠ ᠶᠢᠨ ᠳᠡᠪᠡᠭᠡ | ᠂ ᠰᠠᠭᠠᠯᠳᠤᠷᠭ᠎ᠠ ᠶᠢᠨ ᠭᠤᠷᠬᠢ ᠬᠡᠳᠡᠭ᠃ | ᠨᠤᠭᠳᠤ ᠶᠢᠨ ᠬᠤᠶᠠᠷ ᠬᠠᠴᠠᠷ᠂ ᠬᠠᠮᠠᠷ ᠤᠨ ᠰᠤᠷ ᠢ ᠬᠤᠶᠠᠷ ᠬᠦᠪᠡᠭᠡ ᠪᠠᠷ ᠨᠢ ᠢᠷᠮᠡᠭᠯᠡᠨ ᠤᠯᠠᠭᠠᠨ ᠰᠢᠷᠢ ᠪᠠᠷ | ᠠᠯᠠᠭᠯᠠᠨ ᠤᠷᠢᠶᠠᠵᠤ ᠴᠢᠮᠡᠭᠯᠡᠳᠡᠭ᠃ | ᠴᠤᠯᠪᠤᠭᠤᠷ —— ᠮᠤᠷᠢᠨ ᠨᠤᠭᠳᠤ ᠶᠢᠨ ᠡᠷᠡᠤ ᠶᠢᠨ ᠡᠷᠬᠢᠬᠦᠯᠬᠡ ᠠᠴᠠ ᠵᠠᠯᠭᠠᠵᠤ ᠤᠶᠠᠭᠰᠠᠨ ᠳᠡᠭᠡᠰᠤ ᠶᠢ | ᠴᠤᠯᠪᠤᠭᠤᠷ ᠭᠡᠳᠡᠭ᠃ | ᠶᠡᠷᠤᠩᠭᠡᠢ ᠳᠤ ᠪᠠᠨ ᠵᠢᠷᠭᠤᠭᠠᠨ ᠳᠤᠬᠤᠢ ᠤᠷᠳᠤ ᠵᠦᠬᠡᠯᠡᠨ ᠰᠤᠷ ᠪᠤᠶᠤ ᠬᠢᠯᠭᠠᠰᠤᠨ ᠳᠡᠭᠡᠰᠤ᠂ ᠳᠡᠮᠡᠬᠡᠨ ᠤ | ᠡᠷ᠎ᠠ ᠤᠡᠭᠭᠠᠰᠤᠨ ᠳᠡᠭᠡᠰᠤ ᠪᠠᠷ ᠬᠢᠳᠡᠭ᠃ ᠬᠢᠯᠭᠠᠰᠤ ᠶᠢ ᠭᠤᠷᠮᠤᠰᠤᠨ ᠳᠠᠮᠤᠵᠤ ᠨᠡᠶᠢᠳᠭᠡᠬᠦ ᠪᠦᠭᠡᠳ ᠳᠡᠮᠡᠭᠡᠨ ᠤ | ᠡᠷ᠎ᠠ ᠤᠡᠭᠭᠠᠰᠤ ᠶᠢ ᠵᠢᠷᠭᠤᠭᠠᠨ ᠮᠦᠰᠦᠯᠡᠨ ᠨᠡᠶᠢᠳᠬᠡᠵᠦ ᠬᠢᠨ᠎ᠠ᠃ | ᠮᠤᠷᠢᠨ ᠳᠤ ᠨᠤᠭᠳᠤ᠂ ᠬᠠᠵᠠᠭᠠᠷ ᠢ ᠬᠠᠮᠳᠤ ᠳᠤ ᠨᠢ ᠤᠭᠰᠠᠷᠠᠵᠤ ᠮᠤᠷᠢᠨ ᠳᠤ ᠪᠠᠨ ᠮᠤᠷᠳᠠᠬᠤ ᠦᠶ᠎ᠠ ᠳᠤ | ᠴᠤᠯᠪᠤᠭᠤᠷ ᠢ ᠤᠷᠢᠳᠤ ᠪᠦᠬᠦᠷᠬᠡ ᠪᠠ ᠳᠠᠪᠰᠠ ᠶᠢᠨ ᠬᠤᠭᠤᠷᠤᠨᠳᠤ ᠬᠠᠪᠴᠢᠭᠤᠯᠵᠤ ᠳᠠᠯᠪᠢᠬᠤ ᠪᠤᠶᠤ ᠵᠦᠪᠳᠠᠢ | ᠤᠷᠢᠳᠤ ᠭᠠᠨᠵᠤᠭ᠎ᠠ ᠠᠴᠠ ᠤᠶᠠᠵᠤ ᠳᠠᠯᠪᠢᠨ᠎ᠠ᠃ ᠴᠤᠯᠪᠤᠭᠤᠷ ᠵᠢᠯᠤᠭᠤ ᠬᠤᠶᠠᠷ ᠢ ᠬᠠᠮᠳᠤ ᠳᠤ ᠨᠢ ᠠᠳᠬᠤᠵᠤ | ᠶᠠᠪᠤᠳᠠᠭ ᠦᠭᠡᠢ᠃ | ᠮᠤᠷᠢᠨ ᠴᠤᠯᠪᠤᠭᠤᠷ ᠢ ᠤᠯᠤᠰᠤ ᠪᠠ ᠬᠢᠮ᠎ᠠ ᠪᠠᠷ ᠳᠠᠮᠤᠵᠤ ᠬᠢᠳᠡᠭ ᠦᠭᠡᠢ᠂ ᠮᠤᠷᠢᠨ ᠤ ᠬᠡᠢ ᠮᠤᠷᠢ ᠬᠡᠪᠳᠡᠨ᠎ᠠ | ᠭᠡᠳᠡᠭ᠃ ᠴᠤᠯᠪᠤᠭᠤᠷ ᠭᠡᠭᠴᠢ ᠳᠠᠷᠤᠢ ᠮᠤᠷᠢᠨ ᠠᠴᠠ ᠪᠠᠨ ᠪᠠᠭᠤᠮᠠᠭᠴᠠ ᠮᠤᠷᠢ ᠪᠠᠨ ᠤᠶᠠᠬᠤ ᠳᠡᠬᠡᠰᠤ ᠮᠥᠨ᠃ | ᠮᠦᠨᠴᠤ ᠮᠤᠷᠢ ᠰᠤᠶᠢᠬᠤ ᠨᠤᠭᠳᠤ ᠶᠢᠨ ᠤᠶᠠᠭᠠᠰᠤ ᠮᠥᠨ᠃ | ᠬᠠᠵᠠᠭᠠᠷ —— ᠮᠤᠷᠢᠨ ᠤ ᠠᠮᠠᠨ ᠳᠤ ᠠᠮᠠᠭᠠᠶᠢᠯᠠᠨ ᠳᠤᠯᠤᠭᠠᠢ ᠳᠤ ᠤᠭᠰᠠᠷᠠᠨ ᠤᠭᠯᠠᠬᠤ ᠳᠡᠬᠡᠰᠤᠨ | ᠳᠤᠤᠷ ᠢ ᠬᠠᠵᠠᠭᠠᠷ ᠬᠡᠨ᠎ᠠ᠃ | ᠬᠠᠵᠠᠭᠠᠷ ᠤᠨ ᠪᠦᠳᠦᠴᠡ ᠨᠢ ᠨᠤᠭᠳᠤ ᠲᠠᠢ ᠦᠨᠳᠦᠰᠦᠨ ᠳᠤ ᠪᠠᠨ ᠠᠳᠠᠯᠢ ᠪᠠᠶᠢᠳᠠᠭ᠃ ᠠᠳᠠᠯᠢ ᠦᠭᠡᠢ ᠳᠠᠯ᠎ᠠ | ᠨᠢ ᠬᠡᠪᠡᠯ ᠡᠷᠡᠤ ᠦᠭᠡᠢ᠂ ᠡᠷᠡᠤ ᠶᠢᠨ ᠤᠷᠤᠨ ᠳᠤ ᠬᠤᠶᠠᠷ ᠳᠡᠮᠤᠷ ᠮᠢᠳᠠᠭᠠᠷ ᠭᠡᠯᠬᠢᠶᠡᠰᠤ ᠶᠢ ᠬᠠᠮᠠᠷ ᠤᠨ ᠬᠤᠶᠠᠷ | ᠦᠵᠦᠬᠦᠷ ᠲᠠᠢ ᠬᠤᠯᠪᠤᠵᠤ ᠮᠤᠷᠢᠨ ᠤ ᠠᠮᠠᠨ ᠳᠤ ᠵᠠᠭᠤᠯᠭᠠᠨᠠ᠃ ᠳᠡᠬᠦᠨ ᠢ ᠠᠮᠠᠭᠠᠢ ᠭᠡᠳᠡᠭ᠃ ᠠᠮᠠᠭᠠᠢ ᠤᠨ | ᠭᠠᠳᠠᠨ᠎ᠠ ᠬᠤᠶᠠᠷ ᠦᠵᠦᠬᠦᠷ ᠳᠡᠬᠡᠷ᠎ᠠ ᠬᠠᠮᠠᠷ ᠲᠠᠢ ᠬᠤᠯᠪᠤᠵᠤ ᠭᠠᠷᠬ᠎ᠠ ᠶᠢ ᠳᠤᠰ ᠳᠤᠰ ᠭᠡᠯᠬᠢᠨᠠ᠃ ᠳᠡᠬᠦᠨ ᠢ | ᠵᠤᠤᠵᠠᠢ ᠭᠡᠬᠦ ᠪᠤᠶᠤ ᠵᠤᠤᠵᠠᠢ ᠶᠢᠨ ᠭᠠᠷᠬ᠎ᠠ ᠬᠡᠳᠡᠭ᠃ ᠬᠠᠵᠠᠭᠠᠷ ᠤᠨ ᠳᠤᠯᠤᠭᠠᠢ ᠪᠤᠶᠤ ᠬᠠᠵᠠᠭᠠᠷ ᠤᠨ ᠬᠠᠴᠠᠷ ᠤᠨ | ᠠᠭᠤᠯᠵᠠᠷ ᠳᠡᠭᠡᠷ᠎ᠠ ᠮᠤᠷᠢᠨ ᠤ ᠮᠠᠩᠨᠠᠢ ᠳᠡᠭᠡᠬᠦᠷ ᠳᠠᠳᠠᠭᠰᠠᠨ ᠪᠦᠰᠡᠯᠡᠬᠦᠷ ᠳᠡᠭᠡᠰᠤ ᠲᠠᠢ᠂ ᠳᠡᠬᠦᠨ ᠢ ᠬᠠᠵᠠᠭᠠᠷ ᠤᠨ | ᠳᠠᠳᠠᠭᠤᠷ ᠬᠡᠨ᠎ᠠ᠃ ᠬᠤᠷᠴᠢᠨᠴᠤᠳ ᠬᠠᠵᠠᠭᠠᠷ ᠤᠨ ᠳᠤᠯᠤᠭᠠᠢ ᠶᠢᠨ ᠭᠡᠰᠡᠭ ᠢ ᠦᠵᠡᠮᠦᠷᠢ ᠲᠠᠢ ᠰᠠᠶᠢᠬᠠᠨ ᠵᠠᠰᠠᠨ | ᠴᠢᠮᠡᠭᠯᠡᠳᠡᠭ᠃ ᠳᠠᠳᠠᠭᠤᠷ ᠢ ᠨᠤᠭᠤᠯᠤᠭᠰᠠᠨ ᠰᠤᠷ ᠢᠶᠠᠷ ᠬᠢᠵᠦ᠂ ᠬᠤᠶᠠᠷ ᠬᠦᠪᠡᠭᠡ ᠢᠷᠮᠡᠭ ᠢ ᠨᠢ ᠦᠡᠭᠭᠡᠳᠠᠢ ᠰᠢᠷᠢ | ᠪᠠᠷ ᠤᠷᠢᠶᠠᠨ ᠰᠢᠷᠳᠡᠵᠦ᠂ ᠳᠡᠭᠡᠭᠰᠢ ᠬᠠᠨᠳᠤᠭᠰᠠᠨ ᠬᠡᠳᠤᠨ ᠪᠠᠭᠴᠠ ᠤᠯᠠᠭᠠᠨ ᠵᠠᠯᠠᠭ᠎ᠠ᠂ ᠳᠤᠷᠤᠭᠰᠢ ᠬᠠᠨᠳᠤᠭᠰᠠᠨ | ᠬᠡᠳᠤᠨ ᠪᠠᠭᠴᠠ ᠤᠯᠠᠭᠠᠨ ᠨᠤᠭᠤᠭᠠᠨ ᠴᠠᠴᠤᠭ ᠳᠠᠭᠠᠷᠠᠭᠤᠯᠵᠤ᠂ ᠳᠠᠳᠠᠭᠤᠷ ᠤᠨ ᠨᠢᠭᠤᠷ ᠳᠡᠬᠡᠷ᠎ᠠ ᠨᠠᠷᠢᠨ ᠭᠡᠯᠪᠡᠷᠢ | ᠶᠢᠨ ᠦᠯᠵᠡᠢ ᠵᠠᠩᠭᠢᠶ᠎ᠠ ᠬᠠᠳᠠᠳᠠᠭ᠃ ᠪᠠᠰᠠ ᠵᠢᠵᠢᠭ ᠵᠢᠵᠢᠭ ᠦᠯᠵᠠᠢ ᠵᠠᠩᠭᠢᠶ᠎ᠠ ᠶᠢ ᠳᠤᠷᠤᠭᠰᠢ ᠤᠨᠵᠢᠭᠤᠯᠬᠤ ᠴᠦ | ᠪᠠᠶᠢᠳᠠᠭ᠃ ᠬᠠᠵᠠᠭᠠᠷ ᠤᠨ ᠳᠤᠯᠤᠭᠠᠢ᠂ ᠬᠠᠵᠠᠭᠠᠷ ᠤᠨ ᠬᠠᠴᠠᠷ ᠳᠡᠬᠡᠷ᠎ᠠ ᠵᠡᠰ ᠭᠠᠤᠯᠢ ᠪᠠᠷ ᠬᠢᠭᠰᠡᠨ ᠶᠠᠩᠵᠤ ᠪᠦᠷᠢ | ᠶᠢᠨ ᠴᠢᠮᠬᠢᠬᠦᠷ ᠵᠡᠬᠦᠯᠬᠡᠨᠠ᠃ ᠳᠡᠬᠦᠨ ᠢ ᠨᠢ ᠬᠠᠵᠠᠭᠠᠷ ᠤᠨ ᠪᠦᠯᠡᠵᠡᠭ ᠭᠡᠳᠡᠭ᠂ ᠵᠢᠵᠢᠭ ᠵᠢᠵᠢᠭ ᠬᠤᠨᠭ᠍ᠬᠤ | ᠳᠠᠭᠠᠷᠠᠭᠤᠯᠤᠭᠰᠠᠨ ᠴᠦ ᠪᠠᠶᠢᠳᠠᠭ᠃ | ᠬᠠᠵᠠᠭᠠᠷ ᠤᠨ ᠬᠠᠮᠠᠷ ᠢ ᠮᠥᠨ ᠨᠤᠭᠳᠤ ᠶᠢᠨ ᠬᠠᠮᠠᠷ ᠰᠢᠭ᠋ ᠴᠢᠮᠡᠳᠡᠭ᠃ ᠬᠤᠷᠴᠢᠨᠴᠤᠳ ᠮᠤᠷᠢᠨ ᠳᠤ ᠪᠠᠨ | ᠨᠤᠭᠳᠤ ᠪᠠ ᠬᠠᠵᠠᠭᠠᠷ ᠢ ᠬᠠᠮᠳᠤ ᠳᠤ ᠨᠢ ᠤᠭᠰᠠᠷᠠᠬᠤ ᠶᠢ ᠡᠷᠬᠢᠮᠯᠡᠳᠡᠭ᠂ ᠳᠠᠩ ᠬᠠᠵᠠᠭᠠᠷ ᠵᠠᠷᠤᠬᠤ ᠨᠢ ᠴᠦᠬᠡᠨ | ᠬᠠᠷᠠᠭᠳᠠᠨ᠎ᠠ᠃ | ᠬᠠᠵᠠᠭᠠᠷ ᠲᠤ ᠪᠠᠰᠠ ᠰᠠᠭᠠᠯᠳᠤᠷᠭ᠎ᠠ ᠪᠠᠶᠢᠳᠠᠭ᠃ ᠭᠡᠪᠡᠴᠤ ᠭᠠᠭᠴᠠ ᠡᠷᠡᠤ ᠰᠠᠭᠠᠯᠳᠤᠷᠭ᠎ᠠ ᠭᠢᠳᠡᠭ ᠶᠤᠮ᠃ | ᠬᠠᠵᠠᠭᠠᠷ ᠤᠨ ᠳᠤᠯᠤᠭᠠᠢ ᠶᠢ ᠮᠥᠨ ᠨᠤᠭᠳᠤ ᠶᠢᠨ ᠳᠤᠯᠤᠭᠠᠢ ᠰᠢᠭ᠋ ᠶᠡᠭᠡᠰᠬᠡᠵᠦ ᠪᠠᠭᠠᠰᠬᠠᠬᠤ ᠪᠠᠷ ᠵᠤᠬᠢᠶᠠᠳᠠᠭ᠃ | ᠵᠢᠯᠤᠭᠤ —— ᠬᠠᠵᠠᠭᠠᠷ ᠤᠨ ᠠᠮᠠᠭᠠᠢ ᠶᠢᠨ ᠬᠤᠶᠠᠷ ᠦᠵᠦᠬᠦᠷ ᠲᠤ ᠬᠤᠯᠪᠤᠵᠤ ᠪᠠᠶᠢᠭ᠎ᠠ ᠵᠤᠤᠵᠢ ᠶᠢᠨ | ᠭᠠᠷᠬ᠎ᠠ ᠠᠴᠠ ᠬᠤᠯᠪᠤᠭᠰᠠᠨ ᠪᠢᠳᠡᠬᠦᠦ ᠤᠷᠳᠤ ᠤᠭᠤᠰᠤᠷ ᠢ ᠵᠢᠯᠤᠭᠤ ᠬᠡᠨ᠎ᠠ᠃ | ᠬᠤᠷᠴᠢᠨ ᠮᠤᠩᠭᠤᠯᠴᠤᠳ ᠳᠠᠪᠤᠨ ᠬᠤᠰᠢᠭᠤ ᠮᠠᠯ ᠢᠶᠠᠨ ᠬᠠᠷᠢᠭᠤᠯᠵᠤ ᠶᠠᠪᠤᠬᠤ ᠳᠤ ᠨᠤᠭᠳᠤ ᠪᠠᠷ ᠮᠤᠷᠢ | ᠤᠨᠤᠳᠠᠭ ᠠᠴᠠ ᠪᠢᠰᠢ᠂ ᠡᠬᠦᠨ ᠠᠴᠠ ᠪᠠᠭ᠎ᠠ ᠯᠠ ᠶᠡᠭᠡ ᠶᠠᠪᠤᠳᠠᠯ ᠰᠠᠭᠤᠳᠠᠯ ᠳᠡᠬᠡᠷ᠎ᠠ ᠴᠦᠮ ᠬᠠᠵᠠᠭᠠᠷ ᠤᠭᠰᠠᠷᠠᠵᠤ | ᠮᠤᠷᠢ ᠤᠨᠤᠳᠠᠭ᠃ ᠤᠴᠢᠷ ᠨᠢ ᠶᠠᠮᠠᠷᠴᠤ ᠮᠤᠷᠢ ᠨᠤᠭᠳᠤ ᠴᠤᠯᠪᠤᠭᠤᠷ ᠢᠶᠠᠷ ᠠᠮᠠᠷᠬᠠᠨ ᠵᠠᠬᠢᠷᠤᠭᠳᠠᠳᠠᠭ ᠦᠭᠡᠢ᠃ | ᠬᠠᠮᠠᠷ᠂ ᠡᠷᠡᠤ ᠲᠦᠬᠦᠰᠢ ᠬᠠᠳᠠᠭᠤ ᠮᠤᠷᠢ ᠨᠡᠩ ᠴᠦ ᠵᠦᠪ ᠵᠠᠬᠢᠷᠤᠭᠳᠠᠳᠠᠭ ᠦᠭᠡᠢ ᠶᠤᠮ᠃ ᠬᠦᠯᠦᠭ ᠮᠤᠷᠢ ᠶᠢ | ᠰᠠᠨᠠᠭ᠎ᠠ ᠪᠠᠷ ᠢᠶᠠᠨ ᠳᠤᠪᠳᠤᠯᠤᠯᠠᠭᠤᠯᠤᠶᠠ᠂ ᠤᠷᠭ᠎ᠠ ᠶᠢᠨ ᠮᠤᠷᠢ ᠰᠢᠭ᠋ ᠵᠠᠬᠢᠷᠤᠶ᠎ᠠ ᠬᠡᠪᠡᠯ ᠳᠠᠷᠤᠢ ᠬᠠᠵᠠᠭᠠᠷ ᠵᠢᠯᠤᠭᠤ | ᠵᠠᠷᠤᠳᠠᠭ᠂ ᠮᠤᠷᠢ ᠴᠦ ᠰᠠᠨᠠᠭ᠎ᠠ ᠪᠠᠷ ᠢᠶᠠᠨ ᠳᠤᠪᠳᠤᠯᠵᠤ ᠬᠦᠴᠦ ᠪᠠᠨ ᠪᠠᠷᠠᠬᠤ ᠦᠭᠡᠢ᠂ ᠮᠤᠷᠢᠨ ᠤ ᠡᠵᠡᠨ ᠴᠦ | ᠰᠠᠨᠠᠭ᠎ᠠ ᠠᠮᠠᠷ ᠤᠨᠤᠨ᠎ᠠ᠃ ᠬᠠᠵᠠᠭᠠᠷ ᠤᠨ ᠠᠮᠠᠭᠠᠢ ᠭᠡᠭᠴᠢ ᠮᠤᠷᠢᠨ ᠤ ᠡᠩᠬᠦᠷ ᠵᠦᠬᠡᠯᠡᠨ ᠵᠠᠪᠠᠵᠢ ᠶᠢ ᠳᠠᠳᠠᠵᠤ | ᠪᠠᠶᠢᠭ᠎ᠠ ᠤᠴᠢᠷ ᠵᠡᠬᠦᠨ ᠪᠠᠷᠠᠭᠤᠨ ᠠᠮᠠᠭᠠᠢ ᠵᠢᠯᠤᠭᠤ ᠶᠢᠨ ᠳᠠᠳᠠᠵᠤ ᠵᠢᠯᠤᠭᠤᠳᠬᠤ ᠶᠢ ᠳᠠᠭᠠᠬᠤ ᠯᠠ ᠬᠡᠷᠡᠭ ᠶᠤᠮ᠃ | ᠳᠡᠶᠢᠮᠤ ᠠᠴᠠ ᠬᠠᠵᠠᠭᠠᠷ ᠤᠨ ᠪᠢᠳᠡᠬᠦᠦ ᠳᠠᠳᠠᠭ᠎ᠠ ᠳᠡᠭᠡᠰᠤ ᠶᠢ ᠵᠢᠯᠤᠭᠤ ᠭᠡᠵᠤ ᠨᠡᠷᠡᠯᠡᠭᠰᠡᠨ ᠪᠠᠶᠢᠭ᠎ᠠ ᠶᠤᠮ᠃ | ᠬᠠᠵᠠᠭᠠᠷ ᠤᠨ ᠵᠢᠯᠤᠭᠤ ᠶᠢᠨ ᠤᠷᠳᠤ ᠶᠢ ᠡᠮᠡᠬᠡᠯ ᠤᠨ ᠠᠷᠤ ᠪᠦᠬᠦᠷᠬᠡ ᠠᠴᠠ ᠭᠤᠬᠠᠳᠠᠵᠤ ᠡᠯᠬᠦᠬᠦ ᠬᠡᠮᠵᠢᠶ᠎ᠠ ᠪᠠᠷ | ᠬᠢᠳᠡᠭ᠃ ᠬᠦᠵᠦᠬᠦᠦ ᠤᠷᠳᠤ ᠮᠤᠷᠢᠨ ᠤ ᠵᠢᠯᠤᠭᠤ ᠶᠢ ᠤᠷᠳᠤ ᠬᠢᠵᠦ᠂ ᠬᠦᠵᠦᠬᠦᠦ ᠪᠤᠭᠤᠨᠢ ᠪᠠᠭ᠎ᠠ ᠪᠡᠶᠡᠳᠠᠢ ᠮᠤᠷᠢᠨ | ᠤ ᠵᠢᠯᠤᠭᠤ ᠶᠢ ᠤᠬᠤᠷ ᠬᠢᠳᠡᠭ᠃ ᠶᠡᠷᠤᠩᠭᠡᠢ ᠳᠤ ᠪᠠᠨ ᠨᠠᠢᠮᠠᠨ ᠳᠤᠬᠤᠢ ᠤᠷᠳᠤ ᠪᠠᠶᠢᠳᠠᠭ᠃ | ᠵᠢᠯᠤᠭᠤ ᠶᠢ ᠬᠠᠮᠤᠭ ᠵᠦᠬᠡᠯᠡᠨ ᠰᠤᠷ ᠢᠶᠠᠷ ᠬᠢᠬᠦ ᠪᠦᠬᠡᠳ ᠬᠢᠯᠭᠠᠰᠤ ᠤᠡᠭᠭᠠᠰᠤ ᠪᠠᠷ ᠶᠠᠩᠵᠤ ᠪᠦᠷᠢ ᠪᠠᠷ | ᠤᠭᠠᠯᠵᠠᠯᠠᠨ ᠰᠦᠯᠵᠢᠵᠦ᠂ ᠬᠠᠪᠳᠠᠭᠠᠢ ᠬᠦᠷᠦᠵᠦ ᠬᠢᠳᠡᠭ᠃ ᠬᠠᠪᠳᠠᠭᠠᠢ ᠶᠢᠨ ᠬᠡᠮᠵᠢᠶ᠎ᠠ ᠨᠢ ᠨᠢᠬᠡ ᠢᠮᠠᠬᠤ ᠬᠢᠷᠢ᠃ | ᠶᠡᠷᠤ ᠠᠴᠠ ᠪᠦᠬᠡᠷᠡᠩᠬᠡᠢ ᠳᠡᠭᠡᠰᠤ ᠪᠠᠷ ᠵᠢᠯᠤᠭᠤ ᠬᠢᠳᠡᠭ ᠦᠭᠡᠢ᠃ | ᠵᠢᠯᠤᠭᠤ ᠶᠢᠨ ᠬᠤᠶᠠᠷ ᠦᠵᠦᠬᠦᠷ ᠢ ᠵᠤᠤᠵᠠᠢ ᠳᠤ ᠬᠤᠯᠪᠤᠬᠤ ᠳᠤ ᠪᠠᠨ ᠪᠢᠳᠡᠬᠦᠦ ᠪᠠᠨ ᠭᠤᠭᠴᠤᠭᠠᠯᠠᠨ᠂ | ᠳᠤᠳᠤᠭᠰᠢ ᠪᠠᠨ ᠨᠢᠬᠡ ᠰᠦᠬᠦᠮ ᠰᠦᠯᠵᠢᠨ ᠰᠡᠯᠬᠦᠵᠦ᠂ ᠦᠵᠦᠬᠦᠷ ᠢ ᠨᠢ ᠮᠥᠨ ᠨᠢᠬᠡ ᠰᠦᠬᠦᠮ ᠰᠠᠴᠢᠭᠯᠠᠨ | ᠵᠠᠯᠭᠠᠯᠠᠨᠠ᠃ | ᠬᠦᠯᠦᠭ ᠤᠨ ᠵᠢᠯᠤᠭᠤ ᠰᠤᠯᠠ ᠪᠤᠯ ᠬᠦᠯᠦᠭ ᠬᠦᠨᠳᠡᠷᠴᠤ᠂ ᠬᠦᠯᠦᠭ ᠤᠨ ᠵᠢᠯᠤᠭᠤ ᠴᠢᠩᠭ᠎ᠠ ᠪᠤᠯ ᠬᠦᠯᠦᠭ | ᠰᠠᠶᠢᠪᠤᠷᠢᠯᠡᠨᠠ᠃ ᠵᠢᠯᠤᠭᠤ ᠬᠠᠮᠢᠭᠠᠰᠢ ᠪᠠᠨ ᠪᠤᠯ ᠬᠦᠯᠦᠭ ᠬᠠᠮᠢᠭᠠᠰᠢ ᠪᠠᠨ ᠪᠠᠶᠢᠳᠠᠭ᠃ | ᠬᠦᠮᠦᠯᠳᠦᠷᠬᠡ —— ᠡᠮᠡᠭᠡᠯ ᠤᠨ ᠡᠮᠤᠨ᠎ᠠ ᠬᠤᠶᠠᠷ ᠤᠭᠰᠤᠷᠭ᠎ᠠ ᠠᠴᠠ ᠬᠤᠯᠪᠤᠵᠤ᠂ ᠮᠤᠷᠢᠨ ᠤ ᠤᠮᠤᠷᠤᠤ | ᠳᠤᠤᠭᠤᠷ ᠳᠠᠳᠠᠭᠰᠠᠨ ᠤᠭᠤᠰᠤᠷ ᠢ ᠬᠦᠮᠦᠯᠳᠦᠷᠬᠡ ᠬᠡᠨ᠎ᠠ᠃ ᠬᠦᠮᠦᠯᠳᠦᠷᠬᠡ ᠶᠢ ᠵᠦᠬᠡᠯᠡᠨ ᠰᠤᠷ ᠪᠤᠶᠤ ᠳᠡᠮᠡᠭᠡᠨ | ᠤᠡᠭᠭᠠᠰᠤ ᠪᠠᠷ ᠬᠢᠳᠡᠭ᠃ ᠰᠤᠷ ᠢᠶᠠᠷ ᠬᠢᠪᠡᠯ ᠲᠦᠷᠪᠡᠨ ᠬᠤᠷᠤᠭᠤ ᠵᠦᠬᠡᠯᠡᠨ ᠰᠤᠷ ᠢ ᠨᠤᠭᠤᠯᠵᠤ᠂ ᠬᠠᠪᠰᠤᠷᠤᠭᠰᠠᠨ | ᠬᠤᠶᠠᠷ ᠵᠠᠳᠠᠭᠠᠢ ᠳᠠᠯ᠎ᠠ ᠪᠤᠶᠤ ᠪᠢᠳᠡᠬᠦᠦ ᠳᠠᠯ᠎ᠠ ᠶᠢ ᠬᠢᠯᠭᠠᠰᠤᠨ ᠤᠳᠠᠰᠤ ᠪᠤᠶᠤ ᠰᠢᠷᠢ ᠪᠠᠷ ᠱᠠᠭᠯᠠᠵᠤ ᠤᠶᠤᠨ᠎ᠠ᠃ | ᠬᠠᠪᠳᠠᠭᠠᠢ ᠰᠤᠷ ᠤᠭᠤᠰᠤᠷ ᠤᠨ ᠢᠶᠠᠨ ᠭᠤᠤᠯ ᠢᠶᠠᠷ ᠨᠢᠬᠡ ᠢᠮᠠᠬᠤ ᠠᠯᠤᠰᠯᠠᠬᠤ ᠪᠦᠷᠢ ᠳᠤ ᠨᠢᠬᠡ ᠴᠤᠭᠤᠯᠵᠤ᠂ | ᠰᠤᠷ ᠢᠶᠠᠷ ᠰᠢᠷᠭᠤᠭᠤᠯᠤᠨ ᠰᠦᠯᠵᠢᠬᠡᠳ ᠦᠯᠵᠠᠢ ᠵᠠᠩᠭᠢᠶ᠎ᠠ᠂ ᠵᠢᠵᠢᠭ ᠬᠤᠨᠭ᠍ᠬᠤ᠂ ᠤᠯᠠᠭᠠᠨ ᠦᠡᠭᠭᠡ ᠶᠢᠨ ᠮᠤᠯᠴᠤᠭ | ᠴᠠᠴᠤᠭ ᠢ ᠠᠯᠠᠭᠯᠠᠨ ᠵᠡᠬᠦᠵᠦ ᠬᠠᠳᠠᠳᠠᠭ᠃ ᠡᠬᠦᠨ ᠢ ᠴᠢᠮᠡᠭ ᠬᠦᠮᠦᠯᠳᠦᠷᠬᠡ ᠬᠡᠳᠡᠭ᠃ | ᠳᠡᠮᠡᠭᠡᠨ ᠤᠡᠭᠭᠠᠰᠤᠨ ᠤᠳᠠᠰᠤ ᠪᠠᠷ 16᠂ 24᠂ 32 ᠰᠢᠷᠭᠡᠭ ᠢᠶᠠᠷ ᠰᠡᠭᠡᠭᠡ ᠭᠠᠷᠭᠠᠵᠤ ᠬᠠᠪᠳᠠᠭᠠᠶᠢᠯᠠᠨ | ᠬᠦᠷᠦᠵᠦ ᠬᠢᠨ᠎ᠠ᠃ ᠵᠠᠰᠠᠯ ᠵᠡᠮᠰᠡᠭ ᠢ ᠳᠡᠭᠡᠷᠡᠬᠢ ᠲᠠᠢ ᠠᠳᠠᠯᠢ ᠪᠠᠷ ᠵᠡᠬᠦᠯᠭᠡᠳᠡᠭ᠃ | ᠬᠦᠮᠦᠯᠳᠦᠷᠬᠡ ᠶᠢᠨ ᠤᠷᠳᠤ ᠨᠢ ᠪᠠᠷᠤᠭ ᠲᠦᠷᠪᠡᠨ ᠳᠤᠬᠤᠢ᠂ ᠤᠷᠢᠳᠤ ᠤᠯᠤᠩ ᠤᠨ ᠤᠷᠳᠤ ᠲᠠᠢ ᠠᠳᠠᠯᠢ᠃ | ᠮᠤᠷᠢ ᠪᠠᠷ ᠭᠤᠤᠯ ᠮᠦᠷᠡᠨ ᠢ ᠳᠤᠭᠤᠯᠵᠤ ᠭᠠᠷᠬᠤ ᠳᠤ ᠳᠤᠰᠬᠠᠢ ᠬᠦᠮᠦᠯᠳᠦᠷᠬᠡ ᠦᠭᠡᠢ ᠪᠤᠯ ᠡᠮᠤᠨ᠎ᠠ ᠤᠯᠤᠩ ᠢᠶᠠᠷ | ᠢᠶᠠᠨ ᠬᠦᠮᠦᠯᠳᠦᠷᠬᠡ ᠬᠢᠳᠡᠭ᠃ ᠡᠰᠡ ᠳᠡᠶᠢᠮᠤ ᠪᠤᠯ ᠡᠮᠡᠬᠡᠯ ᠠᠷᠤᠨᠰᠢ ᠭᠤᠯᠭᠤᠷᠢᠵᠦ ᠮᠤᠷᠢᠨ ᠨᠢᠷᠤᠭᠤᠨ ᠳᠤ | ᠳᠤᠭᠳᠠᠬᠤ ᠦᠭᠡᠢ ᠪᠠᠶᠢᠳᠠᠭ᠃ | ᠳᠡᠶᠢᠮᠤ ᠠᠴᠠ ᠬᠦᠮᠦᠰ᠂ ᠠᠶᠠᠨ ᠳᠠᠶᠢᠨ᠂ ᠠᠪᠠ ᠠᠡᠭ᠂ ᠨᠡᠬᠦᠳᠡᠯ ᠤᠳᠤᠷᠯᠠᠯ᠂ ᠨᠠᠭᠤᠷ ᠭᠤᠤᠯ ᠢ ᠭᠡᠳᠦᠯᠬᠦ | ᠳᠤ ᠮᠤᠷᠢ ᠤᠨᠤᠭ᠎ᠠ ᠪᠠᠨ ᠶᠡᠷᠤ ᠠᠴᠠ ᠬᠦᠮᠦᠯᠳᠦᠷᠬᠡᠯᠡᠳᠡᠭ᠃ | ᠬᠦᠮᠦᠯᠳᠦᠷᠬᠡ ᠨᠢ ᠪᠠᠰᠠ ᠬᠦᠯᠦᠭ ᠮᠤᠷᠢᠨ ᠤ ᠬᠡᠢ ᠮᠤᠷᠢ ᠶᠢ ᠮᠠᠨᠳᠤᠭᠤᠯᠬᠤ ᠵᠡᠰᠡᠯ ᠵᠡᠮᠰᠡᠭ ᠮᠦᠷᠳᠡᠭᠡᠨ ᠬᠦᠯᠦᠭ | ᠤᠨ ᠡᠵᠡᠨ ᠤ ᠴᠤᠭ ᠵᠢᠪᠬᠤᠭ᠎ᠠ᠂ ᠰᠦᠷ ᠬᠡᠷᠡᠯ ᠤᠨ ᠨᠡᠮᠡᠷᠢ ᠪᠤᠯᠳᠠᠭ᠃ | ᠬᠤᠳᠠᠷᠭ᠎ᠠ —— ᠡᠮᠡᠬᠡᠯ ᠤᠨ ᠬᠤᠶᠢᠳᠤ ᠬᠤᠶᠠᠷ ᠤᠭᠰᠤᠷᠭ᠎ᠠ ᠠᠴᠠ ᠬᠤᠯᠪᠤᠵᠤ᠂ ᠮᠤᠷᠢᠨ ᠤ ᠰᠡᠬᠦᠯ | ᠠᠴᠠ ᠲᠦᠬᠡ ᠳᠤᠤᠭᠤᠷ ᠳᠠᠳᠠᠭᠰᠠᠨ ᠤᠭᠤᠰᠤᠷ ᠢ ᠬᠤᠳᠠᠷᠭ᠎ᠠ ᠬᠡᠨ᠎ᠠ᠃ | ᠬᠤᠳᠠᠷᠭ᠎ᠠ ᠶᠢ ᠬᠦᠮᠦᠯᠳᠦᠷᠬᠡ ᠲᠠᠢ ᠨᠢᠬᠡ ᠯᠠ ᠠᠳᠠᠯᠢ ᠴᠢᠮᠡᠵᠦ ᠬᠢᠳᠡᠭ ᠪᠤᠯᠪᠠᠴᠤ ᠦᠷᠬᠡᠨ ᠢ ᠨᠢ ᠳᠠᠬᠢᠨ ᠢᠶᠠᠷ | ᠬᠢᠳᠡᠭ᠃ ᠬᠤᠳᠠᠷᠭ᠎ᠠ ᠶᠢᠨ ᠤᠷᠳᠤ ᠨᠢ ᠪᠠᠷᠤᠭ ᠵᠢᠷᠭᠤᠭᠠᠨ ᠳᠤᠬᠤᠢ᠃ | ᠬᠤᠳᠠᠷᠭ᠎ᠠ ᠪᠠᠨ ᠭᠤᠷᠪᠠᠨ ᠡᠯᠬᠦᠬᠦᠷ ᠢᠶᠠᠷ ᠡᠯᠬᠦᠳᠡᠭ᠃ ᠵᠦᠬᠡᠯᠡᠨ ᠰᠤᠷ ᠪᠤᠶᠤ ᠤᠡᠭᠭᠠᠰᠤᠨ ᠤᠳᠠᠰᠤ ᠪᠠᠷ | ᠠᠳᠠᠯᠢ ᠬᠠᠵᠠᠭᠤᠳᠤ ᠭᠤᠷᠪᠠᠯᠵᠢᠨ ᠪᠤᠶᠤ ᠳᠤᠭᠤᠷᠢᠭ ᠭᠠᠷᠬ᠎ᠠ ᠠᠴᠠ ᠭᠤᠷᠪᠠᠨ ᠳᠡᠰᠢ ᠬᠠᠨᠳᠤᠭᠰᠠᠨ ᠤᠭᠤᠰᠤᠷ | ᠤᠨᠵᠢᠭᠤᠯᠵᠤ᠂ ᠬᠤᠶᠠᠷ ᠤᠭᠤᠰᠤᠷ ᠢ ᠮᠤᠷᠢᠨ ᠤ ᠵᠦᠪ ᠪᠤᠷᠤᠭᠤ ᠬᠤᠨᠳᠤᠯᠠᠢ ᠳᠡᠭᠡᠬᠦᠷ ᠳᠤᠷᠤᠭᠰᠢ ᠪᠠᠭᠤᠯᠭᠠᠨ | ᠬᠤᠳᠠᠷᠭ᠎ᠠ ᠶᠢ ᠳᠤᠰ ᠳᠤᠰ ᠡᠯᠬᠦᠨ᠎ᠠ᠃ ᠨᠦᠬᠦᠬᠡ ᠳᠤᠳᠤᠭᠰᠢ ᠬᠠᠨᠳᠤᠭᠰᠠᠨ ᠤᠭᠤᠰᠤᠷ ᠢ ᠡᠮᠡᠭᠡᠯ ᠤᠨ ᠠᠷᠤ | ᠬᠦᠬᠦᠷᠬᠡ ᠶᠢᠨ ᠳᠤᠤᠷ᠎ᠠ ᠬᠠᠪᠢ ᠠᠴᠠ ᠬᠤᠯᠪᠤᠨ᠎ᠠ᠃ ᠡᠬᠦᠨ ᠢ ᠡᠮᠡᠬᠡᠯ ᠤᠨ ᠪᠤᠶᠤ ᠬᠤᠳᠠᠷᠭ᠎ᠠ ᠶᠢᠨ ᠭᠤᠷᠪᠠᠯᠵᠢᠨ | ᠡᠯᠬᠦᠬᠦᠷ ᠭᠡᠳᠡᠭ᠃ ᠭᠤᠷᠪᠠᠯᠵᠢᠨ ᠡᠯᠬᠦᠬᠦᠷ ᠳᠡᠬᠡᠷ᠎ᠠ ᠮᠥᠨ ᠶᠠᠩᠵᠤ ᠪᠦᠷᠢ ᠶᠢᠨ ᠵᠠᠰᠠᠯ ᠴᠢᠮᠡᠭ ᠵᠡᠬᠦᠯᠬᠡᠨ ᠬᠠᠳᠠᠳᠠᠭ᠃ | | ᠭᠤᠷᠪᠠᠯᠵᠢᠨ ᠡᠯᠬᠦᠬᠦᠷ ᠳᠠᠭᠠᠷᠠᠭᠤᠯᠬᠤ ᠨᠢ ᠳᠠᠷᠤᠢ ᠬᠤᠳᠠᠷᠭ᠎ᠠ ᠶᠢᠨ ᠳᠤᠷᠤᠭᠰᠢ ᠤᠨᠵᠢᠵᠦ᠂ ᠮᠤᠷᠢᠨ ᠤ ᠬᠦᠯ ᠢ | ᠳᠤᠷᠭᠤᠬᠤ ᠪᠤᠶᠤ ᠱᠦᠷᠬᠦᠬᠡᠵᠦ ᠬᠤᠯᠭᠤᠬᠤ ᠠᠴᠠ ᠰᠡᠷᠭᠡᠶᠢᠯᠡᠵᠦ ᠪᠠᠶᠢᠭ᠎ᠠ ᠶᠠᠪᠤᠳᠠᠯ ᠪᠤᠯᠬᠤ ᠶᠤᠮ᠃ | ᠬᠤᠳᠠᠷᠭ᠎ᠠ ᠨᠢ ᠮᠦᠨᠴᠤ ᠬᠦᠯᠦᠭ ᠤᠨᠤᠭ᠎ᠠ ᠶᠢᠨ ᠵᠠᠰᠠᠯ ᠴᠢᠮᠡᠭ ᠢ ᠠᠷᠤᠨᠰᠢ ᠪᠦᠷᠢᠨᠰᠢᠬᠦᠯᠦᠭᠰᠡᠨ ᠳᠡᠩᠴᠡᠬᠦᠷᠢ | ᠵᠠᠰᠠᠯ ᠮᠦᠷᠳᠡᠭᠡᠨ ᠬᠦᠯᠦᠭᠴᠢᠨ ᠤᠨᠤᠭᠠᠴᠢᠨ ᠤ ᠰᠦᠷ ᠵᠢᠪᠬᠤᠭ᠎ᠠ ᠪᠠᠶᠢᠭ᠎ᠠ ᠶᠤᠮ᠃ | ᠴᠢᠳᠤᠷ —— ᠮᠤᠷᠢᠨ ᠤ ᠬᠤᠶᠠᠷ ᠬᠠ᠂ ᠨᠢᠬᠡ ᠭᠤᠶ᠎ᠠ ᠶᠢ ᠳᠤᠷᠭᠤᠳᠠᠭ ᠳᠤᠰᠬᠠᠢ ᠵᠤᠬᠢᠶᠠᠭᠰᠠᠨ | ᠬᠡᠯᠬᠢᠶᠡᠰᠤ ᠳᠡᠭᠡᠰᠤ ᠶᠢ ᠴᠢᠳᠤᠷ ᠬᠡᠨ᠎ᠠ᠃ ᠴᠢᠳᠤᠷ ᠢ ᠰᠤᠷ᠂ ᠬᠢᠯᠭᠠᠰᠤ᠂ ᠳᠡᠮᠤᠷ ᠭᠠᠷᠬ᠎ᠠ ᠪᠠᠷ ᠬᠢᠳᠡᠭ᠃ | ᠶᠠᠪᠤᠭᠤᠷᠢ ᠴᠢᠳᠤᠷ ᠢ ᠳᠡᠬᠡᠰᠤ ᠪᠠᠷ ᠬᠢᠨ᠎ᠠ᠃ | ᠴᠢᠳᠤᠷ ᠨᠢ ᠠᠯᠠᠭ᠎ᠠ᠂ ᠬᠦᠬᠦ᠂ ᠰᠤᠮᠤ ᠭᠤᠷᠪᠠ ᠪᠠᠷ ᠪᠦᠳᠦᠳᠡᠭ᠃ ᠮᠤᠷᠢᠨ ᠤ ᠬᠦᠯ ᠢ ᠤᠷᠢᠶᠠᠭᠰᠠᠨ ᠴᠢᠬᠳᠠ | ᠲᠠᠢ ᠬᠠᠪᠳᠠᠭᠠᠢ ᠰᠤᠷ ᠢ ᠠᠯᠠᠭ᠎ᠠ ᠭᠡᠵᠤ᠂ ᠠᠯᠠᠭ᠎ᠠ ᠶᠢᠨ ᠴᠢᠬᠳᠠ ᠶᠢ ᠤᠷᠬᠠᠯᠠᠵᠤ ᠳᠡᠪᠡᠬᠡᠯᠡᠬᠦ ᠭᠤᠭᠴᠤᠭ᠎ᠠ ᠰᠤᠷ ᠢ | ᠬᠦᠬᠦ ᠬᠡᠨ᠎ᠠ᠃ ᠬᠤᠶᠠᠷ ᠠᠯᠠᠭ᠎ᠠ ᠠᠴᠠ ᠪᠠᠨ ᠰᠤᠮᠤᠨ ᠤ ᠳᠤᠯᠤᠭᠠᠢ ᠬᠦᠷᠬᠦ ᠵᠠᠢ ᠶᠢᠨ ᠭᠡᠯᠬᠢᠶᠡᠰᠤ ᠶᠢ ᠴᠢᠳᠤᠷ ᠤᠨ | ᠬᠠ ᠭᠡᠵᠤ᠂ ᠬᠤᠶᠠᠷ ᠬᠠ ᠶᠢ ᠨᠡᠶᠢᠯᠡᠬᠦᠯᠦᠭᠰᠡᠨ ᠵᠠᠩᠬᠢᠶᠠᠰᠤ ᠶᠢ ᠴᠢᠳᠤᠷ ᠤᠨ ᠳᠤᠯᠤᠭᠠᠢ ᠬᠡᠨ᠎ᠠ᠃ ᠴᠢᠳᠤᠷ ᠤᠨ | ᠳᠤᠯᠤᠭᠠᠢ ᠠᠴᠠ ᠭᠤᠶ᠎ᠠ ᠶᠢᠨ ᠠᠯᠠᠭ᠎ᠠ ᠬᠦᠷᠬᠦ ᠬᠤᠶᠠᠷ ᠲᠦᠬᠡ ᠢᠯᠡᠬᠦᠦ ᠶᠢᠨ ᠮᠤᠰᠬᠢᠮᠠᠯ ᠰᠤᠷ ᠢ ᠴᠢᠳᠤᠷ ᠤᠨ | ᠰᠤᠮᠤ ᠭᠡᠳᠡᠭ᠃ ᠭᠤᠶ᠎ᠠ ᠶᠢᠨ ᠠᠯᠠᠭ᠎ᠠ ᠶᠢ ᠬᠠ ᠶᠢᠨ ᠠᠯᠠᠭ᠎ᠠ ᠲᠠᠢ ᠠᠳᠠᠯᠢ ᠵᠤᠬᠢᠶᠠᠳᠠᠭ᠃ ᠴᠢᠳᠤᠷ ᠤᠨ ᠭᠤᠷᠪᠠᠨ | ᠠᠯᠠᠭ᠎ᠠ ᠶᠢ ᠴᠦᠮ ᠵᠦᠪᠳᠠᠢ ᠳᠠᠯ᠎ᠠ ᠠᠴᠠ ᠳᠡᠪᠡᠬᠡᠯᠡᠬᠦ ᠪᠠᠷ ᠬᠦᠬᠦ ᠶᠢ ᠨᠢ ᠨᠠᠭᠠᠨ᠎ᠠ ᠳᠠᠯ᠎ᠠ ᠳᠤ ᠨᠢ ᠭᠠᠷᠭᠠᠳᠠᠭ᠃ | ᠤᠴᠢᠷ ᠨᠢ ᠠᠭᠠᠰᠢ ᠠᠪᠵᠢᠭ ᠲᠠᠢ ᠮᠤᠷᠢᠨ ᠤ ᠪᠤᠷᠤᠭᠤᠳᠠᠢ ᠳᠠᠯ᠎ᠠ ᠳᠤ ᠭᠠᠷᠴᠤ ᠴᠢᠳᠦᠷᠯᠡᠵᠦ ᠳᠡᠶᠢᠯᠬᠦ ᠦᠭᠡᠢ | ᠪᠠᠶᠢᠳᠠᠭ᠃ | ᠴᠢᠳᠤᠷ ᠤᠨ ᠬᠢᠴᠡ ᠪᠦᠳᠦᠴᠡ᠂ ᠭᠡᠯᠪᠡᠷᠢ ᠲᠦᠷᠰᠦ ᠪᠠᠷ ᠨᠢ ᠰᠤᠷ ᠴᠢᠳᠤᠷ᠂ ᠬᠢᠯᠭᠠᠰᠤᠨ ᠴᠢᠳᠤᠷ᠂ ᠳᠡᠮᠤᠷ | ᠴᠢᠳᠤᠷ᠂ ᠭᠤᠷᠮᠤᠰᠤᠨ ᠰᠤᠮᠤᠨ ᠴᠢᠳᠤᠷ᠂ ᠰᠦᠯᠵᠢᠮᠡᠯ ᠰᠤᠮᠤᠨ ᠴᠢᠳᠤᠷ᠂ ᠬᠠᠪᠳᠠᠭᠠᠢ ᠰᠤᠮᠤᠨ ᠴᠢᠳᠤᠷ᠂ ᠤᠶᠤᠮᠠᠯ | ᠰᠤᠮᠤᠨ ᠴᠢᠳᠤᠷ᠂ ᠳᠠᠪᠬᠤᠷ ᠰᠤᠮᠤᠨ ᠴᠢᠳᠤᠷ ᠁ ᠭᠡᠬᠦ ᠮᠡᠳᠤ ᠪᠠᠷ ᠨᠡᠷᠡᠯᠡᠨ ᠬᠡᠯᠡᠳᠡᠭ ᠪᠦᠬᠡᠳ ᠬᠢᠵᠦ | ᠦᠢᠯᠡᠳᠦᠳᠡᠭ᠃ | ᠤᠤᠯ ᠳᠤ ᠪᠠᠨ ᠰᠤᠷ ᠴᠢᠳᠤᠷ ᠢ ᠭᠤᠷᠪᠠᠨ ᠭᠡᠰᠡᠭ ᠰᠤᠷ ᠢᠶᠠᠷ ᠮᠤᠰᠬᠢᠨ ᠵᠠᠩᠭᠢᠳᠴᠤ ᠭᠠᠷᠭᠠᠵᠤ ᠪᠠᠶᠢᠪᠠ᠂ 25 | ᠲᠦᠬᠡ ᠤᠷᠳᠤ ᠰᠤᠷ ᠬᠡᠷᠡᠭᠯᠡᠳᠡᠭ ᠭᠡᠳᠡᠭ᠃ ᠰᠡᠬᠦᠯᠳᠡᠵᠦ ᠢᠷᠡᠭᠡᠳ ᠰᠤᠮᠤᠨ ᠤ ᠳᠤᠯᠤᠭᠠᠢ ᠳᠤ ᠪᠠᠨ ᠪᠢᠳᠡᠬᠦᠦ | ᠳᠤᠮᠤ ᠭᠠᠷᠬ᠎ᠠ ᠭᠢᠵᠦ᠂ ᠳᠤᠰ ᠭᠠᠷᠬ᠎ᠠ ᠠᠴᠠ ᠪᠠᠨ ᠬᠤᠶᠠᠷ ᠪᠢᠳᠡᠬᠦᠦ ᠭᠠᠷᠬ᠎ᠠ ᠵᠠᠯᠭᠠᠵᠤ᠂ ᠬᠤᠶᠠᠷ ᠬᠠ ᠶᠢᠨ | ᠠᠯᠠᠭ᠎ᠠ ᠶᠢ ᠳᠠᠭᠠᠷᠠᠭᠤᠯᠳᠠᠭ᠃ ᠳᠤᠮᠤ ᠭᠠᠷᠬ᠎ᠠ ᠪᠠᠨ ᠰᠤᠮᠤᠨ ᠤ ᠳᠤᠯᠤᠭᠠᠢ ᠭᠡᠵᠤ᠂ ᠰᠤᠮᠤᠨ ᠤ ᠳᠤᠯᠤᠭᠠᠢ ᠠᠴᠠ | ᠪᠠᠨ ᠭᠤᠶ᠎ᠠ ᠶᠢᠨ ᠠᠯᠠᠭ᠎ᠠ ᠶᠢᠨ ᠭᠠᠷᠬ᠎ᠠ ᠬᠦᠷᠳᠡᠯ᠎ᠠ ᠴᠦᠮ ᠳᠡᠮᠤᠷ ᠭᠠᠷᠬ᠎ᠠ ᠪᠠᠷ ᠰᠤᠮᠤ ᠬᠢᠬᠦ ᠪᠤᠯᠪᠠ᠃ ᠳᠡᠷᠡ ᠨᠢ | ᠪᠤᠷᠤᠭᠠᠨ ᠴᠢᠬᠢᠭ ᠲᠤ ᠠᠮᠠᠷᠬᠠᠨ ᠦᠵᠢᠷᠡᠬᠦ ᠦᠭᠡᠢ ᠪᠤᠯᠤᠭᠰᠠᠨ ᠪᠦᠭᠡᠳ ᠬᠠᠷᠠᠩᠭᠤᠢ ᠰᠦᠨᠢ ᠪᠠᠷ ᠴᠢᠳᠤᠷ ᠲᠠᠢ | ᠮᠤᠷᠢ ᠪᠠᠨ ᠴᠢᠳᠤᠷ ᠤᠨ ᠳᠠᠭᠤ ᠪᠠᠷ ᠨᠢ ᠡᠷᠢᠬᠡᠳ ᠤᠯᠴᠢᠬᠠᠳᠠᠭ ᠵᠡᠷᠭᠡ ᠰᠠᠶᠢᠨ ᠳᠠᠯ᠎ᠠ ᠲᠠᠢ ᠶᠤᠮ᠃ | ᠤᠳᠤᠬᠠᠨ ᠪᠤᠯᠵᠤ ᠢᠷᠡᠭᠡᠳ ᠴᠢᠳᠤᠷ ᠢ ᠴᠦᠮ ᠰᠤᠮᠤᠨ ᠤ ᠬᠢᠨᠢ ᠪᠦᠳᠦᠴᠡ ᠪᠠᠷ ᠶᠠᠭᠤ ᠪᠠᠷ ᠬᠢᠭᠰᠡᠨ ᠪᠤᠯ | ᠶᠠᠮᠠᠷ ᠴᠢᠳᠤᠷ ᠭᠡᠵᠤ ᠬᠡᠯᠡᠬᠦ ᠪᠤᠯᠵᠠᠢ᠃ | ᠴᠢᠳᠤᠷ ᠢ ᠬᠢᠬᠦ ᠳᠤ ᠤᠯᠠᠮᠵᠢᠯᠠᠯᠳᠤ ᠶᠤᠰᠤ ᠵᠢᠷᠤᠮ ᠲᠠᠢ ᠳᠤᠯᠠ ᠬᠦᠮᠦᠰ ᠶᠡᠷᠤ ᠠᠴᠠ ᠬᠠᠰᠢ ᠶᠠᠰᠢ ᠪᠠᠷ ᠬᠢᠳᠡᠭ | ᠦᠭᠡᠢ᠃ ᠮᠦᠨᠴᠤ ᠳᠡᠭᠡᠰᠤ ᠪᠤᠯᠭᠠᠨ ᠢᠶᠠᠷ ᠮᠤᠷᠢ ᠪᠠᠨ ᠴᠢᠳᠦᠷᠯᠡᠳᠡᠭ ᠦᠭᠡᠢ᠃ ᠮᠤᠷᠢᠨ ᠤ ᠬᠡᠢ ᠮᠤᠷᠢ ᠬᠡᠪᠳᠡᠵᠦ | ᠤᠷᠤᠭᠤᠳᠠᠨ᠎ᠠ ᠭᠡᠳᠡᠭ᠃ ᠴᠢᠳᠤᠷ ᠢ ᠬᠡᠷᠡᠭᠯᠡᠬᠦ ᠦᠭᠡᠢ ᠦᠶ᠎ᠠ ᠳᠤ ᠡᠮᠡᠬᠡᠯ ᠤᠨ ᠢᠶᠠᠨ ᠵᠦᠪ ᠳᠠᠯ᠎ᠠ ᠶᠢᠨ ᠬᠤᠶᠢᠳᠤ | ᠭᠠᠨᠵᠤᠭ᠎ᠠ ᠳᠡᠬᠡᠷ᠎ᠠ ᠰᠤᠮᠤᠨ ᠤ ᠬᠢᠨᠢ ᠳᠤᠯᠤᠭᠠᠢ ᠠᠴᠠ ᠤᠶᠠᠨ᠎ᠠ᠃ ᠪᠠᠶᠢᠰᠢᠩ ᠬᠡᠷ᠂ ᠢᠯᠡᠬᠦᠦ ᠬᠡᠷ ᠤᠨ ᠢᠶᠠᠨ | ᠬᠠᠨ᠎ᠠ ᠶᠢᠨ ᠬᠠᠳᠠᠭᠠᠰᠤ ᠠᠴᠠ ᠡᠯᠬᠦᠵᠦ ᠬᠠᠳᠠᠭᠠᠯᠠᠨ᠎ᠠ᠃ | ᠳᠤᠱᠠ —— ᠮᠤᠷᠢᠨ ᠤ ᠬᠤᠶᠠᠷ ᠬᠠ ᠶᠢ ᠬᠤᠯᠪᠤᠨ ᠤᠶᠠᠭᠰᠠᠨ ᠳᠤᠷᠭᠤᠭᠠᠯ ᠢ ᠳᠤᠱᠠ ᠬᠡᠨ᠎ᠠ᠃ ᠳᠠᠷᠤᠢ | ᠴᠢᠳᠤᠷ ᠤᠨ ᠰᠤᠮᠤᠨ ᠳᠤᠯᠤᠭᠠᠢ ᠠᠴᠠ ᠡᠮᠤᠨᠡᠬᠢ ᠬᠤᠶᠠᠷ ᠠᠯᠠᠭ᠎ᠠ ᠲᠠᠢ ᠬᠡᠰᠡᠭ ᠢ ᠳᠤᠱᠠ ᠭᠡᠳᠡᠭ ᠶᠤᠮ᠃ | ᠳᠤᠱᠠ ᠶᠢᠨ ᠠᠯᠠᠭ᠎ᠠ ᠶᠢ ᠮᠥᠨ ᠴᠢᠳᠤᠷ ᠤᠨ ᠠᠯᠠᠭ᠎ᠠ ᠲᠠᠢ ᠨᠢᠬᠡ ᠯᠠ ᠠᠳᠠᠯᠢ ᠳᠠᠭᠠᠷᠠᠭᠤᠯᠵᠤ᠂ ᠮᠤᠷᠢᠨ ᠤ | ᠬᠦᠯ ᠢ ᠳᠤᠱᠠᠬᠤ ᠦᠶ᠎ᠠ ᠳᠤ ᠮᠥᠨ ᠵᠦᠪ ᠳᠠᠯ᠎ᠠ ᠠᠴᠠ ᠨᠢ ᠳᠤᠷᠭᠤᠬᠤ ᠶᠠᠩᠵᠤ ᠪᠠᠷ ᠬᠦᠬᠦ ᠶᠢ ᠨᠢ ᠨᠠᠭᠠᠨ᠎ᠠ ᠳᠠᠯ᠎ᠠ | ᠳᠤ ᠨᠢ ᠭᠠᠷᠭᠠᠵᠤ᠂ ᠠᠯᠠᠭ᠎ᠠ ᠶᠢ ᠤᠷᠢᠳᠠᠭᠤᠷ ᠨᠢ ᠨᠠᠭᠠᠰᠢ ᠬᠤᠮᠢᠵᠦ ᠳᠤᠱᠠᠨᠠ᠃ | ᠳᠤᠱᠠ ᠶᠢ ᠰᠤᠷ᠂ ᠬᠢᠯᠭᠠᠰᠤ᠂ ᠳᠡᠮᠤᠷ ᠢᠶᠠᠷ ᠬᠤᠯᠪᠤᠭᠠᠰᠤ ᠶᠢ ᠨᠢ ᠵᠤᠬᠢᠴᠠᠭᠤᠯᠵᠤ ᠬᠢᠳᠡᠭ᠃ ᠳᠤᠮᠳᠠ | ᠬᠤᠯᠪᠤᠭᠠᠰᠤ ᠶᠢ ᠨᠢᠬᠡ ᠲᠦᠬᠡ ᠠᠴᠠ ᠤᠷᠳᠤ ᠬᠢᠳᠡᠭ ᠦᠭᠡᠢ᠂ ᠭᠡᠳᠤᠷᠬᠡᠢ ᠤᠷᠳᠤ ᠬᠢᠪᠡᠯ ᠮᠤᠷᠢᠨ ᠤ ᠬᠦᠯ ᠢ | ᠱᠦᠷᠬᠦᠬᠡᠵᠦ ᠦᠰᠦ ᠨᠢ ᠵᠤᠯᠭᠠᠷᠠᠬᠤ ᠪᠦᠬᠡᠳ ᠠᠮᠠᠷᠬᠠᠨ ᠰᠢᠷᠬ᠎ᠠ ᠤᠯᠳᠠᠭ᠃ | ᠦᠷᠦᠬᠡᠯ —— ᠮᠤᠷᠢᠨ ᠤ ᠳᠠᠯ᠎ᠠ ᠪᠡᠶ᠎ᠠ ᠶᠢᠨ ᠬᠠ ᠭᠤᠶ᠎ᠠ ᠶᠢ ᠬᠤᠯᠪᠤᠵᠤ ᠤᠶᠠᠬᠤ ᠳᠤᠷᠭᠤᠭᠠᠯ ᠳᠡᠬᠡᠰᠤ | ᠶᠢ ᠦᠷᠦᠬᠡᠯ ᠬᠡᠨ᠎ᠠ᠃ | ᠦᠷᠦᠬᠡᠯ ᠨᠢ ᠴᠢᠳᠤᠷ ᠤᠨ ᠨᠢᠬᠡ ᠬᠠ ᠶᠢᠨ ᠠᠯᠠᠭ᠎ᠠ ᠶᠢ ᠠᠪᠴᠤ ᠬᠠᠶᠠᠭᠰᠠᠨ ᠲᠠᠢ ᠨᠢᠬᠡ ᠯᠠ ᠠᠳᠠᠯᠢ ᠪᠠᠶᠢᠳᠠᠭ | ᠃ ᠦᠷᠦᠭᠡᠯ ᠢ ᠮᠥᠨ ᠴᠢᠳᠤᠷ ᠬᠢᠬᠦ ᠲᠠᠢ ᠨᠢᠬᠡ ᠯᠠ ᠠᠳᠠᠯᠢ ᠭᠢᠳᠡᠭ᠃ ᠠᠯᠠᠭ᠎ᠠ ᠶᠢ ᠨᠢ ᠳᠡᠪᠡᠭᠡᠯᠡᠬᠦ ᠨᠢ ᠴᠦ ᠨᠢᠬᠡ | ᠯᠠ ᠠᠳᠠᠯᠢ᠃ | ᠬᠦᠮᠦᠰ ᠶᠡᠷᠤ ᠠᠴᠠ ᠠᠭᠠᠰᠢ ᠲᠠᠢ ᠮᠤᠷᠢ ᠶᠢ ᠴᠢᠳᠤᠷᠯᠠᠵᠤ᠂ ᠨᠤᠮᠤᠬᠠᠨ ᠮᠤᠷᠢ ᠶᠢ ᠦᠷᠦᠬᠡᠯᠡᠳᠡᠭ᠃ ᠳᠡᠶᠢᠮᠤ | ᠠᠴᠠ ᠵᠦᠪᠳᠠᠢ ᠳᠠᠯ᠎ᠠ ᠶᠢ ᠨᠢ ᠦᠷᠦᠬᠡᠯᠳᠤᠪᠠᠯ ᠦᠷᠦᠬᠡᠯ ᠤᠨ ᠢᠶᠠᠨ ᠠᠯᠠᠭ᠎ᠠ ᠶᠢ ᠬᠠ ᠭᠤᠶ᠎ᠠ ᠶᠢᠨ ᠢᠶᠠᠨ ᠴᠠᠭᠠᠨ᠎ᠠ | ᠳᠠᠯ᠎ᠠ ᠠᠴᠠ ᠨᠢ ᠨᠠᠰᠢ ᠤᠷᠢᠶᠠᠨ ᠠᠪᠴᠢᠷᠠᠵᠤ᠂ ᠨᠠᠭᠠᠨᠠᠬᠢ ᠬᠦᠬᠦ ᠳᠤ ᠪᠠᠨ ᠳᠤᠪᠴᠢᠯᠠᠨ᠎ᠠ᠃ ᠪᠤᠷᠤᠭᠤᠳᠠᠢ ᠳᠠᠯ᠎ᠠ | ᠠᠴᠠ ᠨᠢ ᠦᠷᠦᠬᠡᠯᠳᠦᠪᠡᠯ ᠦᠷᠦᠬᠡᠯ ᠢᠶᠠᠨ ᠪᠤᠷᠤᠭᠤᠰᠢ ᠪᠠᠨ ᠬᠠᠨᠳᠤᠭᠤᠯᠵᠤ ᠳᠡᠪᠡᠬᠡᠯᠡᠨᠠ᠃ | ᠬᠤᠷᠴᠢᠨ ᠮᠤᠩᠭᠤᠯᠴᠤᠳ ᠮᠤᠷᠢᠨ ᠤ ᠪᠠᠨ ᠵᠦᠪ ᠪᠤᠷᠤᠭᠤ ᠳᠠᠯ᠎ᠠ ᠶᠢᠨ ᠬᠠ ᠭᠤᠶ᠎ᠠ ᠶᠢ ᠶᠡᠷᠤ ᠠᠴᠠ | ᠰᠤᠯᠢᠪᠴᠢᠭᠤᠯᠵᠤ ᠦᠷᠦᠬᠡᠯᠳᠦᠬᠦ ᠶᠢ ᠴᠡᠬᠡᠷᠯᠡᠳᠡᠭ᠃ ᠮᠤᠷᠢᠨ ᠤ ᠨᠦᠬᠦᠬᠡ ᠬᠦᠯ ᠭᠤᠬᠠᠳᠠᠭᠳᠠᠵᠤ ᠠᠳᠡᠬᠦ ᠳᠠᠩᠭᠠᠷᠢᠭ | ᠲᠠᠢ ᠬᠡᠳᠡᠭ᠃ | ᠦᠷᠦᠬᠡᠯ ᠢ ᠬᠡᠷᠡᠭᠯᠡᠬᠦ ᠦᠭᠡᠢ ᠦᠶ᠎ᠠ ᠬᠠᠮᠢᠶ᠎ᠠ ᠨᠠᠮᠢᠶ᠎ᠠ ᠦᠭᠡᠢ ᠭᠠᠵᠠᠷ ᠳᠤᠷ᠎ᠠ ᠪᠠᠷ ᠬᠠᠶᠠᠳᠠᠭ ᠦᠭᠡᠢ᠃ ᠮᠥᠨ | ᠴᠢᠳᠤᠷ ᠲᠠᠢ ᠠᠳᠠᠯᠢ ᠬᠤᠷᠢᠶᠠᠳᠠᠭ᠃ | ᠮᠢᠯᠠᠭ᠎ᠠ —— ᠮᠤᠷᠢᠴᠢᠨ ᠤᠨᠤᠭᠠᠴᠢᠨ ᠬᠦᠮᠦᠨ ᠤ ᠬᠡᠷᠡᠭᠯᠡᠳᠡᠭ ᠤᠬᠤᠷ ᠪᠠᠷᠢᠶ᠎ᠠ ᠲᠠᠢ ᠰᠤᠷ ᠳᠠᠰᠢᠭᠤᠷ ᠢ | ᠮᠢᠯᠠᠭ᠎ᠠ ᠭᠡᠳᠡᠭ᠃ | ᠬᠤᠷᠴᠢᠨ ᠤ ᠬᠦᠮᠦᠰ ᠶᠡᠷᠤ ᠳᠤ ᠪᠠᠨ ᠮᠤᠷᠢᠨ ᠳᠠᠰᠢᠭᠤᠷ ᠭᠡᠳᠡᠭ ᠦᠭᠡᠢ᠂ ᠴᠦᠮ ᠮᠢᠯᠠᠭ᠎ᠠ ᠭᠡᠳᠡᠭ᠃ ᠬᠦᠯᠦᠭ | ᠤᠨᠤᠭ᠎ᠠ ᠳᠤ ᠮᠤᠷᠳᠠᠬᠤ ᠦᠶ᠎ᠠ ᠳᠤ ᠶᠡᠷᠤ ᠨᠢ ᠪᠠᠷᠢᠶ᠎ᠠ ᠶᠢᠨ ᠳᠡᠬᠡᠷ᠎ᠠ ᠭᠡᠰᠡᠭ ᠲᠤ ᠨᠦᠬᠡᠯᠡᠨ ᠰᠢᠷᠭᠤᠭᠤᠯᠵᠤ | ᠤᠶᠠᠭᠰᠠᠨ ᠪᠢᠳᠡᠬᠦᠦ ᠭᠤᠭᠴᠤᠭ᠎ᠠ ᠳᠤ ᠪᠠᠷᠠᠭᠤᠨ ᠭᠠᠷ ᠢᠶᠠᠨ ᠬᠢᠵᠦ ᠪᠠᠭᠤᠪᠴᠢᠯᠠᠭᠠᠳ ᠮᠢᠯᠠᠭ᠎ᠠ ᠪᠠᠨ ᠳᠡᠬᠦᠵᠢᠯᠡᠳᠡᠭ᠃ | ᠳᠡᠷᠡᠬᠦ ᠪᠠᠷᠢᠶ᠎ᠠ ᠶᠢᠨ ᠪᠢᠳᠡᠬᠦᠦ ᠭᠤᠭᠴᠤᠭ᠎ᠠ ᠶᠢ ᠮᠢᠯᠠᠭ᠎ᠠ ᠶᠢᠨ ᠰᠡᠭᠡᠯᠳᠦᠷᠬᠡ ᠭᠡᠳᠡᠭ᠃ | ᠮᠢᠯᠠᠭ᠎ᠠ ᠶᠢᠨ ᠪᠠᠷᠢᠶ᠎ᠠ ᠶᠢᠨ ᠳᠡᠩᠰᠡ ᠮᠤᠳᠤ ᠶᠢ ᠮᠢᠯᠠᠭ᠎ᠠ ᠶᠢᠨ ᠡᠰᠢ ᠭᠡᠳᠡᠭ᠃ ᠮᠢᠯᠠᠭ᠎ᠠ ᠶᠢᠨ ᠰᠡᠬᠡᠯᠳᠦᠷᠬᠡ ᠶᠢᠨ | ᠨᠦᠬᠡ ᠠᠴᠠ ᠳᠤᠷᠤᠭᠰᠢ ᠨᠢᠬᠡ ᠠᠳᠬᠤᠭᠤᠷ ᠤᠨ ᠵᠠᠢ ᠦᠯᠡᠳᠡᠭᠡᠭᠡᠳ ᠰᠢᠷᠢ ᠪᠤᠶᠤ ᠰᠤᠷ ᠢᠶᠠᠷ ᠬᠤᠶᠠᠷ ᠵᠡᠷᠭᠡᠴᠡᠭᠡ | ᠤᠷᠢᠶᠠᠮᠠᠭ ᠬᠦᠷᠦᠨ᠎ᠠ᠃ ᠳᠡᠬᠦᠨ ᠢ ᠮᠢᠯᠠᠭ᠎ᠠ ᠶᠢᠨ ᠳᠠᠪᠬᠤᠷ ᠪᠦᠬᠡᠵᠢ ᠭᠡᠳᠡᠭ᠃ ᠳᠠᠪᠬᠤᠷ ᠪᠦᠬᠡᠵᠢ ᠠᠴᠠ ᠪᠠᠨ | ᠳᠤᠤᠷ᠎ᠠ ᠮᠢᠯᠠᠭ᠎ᠠ ᠶᠢᠨ ᠡᠰᠢ ᠶᠢ ᠬᠦᠨᠳᠡᠯᠡᠨ ᠬᠡᠳᠤ ᠴᠤᠭᠤᠯᠵᠤ᠂ ᠨᠠᠷᠢᠨ ᠵᠦᠰᠦᠭᠰᠡᠨ ᠰᠤᠷ ᠢ ᠰᠢᠷᠭᠤᠭᠤᠯᠤᠨ | ᠭᠠᠷᠭᠠᠵᠤ᠂ ᠳᠤᠷᠤᠭᠰᠢ ᠤᠷᠢᠶᠠᠵᠤ ᠨᠢᠬᠡ ᠳᠠᠯ᠎ᠠ ᠳᠤ ᠨᠢ ᠪᠠᠬᠢᠯᠡᠨ ᠬᠦᠷᠦᠬᠡᠳ ᠲᠦᠷᠪᠡᠨ ᠬᠤᠷᠤᠭᠤ ᠶᠠᠪᠤᠭᠰᠠᠨ ᠤ | ᠳᠠᠷᠠᠭ᠎ᠠ ᠪᠠᠬᠢᠯᠡᠨ ᠬᠦᠷᠦᠭᠰᠡᠨ ᠳᠠᠯ᠎ᠠ ᠳᠤ ᠰᠠᠴᠢᠭ ᠦᠯᠡᠳᠡᠭᠡᠨ ᠪᠠᠰᠠ ᠬᠤᠶᠠᠷ ᠪᠦᠬᠡᠵᠢ ᠤᠷᠢᠶᠠᠨ ᠪᠠᠬᠢᠯᠡᠨᠠ᠃ | ᠳᠡᠬᠦᠨ ᠠᠴᠠ ᠪᠠᠨ ᠳᠤᠷᠤᠭᠰᠢ ᠰᠤᠷ ᠭᠤᠤᠯ ᠢ ᠨᠢᠬᠡ ᠬᠤᠷᠤᠭᠤ ᠪᠠᠷ ᠬᠢᠵᠦ᠂ ᠭᠠᠳᠠᠭᠤᠷ ᠨᠢ ᠨᠠᠷᠢᠨ ᠵᠦᠰᠦᠮᠡᠯ | ᠰᠤᠷ ᠢᠶᠠᠷ ᠢᠶᠠᠨ ᠲᠦᠷᠪᠡᠨ ᠳᠠᠯ᠎ᠠ ᠲᠠᠢ ᠪᠤᠶᠤ ᠮᠤᠭᠠᠢ ᠶᠢᠨ ᠡᠯᠢᠬᠡ ᠲᠠᠢ ᠳᠠᠰᠢᠭᠤᠷ ᠢ ᠰᠦᠯᠵᠢᠨ ᠬᠦᠷᠦᠨ᠎ᠠ᠃ ᠨᠢᠬᠡ | ᠳᠤᠬᠤᠢ ᠤᠷᠳᠤ ᠦᠵᠦᠬᠦᠷ ᠵᠦᠭ ᠢᠶᠠᠨ ᠨᠠᠷᠢᠰᠬᠠᠨ ᠬᠦᠷᠦᠬᠡᠳ᠂ ᠦᠵᠦᠬᠦᠷ ᠳᠡᠬᠡᠷ᠎ᠠ ᠨᠢ ᠪᠦᠬᠡᠵᠢ ᠤᠷᠢᠶᠠᠨ | ᠵᠠᠩᠭᠢᠳᠤᠭᠠᠳ ᠭᠤᠷᠪᠠᠨ ᠬᠤᠷᠤᠭᠤ ᠶᠢᠨ ᠰᠠᠴᠢᠭ ᠦᠯᠡᠳᠡᠭᠡᠵᠦ ᠳᠠᠭᠤᠰᠬᠠᠨ᠎ᠠ᠃ | ᠡᠶᠢᠮᠤᠷᠬᠦ ᠬᠤᠷᠴᠢᠨ ᠮᠢᠯᠠᠭ᠎ᠠ ᠨᠢ ᠰᠡᠭᠡᠯᠳᠦᠷᠬᠡ᠂ ᠰᠡᠭᠡᠯᠳᠦᠷᠭᠡ ᠶᠢᠨ ᠨᠢᠳᠤᠨ ᠨᠦᠬᠡ᠂ ᠮᠢᠯᠠᠭ᠎ᠠ ᠶᠢᠨ ᠡᠰᠢ᠂ | ᠳᠠᠪᠬᠤᠷ ᠪᠦᠭᠡᠵᠢ᠂ ᠰᠦᠯᠵᠢᠶ᠎ᠠ ᠨᠢᠷᠤᠭᠤ᠂ ᠤᠷᠢᠶᠠᠯᠳᠠ ᠶᠢᠨ ᠰᠠᠴᠢᠭ᠂ ᠤᠷᠢᠶᠠᠮᠠᠭ ᠪᠦᠬᠡᠵᠢ᠂ ᠳᠠᠰᠢᠭᠤᠷ ᠪᠡᠶ᠎ᠠ᠂ | ᠦᠵᠦᠬᠦᠷ ᠪᠦᠬᠡᠵᠢ᠂ ᠦᠵᠦᠬᠦᠷ ᠰᠠᠴᠢᠭ ᠵᠡᠷᠭᠡ ᠪᠠᠷ ᠪᠦᠷᠢᠯᠳᠦᠳᠡᠭ᠃ | ᠮᠢᠯᠠᠭ᠎ᠠ ᠪᠤᠯ ᠬᠤᠷᠴᠢᠨ ᠤᠨᠤᠭᠠᠴᠢᠳ ᠤᠨ ᠬᠡᠢ ᠮᠤᠷᠢ ᠶᠢᠨ ᠳᠠᠯᠠᠯᠠᠭ᠎ᠠ᠂ ᠭᠡᠰᠢᠭ ᠪᠤᠶᠠᠨ ᠤ ᠬᠤᠷᠤᠢ ᠬᠡᠳᠡᠭ᠃ | ᠤᠨᠤᠭᠠᠴᠢᠨ ᠬᠦᠮᠦᠨ ᠳᠤ ᠮᠢᠯᠠᠭ᠎ᠠ ᠦᠭᠡᠢ ᠪᠤᠯ ᠤᠷᠭᠤᠭ᠎ᠠ ᠮᠤᠳᠤᠨ ᠳᠤ ᠨᠠᠮᠠᠭ᠎ᠠ ᠦᠭᠡᠢ ᠰᠢᠭ ᠭᠡᠵᠤ ᠬᠦᠮᠦᠰ | ᠬᠡᠯᠡᠳᠡᠭ᠃ | ᠤᠷᠭ᠎ᠠ —— ᠬᠤᠷᠴᠢᠨ ᠮᠤᠩᠭᠤᠯᠴᠤᠳ ᠤᠨ ᠠᠭᠳᠠ ᠬᠦᠯᠦᠭ ᠤᠨᠤᠭᠰᠠᠨ ᠠᠳᠤᠭᠤᠴᠢᠨ ᠮᠠᠯᠴᠢᠳ ᠤᠨ | ᠬᠡᠬᠡᠷ᠎ᠠ ᠠᠪᠴᠤ ᠶᠠᠪᠤᠳᠠᠭ ᠣᠷᠳᠤ ᠪᠢᠳᠡᠬᠦᠦ ᠳᠠᠰᠢᠭᠤᠷ ᠢ ᠤᠷᠭ᠎ᠠ ᠬᠡᠳᠡᠭ᠃ ᠬᠤᠶᠠᠷ ᠠᠴᠠ ᠭᠤᠷᠪᠠᠨ ᠵᠠᠯᠭᠠᠭ᠎ᠠ | ᠪᠦᠬᠦᠢ ᠪᠤᠷᠭᠠᠰᠤ ᠳᠠᠯᠳᠤᠨ ᠮᠤᠳᠤᠨ ᠤ ᠦᠵᠦᠬᠦᠷ ᠲᠤ ᠬᠤᠶᠢᠪᠢ ᠤᠶᠠᠵᠤ ᠠᠳᠤᠭᠤ ᠶᠢ ᠤᠷᠭᠠᠯᠠᠬᠤ ᠪᠤᠶᠤ | ᠳᠠᠭᠤᠬᠤ ᠳᠤ ᠬᠡᠷᠡᠭᠯᠡᠳᠡᠭ᠃ | ᠤᠷᠭ᠎ᠠ ᠶᠢᠨ ᠡᠰᠢ ᠨᠢ 3 —7 ᠠᠯᠳᠠ ᠦᠨᠳᠦᠷ ᠪᠠᠶᠢᠳᠠᠭ᠃ ᠤᠷᠭ᠎ᠠ ᠶᠢᠨ ᠡᠰᠢᠨ ᠤ ᠦᠵᠦᠬᠦᠷ ᠲᠠᠬᠢ | ᠪᠢᠳᠡᠬᠦᠦ ᠳᠠᠰᠢᠭᠤᠷ ᠢ ᠬᠤᠶᠢᠪᠢ ᠬᠡᠳᠡᠭ᠃ | ᠤᠷᠭ᠎ᠠ ᠪᠤᠯ ᠪᠦᠭᠰᠡ᠂ ᠴᠡᠭᠡᠵᠢ᠂ ᠬᠤᠶᠢᠪᠢ ᠵᠡᠷᠭᠡ ᠭᠤᠷᠪᠠᠨ ᠭᠡᠰᠡᠭ ᠢᠶᠠᠷ ᠪᠦᠷᠢᠯᠳᠦᠨ᠎ᠠ᠃ ᠤᠷᠭᠠᠨ ᠪᠦᠭᠰᠡ | ᠶᠢ ᠶᠡᠷᠤ ᠨᠢ ᠢᠳᠡ ᠰᠠᠶᠢᠳᠠᠢ ᠦᠨᠳᠦᠷ ᠪᠤᠷᠭᠠᠰᠤ ᠪᠠᠷ ᠭᠢᠪᠡᠯ ᠬᠦᠡᠭᠭᠡᠨ ᠰᠠᠶᠢᠬᠠᠨ ᠪᠠᠶᠢᠳᠠᠭ᠃ ᠤᠷᠭ᠎ᠠ ᠶᠢᠨ | ᠴᠡᠬᠡᠵᠢ ᠶᠢ ᠴᠠᠭᠠᠨ ᠪᠤᠷᠭᠠᠰᠤ ᠪᠠᠷ ᠬᠢᠪᠡᠯ ᠮᠥᠨ ᠨᠠᠮᠢᠯᠵᠠᠮᠠ ᠰᠠᠶᠢᠬᠠᠨ ᠪᠠᠶᠢᠳᠠᠭ᠃ | ᠠᠳᠤᠭᠤᠴᠢᠳ ᠶᠡᠷᠤ ᠠᠴᠠ ᠵᠠᠰᠠᠯ ᠪᠦᠷᠢᠳᠦᠭᠰᠡᠨ ᠬᠦᠯᠦᠭ ᠮᠤᠷᠢᠨ ᠳᠤ ᠪᠠᠨ ᠤᠷᠭ᠎ᠠ ᠶᠢᠨ ᠡᠰᠢ ᠶᠢ ᠳᠤᠯᠵᠤ | ᠮᠤᠷᠳᠠᠨ᠂ ᠴᠡᠬᠡᠵᠢ ᠶᠢ ᠨᠢ ᠳᠡᠭᠡᠭᠰᠢ ᠦᠨᠳᠡᠶᠢᠯᠬᠡᠨ ᠠᠪᠴᠤ ᠶᠠᠪᠤᠳᠠᠭ᠃ | ᠤᠷᠭ᠎ᠠ ᠪᠤᠯ ᠠᠳᠤᠭᠤᠴᠢᠨ ᠮᠠᠯᠴᠢᠨ᠂ ᠬᠦᠯᠦᠭ ᠤᠨᠤᠭᠠᠴᠢᠨ ᠤ ᠵᠠᠰᠠᠯ ᠵᠡᠮᠰᠡᠭ ᠰᠦᠷ ᠵᠢᠪᠬᠤᠭ᠎ᠠ ᠪᠠᠷ ᠪᠠᠷᠠᠬᠤ | ᠦᠭᠡᠢ᠂ ᠠᠳᠠᠭᠠᠳᠠᠨ ᠠᠷᠢᠶᠠᠳᠠᠨ ᠤ ᠰᠦᠰᠦ ᠶᠢ ᠨᠢ ᠬᠡᠮᠬᠡᠯᠡᠵᠦ ᠠᠮᠢ ᠶᠢ ᠨᠢ ᠬᠤᠷᠤᠭᠠᠳᠠᠭ ᠳᠠᠷᠤᠯᠭ᠎ᠠ ᠪᠠᠶᠢᠭ᠎ᠠ ᠶᠤᠮ | ᠃ | ᠬᠤᠷᠴᠢᠨ ᠡᠮᠡᠬᠡᠯ ᠢ ᠱᠠᠭᠠᠬᠤ ᠳᠤ ᠳᠡᠬᠡᠷᠡᠬᠢ ᠮᠡᠳᠤ ᠳᠡᠶᠢᠮᠤᠷᠬᠦ ᠤᠯᠠᠨ ᠨᠠᠷᠢᠨ ᠶᠠᠪᠤᠴᠠ ᠶᠢ ᠦᠡᠭᠭᠡᠷᠡᠬᠡᠬᠦ | ᠪᠦᠬᠡᠳ ᠡᠯ᠎ᠠ ᠬᠡᠷᠡᠭᠰᠡᠯ ᠵᠤᠶᠢᠯ ᠢ ᠪᠦᠷᠢᠨᠰᠢᠬᠦᠯᠦᠨ ᠪᠦᠷᠢᠳᠬᠡᠵᠦ᠂ ᠤᠭᠰᠠᠷᠠᠨ ᠳᠡᠪᠡᠭᠡᠯᠡᠬᠦ ᠳᠤ ᠠᠯᠢ ᠤᠯᠠᠨ ᠨᠢᠮᠪᠠᠢ | ᠭᠠᠷ ᠤᠷᠠᠯᠠᠯ ᠤᠨ ᠦᠢᠯᠡ ᠤᠷᠤᠳᠠᠭ᠃ ᠢᠡᠭᠭᠢᠬᠡᠳ ᠰᠠᠶ᠋ᠢ ᠦᠪᠡᠷ ᠤᠨ ᠬᠡᠰᠡᠨ ᠤᠷᠤᠨ ᠨᠤᠳᠤᠭ ᠤᠨ ᠤᠨᠴᠠᠯᠢᠭ | ᠲᠠᠢ ᠪᠤᠯᠵᠤ᠂ ᠤᠨᠤᠭ᠎ᠠ ᠬᠦᠯᠦᠭ᠂ ᠤᠨᠤᠭᠰᠠᠨ ᠡᠵᠡᠨ ᠤ ᠦᠵᠡᠮᠤᠷᠢ ᠵᠠᠰᠠᠯ ᠪᠤᠯᠵᠤ ᠴᠢᠳᠠᠵᠠᠢ᠃ ᠭᠡᠪᠡᠴᠤ ᠭᠠᠭᠴᠠᠬᠦ | ᠦᠵᠡᠮᠵᠢ ᠪᠦᠷᠢᠳᠦᠭᠰᠡᠨ ᠡᠮᠡᠬᠡᠯ ᠨᠢ ᠬᠦᠯᠦᠭ ᠤᠨᠤᠭᠠᠨ ᠳᠤ ᠴᠤᠯᠭᠤᠢ ᠵᠠᠰᠠᠯ ᠳᠡᠳᠤᠢ ᠪᠤᠯᠳᠠᠭ ᠠᠴᠠ ᠬᠦᠯᠦᠭ | ᠮᠤᠷᠢᠨ ᠤ ᠳᠡᠷᠢᠬᠦᠨ ᠰᠡᠬᠦᠯ᠂ ᠬᠦᠯᠦᠭᠴᠢᠨ ᠤᠨᠤᠭᠠᠴᠢᠨ ᠤ ᠠᠳᠬᠤᠭᠤᠯ ᠪᠠᠷᠢᠳᠠᠯ ᠵᠡᠷᠭᠡ ᠶᠢ ᠴᠦ ᠤᠳᠠᠭᠠᠨ ᠵᠢᠯ | ᠢᠶᠠᠷ ᠨᠡᠮᠡᠨ ᠴᠢᠮᠡᠭᠯᠡᠭᠡᠳ ᠰᠠᠶ᠋ᠢ ᠦᠶ᠎ᠠ ᠤᠯᠠᠮᠵᠢᠯᠠᠭᠰᠠᠨ ᠬᠤᠷᠴᠢᠨ ᠡᠮᠡᠬᠡᠯ ᠤᠨ᠂ ᠬᠤᠷᠴᠢᠨ ᠤᠨᠤᠭᠠᠴᠢᠨ ᠤ ᠢᠵᠢ | ᠪᠦᠷᠢᠳᠦᠭᠰᠡᠨ ᠦᠵᠡᠮᠵᠢ ᠲᠠᠢ ᠰᠠᠶᠢᠬᠠᠨ ᠵᠠᠰᠠᠯᠭ᠎ᠠ ᠪᠤᠯᠭᠠᠵᠤ ᠢᠷᠡᠭᠰᠡᠨ ᠶᠤᠮ᠃ | | |