ᠪᠦᠬᠡ ᠪᠠᠷᠢᠯᠳᠣᠬᠤ ᠪᠣᠯ ᠮᠤᠩᠭᠤᠯ ᠦᠨᠳᠤᠰᠤᠳᠡᠨ ᠤ ᠡᠷᠲᠡ ᠣᠵᠣᠭᠤᠷ ᠠᠴᠠ ᠣᠯᠠᠮᠵᠢᠯᠠᠵᠦ ᠢᠷᠡᠭᠰᠡᠨ ᠡᠷ᠎ᠡ | ᠶᠢᠨ ᠭᠤᠷᠪᠠᠨ ᠨᠠᠭᠠᠳᠣᠮ ᠤᠨ ᠨᠢᠭᠡ ᠵᠦᠢᠯ ᠤᠨ ᠲᠤᠭᠯᠠᠭᠠᠮ ᠬᠦᠳᠡᠯᠭᠡᠭᠡᠨ ᠪᠤᠯᠤᠨ᠎ᠠ᠃ | ᠮᠤᠩᠭᠤᠯ ᠦᠨᠳᠣᠰᠣᠳᠡᠨ ᠡᠷᠲᠡ ᠲᠡᠭᠡᠲᠦ ᠠᠴᠠ ᠠᠩ ᠬᠦᠷᠦᠭᠡ ᠠᠪᠠᠯᠠᠬᠤ ᠮᠠᠯ ᠠᠵᠦ ᠠᠬᠤᠢ ᠪᠠᠷ | ᠭᠤᠤᠯᠯᠠᠬᠤ ᠳᠤ ᠪᠠᠨ ᠵᠡᠷᠯᠢᠭ ᠠᠷᠢᠶᠠᠳᠠᠨ ᠢ ᠠᠯᠠᠬᠤ ᠳᠤ᠂ ᠠᠷᠳᠠᠭ ᠲᠤᠭᠰᠢᠨ ᠠᠳᠣᠭᠤ ᠦᠬᠡᠷ ᠢ ᠨᠤᠮᠤᠬᠠᠳᠬᠠᠨ | ᠰᠣᠷᠭᠠᠬᠤ ᠳᠤ ᠢᠳᠡ ᠴᠢᠳᠠᠯ᠂ ᠲᠡᠩᠭᠡᠭᠡ ᠬᠦᠴᠦ᠂ ᠠᠷᠭ᠎ᠠ ᠮᠡᠭᠡ ᠶᠢ ᠶᠡᠭᠡᠳᠡ ᠬᠡᠷᠡᠭᠰᠡᠨ ᠱᠠᠭᠠᠷᠳᠠᠳᠠᠭ ᠠᠴᠠ | ᠡᠷᠡᠴᠦᠳ ᠦᠪᠡᠷ ᠤᠨ ᠬᠦᠴᠦᠨ ᠴᠢᠳᠠᠯ ᠠᠷᠭ᠎ᠠ ᠠᠪᠬᠠᠯᠵᠢ ᠪᠠᠨ ᠲᠡᠭᠡᠭᠰᠢᠯᠡᠬᠦᠯᠥᠨ ᠰᠠᠶᠢᠵᠢᠷᠠᠭᠤᠯᠬᠤ ᠵᠤᠷᠢᠯᠭ᠎ᠠ ᠪᠠᠷ | ᠪᠠᠷᠢᠯᠳᠣᠨ ᠨᠤᠴᠤᠯᠳᠤᠵᠠᠭᠠᠨ ᠡᠰᠡᠷᠬᠦ ᠡᠳᠡᠭᠡᠳ ᠢᠶᠠᠨ ᠲᠠᠷᠤᠵᠦ ᠤᠨᠠᠭᠠᠨ ᠰᠣᠷᠢᠵᠦ ᠪᠤᠯᠪᠠᠰᠣᠷᠠᠬᠤ ᠨᠢ ᠡᠳᠦᠷ ᠤᠨ | ᠤᠳᠠᠭᠠᠨ ᠳᠤ ᠪᠠᠨ ᠪᠦᠬᠡ ᠪᠠᠷᠢᠯᠳᠤᠬᠤ ᠪᠤᠯᠵᠦ᠂ ᠠᠭᠠᠵᠢᠮ ᠳᠤ ᠪᠠᠨ ᠢᠳᠡ ᠪᠢᠷ᠎ᠠ᠂ ᠣᠷ᠎ᠠ ᠮᠡᠭᠡ ᠪᠠᠨ | ᠰᠢᠯᠭᠠᠷᠠᠭᠤᠯᠬᠤ ᠵᠤᠭ᠎ᠠ ᠴᠡᠩᠭᠡᠯ ᠤᠨ ᠲᠣᠭᠯᠠᠭᠠᠮ ᠪᠤᠯᠵᠦ ᠬᠦᠭᠵᠢᠵᠡᠢ᠃ 13 ᠳ᠋ᠣᠭᠠᠷ ᠵᠠᠭᠤᠨ ᠤ ᠦᠶ᠎ᠡ ᠳᠤ | ᠴᠢᠩᠬᠢᠰ ᠬᠠᠭᠠᠨ ᠴᠡᠷᠢᠭ ᠲᠠᠶᠢᠨ ᠳᠤ ᠮᠤᠷᠳᠠᠬᠤ᠂ ᠲᠠᠶᠢᠨ ᠤ ᠢᠯᠠᠯᠳᠠ ᠪᠠᠨ ᠪᠡᠯᠭᠡᠯᠡᠬᠦ᠂ ᠲᠤᠭ ᠰᠦᠯᠳᠠ ᠪᠠᠨ | ᠲᠠᠬᠢᠬᠤ ᠵᠡᠷᠭᠡ ᠬᠦᠳᠡᠯᠭᠡᠭᠡᠨ ᠳᠤ ᠪᠦᠷ ᠡᠷ᠎ᠡ ᠶᠢᠨ ᠭᠤᠷᠪᠠᠨ ᠨᠠᠭᠠᠳᠤᠮ ᠢ ᠡᠷᠬᠢᠯᠡᠨ ᠶᠠᠪᠤᠭᠳᠠᠭᠤᠯᠳᠠᠭ ᠪᠠᠶᠢᠵᠠᠢ | ᠭᠡᠵᠤ ᠲᠡᠤᠬᠡ ᠱᠠᠰᠳᠢᠷ ᠲᠤ ᠲᠤᠳᠤᠷᠬᠠᠢ ᠲᠡᠮᠳᠡᠭᠯᠡᠯ ᠲᠠᠢ ᠪᠠᠶᠢᠳᠠᠭ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠬᠢᠨᠢ ᠬᠢᠳᠡᠳ ᠰᠣᠶᠣᠯ ᠪᠠ ᠲᠠᠷᠢᠶᠠᠯᠠᠬᠤ ᠰᠤᠶᠤᠯ ᠢ | ᠬᠠᠮᠤᠭ ᠡᠷᠲᠡ ᠬᠦᠯᠢᠶᠡᠨ ᠠᠪᠤᠭᠰᠠᠨ ᠢᠶᠠᠷ ᠮᠤᠩᠭᠤᠯ ᠤᠨ ᠤᠯᠠᠮᠵᠢᠯᠠᠯᠲᠦ ᠵᠠᠩ ᠠᠷᠠᠨᠰᠢᠨ᠂ ᠦᠢᠯᠡᠳᠪᠦᠷᠢᠯᠡᠯ ᠤᠨ | ᠠᠷᠭ᠎ᠠ ᠮᠠᠶ᠋ᠢᠭ ᠢᠶᠠᠨ ᠠᠭᠠᠵᠢᠮ ᠢᠶᠠᠷ ᠲᠠᠶᠠᠭᠳᠠᠬᠤ ᠬᠡᠮᠵᠢᠶᠡᠨ ᠳᠤ ᠬᠦᠷᠪᠡ᠃ ᠭᠡᠪᠡᠴᠦ ᠪᠦᠬᠡ ᠪᠠᠷᠢᠯᠳᠤᠬᠤ | ᠤᠯᠠᠮᠵᠢᠯᠠᠯᠲᠣ ᠰᠣᠶᠣᠯ ᠢᠶᠠᠨ ᠶᠡᠷᠦᠨᠢ ᠮᠠᠷᠳᠠᠵᠦ ᠬᠠᠶᠠᠭᠰᠠᠨ ᠦᠭᠡᠢ ᠮᠦᠷᠲᠡᠭᠡᠨ ᠤᠯᠠᠮ ᠢᠶᠠᠷ ᠬᠦᠭᠵᠢᠬᠦᠯᠵᠦ | ᠦᠷᠨᠢᠬᠦᠯᠥᠭᠰᠡᠭᠡᠷ ᠢᠷᠡᠵᠡᠢ᠃ ᠲᠡᠭᠡᠷ᠎ᠡ ᠵᠠᠭᠤᠨ ᠤ 30 — 40 ᠭᠡᠳ ᠣᠨ ᠤ ᠦᠶᠡᠰ ᠲᠤ ᠬᠤᠷᠴᠢᠨ ᠵᠡᠬᠦᠨ | ᠭᠠᠷᠤᠨ ᠬᠤᠶᠢᠳᠤ ᠬᠤᠰᠢᠭᠤᠨ ᠳᠤ ᠸᠠᠩᠹᠤᠯ ᠲᠠᠮᠠᠷᠢᠨᠵᠠᠪ ᠠᠬ᠎ᠠ ᠲᠡᠭᠦᠦ ᠬᠤᠶᠠᠭᠤᠯᠠ ︵ᠠᠭᠤᠯᠠ ᠪᠠᠯᠭᠠᠰᠣᠨ ᠤ | ᠤᠷᠳᠤᠳᠠᠯᠠ ᠭᠠᠴᠠᠭ᠎ᠠ︶᠂ ᠲᠠᠷᠱᠠ ︵ᠠᠭᠤᠯᠠ ᠪᠠᠯᠭᠠᠰᠣᠨ ᠤ ᠬᠦᠩ ᠤᠨ ᠠᠶᠢᠯ ᠭᠠᠴᠠᠭ᠎ᠠ︶︔70 ᠭᠠᠳ ᠤᠨ | ᠤ ᠦᠶ᠎ᠡ ᠳᠤ ᠫᠤᠩᠰᠤᠭ ︵ᠠᠭᠤᠯᠠ ᠪᠠᠯᠭᠠᠰᠣᠨ ᠤ ᠵᠢᠯᠠᠭᠠᠳᠤ ᠭᠠᠴᠠᠭ᠎ᠠ︶᠂ ᠲᠡᠮᠤᠷᠭᠤᠯᠤᠤ ︵ᠠᠭᠤᠯᠠ ᠪᠠᠯᠭᠠᠰᠣᠨ ᠤ | ᠰᠢᠳᠢᠬᠤᠳᠳᠤᠭ︶᠂ ᠬᠡᠰᠢᠭ ︵ᠶᠡᠭᠡᠳᠡᠯ᠎ᠡ ᠰᠣᠮᠣᠨ ᠤ ᠲᠠᠷᠭᠤᠨ ᠭᠠᠴᠠᠭ᠎ᠠ︶᠂ ᠠᠳᠢᠶ᠎ᠠ ︵ᠪᠠᠶᠠᠰᠬᠤᠯᠠᠩ ᠰᠣᠮᠣ︶᠂ | 80 ᠭᠠᠳ ᠤᠨ ᠤ ᠦᠶ᠎ᠡ ᠳᠤ ᠴᠣᠭᠯᠠ ︵ᠭᠠᠨᠵᠤᠭ᠎ᠠ ᠪᠠᠯᠭᠠᠰᠣ︶᠂ ᠪᠦᠷᠢᠨᠪᠠᠶᠠᠷ ︵ᠴᠢᠯᠠᠭᠤᠳᠤ ᠰᠣᠮᠣ︶᠂ ᠶᠢᠨ | ᠱᠠᠨ ︵ᠠᠭᠤᠯᠠ ᠰᠤᠮᠤ ᠶᠢᠨ ᠠᠷᠤ ᠶᠢᠨ ᠠᠶᠢᠯ ᠭᠠᠴᠠᠭ᠎ᠠ︶90 ᠬᠡᠳ ᠣᠨ ᠤ ᠦᠶ᠎ᠡ ᠳᠤ ᠰᠠᠶᠢᠨ᠎ᠠ ︵ᠵᠢᠷᠭᠠᠯᠠᠩ | ᠪᠠᠯᠭᠠᠰᠣᠨ ᠤ ᠰᠣᠳᠣᠨ ᠠᠶᠢᠯ︶᠂ ᠴᠠᠩ ᠱᠸᠤ ︵ᠠᠭᠤᠯᠠ ᠪᠠᠯᠭᠠᠰᠣᠨ ᠤ ᠰᠢᠳᠢᠬᠤᠳᠳᠤᠭ︶ ᠪᠦᠬᠦ ᠤᠷᠤᠨ ᠤ | ᠪᠦᠬᠡ ᠶᠢᠨ ᠠᠩᠭᠢ ᠳᠤ ᠰᠣᠷᠢᠯᠲᠠ ᠪᠤᠯᠪᠠᠰᠣᠷᠠᠯ ᠬᠦᠷᠳᠡᠭᠰᠡᠨ᠃ ᠡᠳᠡᠭᠡᠷ ᠪᠦᠬᠡᠴᠢᠳ ᠬᠤᠰᠢᠭᠤ᠂ ᠠᠶᠢᠮᠠᠭ ᠪᠠ | ᠣᠷᠣᠨ ᠤ ᠲᠠᠰ ᠲᠤ ᠲᠡᠷᠢᠬᠦᠨ᠂ ᠲᠡᠳ᠋᠂ ᠭᠤᠳᠠᠭᠠᠷ ᠱᠠᠩᠨᠠᠯ ᠢ ᠬᠦᠷᠳᠡᠵᠦ ᠬᠤᠰᠢᠭᠤ ᠠᠶᠢᠮᠠᠭ ᠤᠨ ᠢᠶᠠᠨ ᠠᠯᠳᠠᠷ | ᠴᠣᠯᠠ ᠶᠢ ᠮᠠᠨᠳᠣᠭᠤᠯᠵᠦ ᠶᠠᠪᠤᠭᠰᠠᠨ ᠲᠡᠤᠬᠡ ᠲᠠᠢ᠃ | ᠪᠦᠭᠡ ᠶᠢᠨ ᠡᠮᠥᠰᠭᠡᠯ ᠵᠠᠰᠠᠯ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠪᠦᠬᠡᠴᠣᠳ ᠪᠠᠷᠢᠯᠳᠤᠬᠤ ᠳᠤ ᠪᠠᠨ ᠪᠤᠰᠤᠳ ᠭᠠᠵᠠᠷ ᠤᠨ | ᠪᠦᠬᠡᠴᠦᠳ ᠲᠠᠢ ᠦᠡᠳᠦᠰᠦᠨ ᠳᠤ ᠪᠠᠨ ᠠᠳᠠᠯᠢ ᠪᠠᠶᠢᠵᠤ᠂ ᠵᠤᠳᠤᠭ᠂ ᠦᠮᠦᠳᠥ᠂ ᠪᠦᠰᠡᠯᠡᠬᠦᠷ᠂ ᠲᠤᠤᠬᠤ᠂ | ᠴᠠᠷᠪᠠᠭ᠂ ᠭᠤᠳᠤᠯ ᠵᠡᠷᠭᠡ ᠶᠢ ᠡᠮᠥᠰᠴᠦ ᠪᠠᠷᠢᠯᠳᠤᠳᠠᠭ᠃ | ᠵᠤᠳᠤᠭ ᠢ ᠦᠬᠡᠷ ᠤᠨ ᠠᠷᠠᠰᠣ ᠪᠠ ᠬᠡᠤᠳᠠᠢ ᠶᠢᠨ ᠪᠦᠰ ᠢᠶᠠᠷ ᠤᠶᠤᠵᠦ ᠬᠦᠪᠡᠭᠡ ᠲᠠᠭᠠᠤ ᠨᠢ ᠮᠦᠩᠭᠦ᠂ | ᠲᠤᠭᠤᠯᠭ᠎ᠠ ᠪᠣᠶᠤ ᠭᠠᠤᠯᠢ ᠪᠠᠷ ᠲᠤᠪᠤᠷᠤᠤ ᠡᠮᠵᠢᠶᠡᠷᠯᠡᠵᠦ ᠵᠠᠷᠢᠮ ᠨᠢ ᠠᠷᠦ ᠳᠤ ᠨᠢ ᠬᠦᠷᠡᠯ ᠲᠤᠯᠢ ᠬᠠᠳᠠᠵᠦ ᠵᠠᠳᠠᠭᠠᠢ | ᠡᠩᠭᠡᠷ ᠲᠠᠢ᠂ ᠦᠮᠥᠳᠦ ᠨᠢ ᠠᠭᠤᠵᠢᠭᠤ ᠦᠷᠬᠡᠨ ᠪᠠᠶᠢᠵᠦ ᠪᠠᠭᠢᠯᠢᠭ᠌ ᠬᠠᠳᠠᠭᠤᠬᠠᠨ ᠪᠦᠰ ᠢᠶᠠᠷ ᠤᠶᠤᠳᠠᠭ᠃ | ᠭᠤᠳᠤᠯ ᠨᠢ ᠪᠤᠯᠢᠭᠠᠷᠢᠨ ᠭᠤᠳᠤᠯ᠂ ᠠᠷᠠᠰᠣᠨ ᠭᠤᠳᠤᠯ᠂ ᠪᠦᠰ ᠭᠤᠳᠤᠯ ᠵᠡᠷᠭᠡ ᠪᠤᠢ᠃ ᠭᠤᠳᠤᠯ ᠤᠨ | ᠲᠦᠷᠡᠢ ᠶᠢᠨ ᠵᠠᠪᠰᠠᠷ ᠲᠤᠨᠢ ᠬᠤᠯᠤᠰᠤ ᠶᠢ ᠨᠢᠮᠭᠡᠯᠡᠨ ᠵᠠᠰᠠᠵᠦ ᠤᠯᠤᠰᠤᠨ ᠣᠳᠠᠰᠣ ᠪᠠᠷ ᠬᠡᠯᠬᠢᠯᠡᠨ ᠤᠶᠤᠵᠦ ᠬᠢᠩᠭ᠎ᠠ | ᠰᠢᠯᠪᠢ ᠪᠠ ᠡᠪᠣᠳᠣᠭ᠌ ᠢ ᠬᠠᠮᠠᠭᠠᠯᠠᠵᠦ ᠭᠡᠮᠳᠦᠬᠦ ᠠᠴᠠ ᠰᠡᠷᠭᠡᠶᠢᠯᠡᠳᠡᠭ᠃ | ᠭᠤᠷᠪᠠᠨ ᠵᠢᠯ ᠲᠠᠷᠠᠭᠠᠯᠠᠨ ᠲᠡᠷᠢᠬᠦᠯᠡᠭᠰᠡᠨ ᠪᠦᠭᠡᠴᠣᠳ ᠵᠠᠩᠭᠢᠶ᠎ᠠ ᠵᠡᠬᠦᠳᠡᠭ᠂ ᠡᠨᠡ ᠨᠢ ᠰᠢᠷ᠎ᠠ ᠶᠢᠨ ᠱᠠᠰᠢᠨ ᠤ | ᠠᠮᠢ ᠪᠡᠶ᠎ᠡ ᠪᠠᠨ ᠬᠠᠮᠠᠭᠠᠯᠠᠬᠤ ᠰᠠᠬᠢᠶ᠎ᠠ ᠠᠴᠠ ᠢᠷᠡᠯᠳᠡᠢ ᠪᠠᠶᠢᠵᠦ ᠪᠦᠬᠡᠴᠣᠳ ᠣᠯᠠᠭᠠᠨ ᠨᠤᠭᠤᠭᠠᠨ ᠰᠢᠷ᠎ᠠ ᠡᠯᠳᠡᠪ | ᠦᠩᠭᠡ ᠶᠢᠨ ᠵᠠᠩᠭᠢᠶ᠎ᠠ ᠶᠢ ᠵᠡᠬᠦᠪᠡᠯ ᠰᠦᠷ ᠵᠢᠪᠬᠤᠭ᠎ᠠ ᠲᠠᠢ ᠬᠠᠷᠠᠭᠳᠠᠳᠠᠭ᠃ ᠪᠠᠷᠢᠯᠳᠤᠭᠠᠨ ᠡᠬᠢᠯᠡᠬᠦ ᠠᠴᠠ ᠡᠮᠤᠨ᠎ᠡ | ᠪᠦᠬᠡᠴᠣᠳ ᠪᠠᠷᠢᠯᠳᠣᠬᠤ ᠵᠤᠳᠤᠭ᠂ ᠦᠮᠥᠲᠤ ᠭᠤᠳᠤᠯ ᠢᠶᠠᠨ ᠡᠮᠥᠰᠴᠥ ᠵᠠᠩᠭᠢᠶ᠎ᠠ ᠴᠠᠭᠠᠷᠢᠭ ᠢᠶᠠᠨ ᠵᠡᠬᠦᠵᠦ ᠶᠠᠭ ᠯᠠ | ᠲᠠᠶᠢᠨ ᠳᠤ ᠭᠠᠷᠬᠤ ᠵᠠᠩᠵᠤᠨ ᠬᠤᠶᠠᠭ ᠲᠤᠭᠤᠯᠠᠭ᠎ᠠ ᠡᠮᠥᠰᠣᠭ᠍ᠰᠡᠨ ᠭᠡᠮᠡᠷ ᠮᠥᠷᠯᠡᠨ ᠵᠤᠭᠰᠣᠵᠦ ᠨᠢᠭᠡᠳᠦᠯᠳᠡᠢ ᠲᠤᠬᠢᠶ᠎ᠠ | ᠪᠠᠷ ᠬᠤᠪᠢ ᠬᠤᠪᠢᠨ ᠤ ᠰᠣᠷᠴᠦ ᠰᠣᠷᠢᠭᠰᠠᠨ ᠣᠷ᠎ᠠ ᠲᠡᠮ ᠢᠶᠠᠷ ᠴᠠᠴᠠᠷ ︵ᠲᠡᠷᠢᠬᠦᠯᠡᠭᠴᠢ ᠶᠢᠨ ᠲᠠᠶᠢᠰᠠ︶ ᠤᠨ | ᠡᠮᠥᠨ᠎ᠡ ᠪᠠ ᠦᠵᠡᠭᠰᠡᠳ ᠤᠨ ᠡᠮᠥᠨᠡᠬᠦᠷ ᠲᠡᠯᠡᠪᠣᠷ ᠢ ᠲᠤᠭᠤᠷᠢᠨ ᠮᠠᠭᠰᠢᠨ ᠲᠡᠪᠢᠵᠦ ᠰᠦᠷ ᠬᠦᠴᠦᠨ ᠢᠶᠠᠨ | ᠭᠠᠶᠢᠬᠠᠭᠤᠯᠤᠨ᠎ᠠ᠃ | ᠪᠦᠬᠡᠴᠣᠳ ᠡᠬᠢᠯᠡᠨ ᠪᠠᠷᠢᠯᠳᠤᠬᠤ ᠳᠤ ᠣᠷᠣᠯᠳᠣᠭᠠᠨ ᠳᠤ ᠤᠷᠤᠯᠴᠠᠬᠤ ᠪᠦᠬᠡᠴᠣᠳ ᠬᠤᠶᠠᠷ ᠭᠠᠷᠯᠠᠨ | ᠡᠰᠡᠷᠭᠦᠯᠡᠨ ᠰᠠᠭᠤᠬᠤ ᠳᠤ ᠪᠠᠷᠢᠯᠳᠣᠬᠤ ᠲᠠᠯᠠᠪᠣᠷ ᠤᠨ ᠢᠯᠡ ᠭᠠᠵᠠᠷ ᠠᠷᠪᠠ ᠬᠤᠷᠢᠨ ᠠᠬᠠᠮᠠᠳ ᠪᠦᠬᠡᠴᠢᠳ ᠢ | ᠤᠷᠢᠵᠦ ᠰᠠᠭᠤᠯᠭᠠᠭᠠᠳ ᠪᠦᠭᠡ ᠣᠷᠢᠳᠠᠭ ᠠᠶᠠᠰ ᠢ ᠬᠦᠭᠵᠢᠮᠳᠡᠨ ᠪᠦᠬᠡ ᠶᠢ ᠤᠷᠢᠵᠦ ᠲᠠᠯᠠᠪᠠᠢ ᠳᠤ ᠣᠷᠣᠭᠤᠯᠵᠦ | ᠪᠠᠷᠢᠯᠳᠣᠭᠤᠯᠳᠠᠭ᠃ ᠭᠠᠵᠠᠷ ᠭᠠᠵᠠᠷ ᠤᠨ ᠪᠦᠬᠡ ᠤᠷᠢᠬᠤ ᠠᠶᠠᠯᠭᠤ ᠪᠠ ᠦᠬᠡ ᠨᠢ ᠠᠳᠠᠯᠢ ᠴᠦ ᠶᠡᠭᠡ ᠲᠦᠯᠥᠪ ᠳᠤ | ᠪᠠᠨ ᠠᠭᠤᠯᠭ᠎ᠠ ᠣᠳᠬ᠎ᠠ ᠨᠢ ᠠᠳᠠᠯᠢᠪᠳᠤᠷ ᠪᠠᠶᠢᠳᠠᠭ᠃ | ︽ᠣᠣ — ᠬᠠᠢ — ᠤᠤᠬᠠᠢ — | ᠣᠳᠠᠭ᠎ᠠ ᠪᠦᠷᠢ ᠶᠢᠨ ᠤᠷᠤᠯᠳᠤᠭᠠᠨ ᠳᠤ | ᠣᠨᠴᠠ ᠱᠠᠩ ᠬᠦᠷᠳᠡᠭᠰᠡᠨ | ᠣᠯᠠᠨ ᠠᠶᠢᠮᠠᠭ ᠬᠤᠰᠢᠭᠤᠨ ᠳᠤ ᠪᠠᠨ | ᠣᠨᠴᠠᠭᠠᠢ ᠠᠯᠳᠠᠷ ᠢᠶᠠᠨ ᠮᠠᠨᠳᠣᠭᠤᠯᠤᠭᠰᠠᠨ | ᠠᠷᠰᠯᠠᠨ ᠬᠦᠴᠦᠲᠦ ᠠᠪᠤᠷᠭᠤ ᠪᠦᠬᠡ ᠪᠠᠨ ᠲᠠᠯᠪᠢ︾ ᠭᠡᠵᠦ ᠨᠢᠭᠡ ᠨᠢ ᠲᠠᠭᠠᠭᠤᠯᠤᠨ ᠬᠡᠯᠡᠬᠦ ᠳᠤ ᠨᠦᠬᠦᠬᠡ | ᠤᠯᠠᠨ ᠡᠪᠤᠭᠡᠳ ᠨᠢ᠄ ︽ᠪᠦᠬᠡ ᠪᠠᠨ ᠲᠠᠯᠪᠢ︕ ᠪᠦᠬᠡ ᠪᠠᠨ ᠲᠠᠯᠪᠢ᠂ ᠪᠦᠬᠡ ᠪᠠᠨ ᠲᠠᠯᠪᠢ︾ ᠭᠡᠵᠦ ᠦᠨᠳᠦᠷ | ᠲᠠᠭᠤᠨ ᠢᠶᠠᠷ ᠣᠷᠢᠨ ᠬᠠᠰᠭᠢᠷᠳᠠᠭ᠃ | ︽ᠬᠠᠭᠠᠨ ᠴᠢᠩᠭᠢᠰ ᠤᠨ ᠦᠶ᠎ᠡ ᠠᠴᠠ | ᠬᠠᠮᠤᠭ ᠤᠯᠠᠨ ᠢᠶᠠᠨ ᠪᠢᠰᠢᠷᠡᠭᠦᠯᠥᠭᠰᠡᠨ | ᠬᠠᠷᠴᠠᠭᠠᠢ ᠪᠦᠷᠭᠦᠳ ᠤᠨ ᠲᠡᠬᠦᠯᠢᠭᠡ ᠲᠠᠢ | ᠬᠦᠴᠦ ᠶᠡᠭᠡᠳᠡᠢ ᠪᠦᠬᠡ ᠪᠠᠨ ᠲᠠᠯᠪᠢ︾ ᠭᠡᠪᠡᠯ᠂ ︽ᠪᠦᠬᠡ ᠪᠠᠨ ᠲᠠᠯᠪᠢ︕ ᠪᠦᠬᠡ ᠪᠠᠨ ᠲᠠᠯᠪᠢ︕ | ᠪᠦᠬᠡ ᠪᠠᠨ ᠲᠠᠯᠪᠢ︕︾ ᠬᠡᠵᠦ ᠬᠦᠴᠦ ᠨᠡᠮᠡᠨ ᠤᠷᠢᠳᠠᠭ᠃ | ᠣᠷᠣᠯᠳᠣᠭᠠᠨ ᠤ ᠲᠤᠮᠲᠠ ᠬᠦᠳᠡᠯᠭᠡᠭᠡᠨ ᠢ ᠣᠯᠠᠮ ᠢᠳᠡ ᠬᠦᠴᠦᠯᠢᠭ ᠶᠠᠪᠤᠭᠳᠠᠭᠤᠯᠬᠤ ᠶᠢᠨ ᠲᠦᠯᠥᠭᠡ᠂ | ︽ᠮᠤᠭᠠᠢ ᠪᠤᠤᠷ᠎ᠠ ᠶᠢᠨ ᠮᠡᠭᠡ ᠪᠠᠨ | ᠮᠥᠳᠳᠦ ᠲᠦᠷᠭᠡᠨ ᠬᠡᠷᠡᠭᠯᠡ︕ | ᠮᠤᠩᠭᠤᠯ ᠦᠨᠳᠣᠰᠣᠳᠡᠨ ᠤ ᠪᠠᠭᠠᠳᠦᠷ ᠢᠶᠠᠷ | ᠮᠠᠵᠤᠭᠤᠯᠵᠦ ᠰᠠᠶᠢᠨ ᠭᠠᠷᠭ᠎ᠠ︾ ᠭᠡᠪᠡᠯ ᠨᠦᠬᠦᠬᠡ ᠤᠯᠠᠨ ᠤᠷᠢᠭᠰᠡᠳ ᠨᠢ᠄ ︽ᠴᠢᠷᠮᠠᠢ︕ ᠴᠢᠷᠮᠠᠢ︕ | ᠴᠢᠷᠮᠠᠢ︕︾ ᠭᠡᠵᠦ ᠭᠤᠷᠪᠠᠨᠲᠠ ᠤᠷᠢᠳᠠᠭ᠃ | ᠤᠷᠤᠯᠳᠣᠭᠠᠨ ᠲᠡᠬᠦᠰᠴᠦ ᠪᠦᠬᠡ ᠱᠠᠩᠨᠠᠬᠤ ᠦᠶ᠎ᠡ ᠳᠤ᠃ | ︽ᠡᠷ᠎ᠡ ᠶᠢᠨ ᠭᠤᠷᠪᠠᠨ ᠨᠠᠭᠠᠳᠣᠮ ᠳᠤ | ᠡᠷᠡᠯᠬᠡᠭᠯᠡᠨ ᠪᠠᠷᠢᠯᠳᠤᠭᠰᠠᠨ ᠪᠦᠬᠡᠴᠣᠳ ᠮᠢᠨᠢ | ᠡᠩᠭᠡᠷ ᠲᠦᠬᠦᠷᠡᠩ ᠱᠠᠩᠨᠠᠯ ᠢᠶᠠᠷ ᠢᠶᠠᠨ | ᠡᠩᠭᠡ ᠲᠦᠮᠡᠨ ᠢᠶᠠᠨ ᠪᠠᠶᠠᠰᠬ᠎ᠠ︕︾ ᠭᠡᠪᠡᠯ᠂ ︽ᠪᠠᠶᠠᠰᠬ᠎ᠠ︕ ᠪᠠᠶᠠᠰᠬ᠎ᠠ︕ ᠪᠠᠶᠠᠰᠬ᠎ᠠ︕︾ | ᠬᠡᠵᠦ ᠲᠠᠭᠤ ᠨᠢᠭᠡᠳᠡᠢ ᠢᠷᠦᠭᠡᠳᠡᠭ᠃ | ᠬᠠᠮᠤᠭ ᠰᠡᠬᠦᠯ ᠳᠤ ᠨᠢ | ︽ᠪᠠᠷᠢᠯᠳᠣᠭᠰᠠᠨ ᠣᠯᠠᠨ ᠪᠦᠬᠡᠴᠣᠳ ᠮᠢᠨᠢ | ᠪᠠᠭᠠᠳᠦᠷ ᠴᠣᠯᠠ ᠪᠠᠨ ᠮᠠᠨᠳᠣᠭᠤᠯ | ᠪᠦᠬᠦᠳᠡ ᠣᠯᠠᠨ ᠦᠵᠡᠭᠰᠡᠳ ︵ᠮᠤᠩᠭᠤᠯᠴᠣᠳ︶ ᠢᠶᠠᠨ | ᠪᠠᠶᠠᠰᠬᠠᠵᠦ ᠡᠬᠦᠷᠢᠲᠡ ᠵᠢᠷᠭᠠᠭᠤᠯ ᠡ︕︾ ᠭᠡᠪᠡᠯ᠂ ︽ᠵᠢᠷᠭᠠᠭᠤᠯ︕ ᠵᠢᠷᠭᠠᠭᠤᠯ︕ ᠵᠢᠷᠭᠠᠭᠤᠯ︕ | ︾ ᠭᠡᠵᠦ ᠪᠡᠯᠭᠡᠳᠡᠨ ᠢᠷᠦᠭᠡᠳᠡᠭ᠃ | ᠣᠷᠣᠯᠳᠣᠭᠠᠨ ᠳᠤ ᠰᠢᠯᠭᠠᠷᠠᠭᠰᠠᠳ ᠤᠨ ᠠᠯᠳᠠᠷ ᠨᠡᠷ᠎ᠡ ᠶᠢ ᠨᠡᠶᠢᠭᠡᠮ ᠨᠡᠶᠢᠲᠡ ᠳᠤ ᠲᠠᠭᠤᠷᠢᠰᠤᠭᠤᠯᠵᠦ᠂ | ᠮᠡᠷᠭᠡᠵᠢᠯ ᠮᠡᠭᠡ ᠪᠠᠨ ᠨᠡᠩ ᠰᠠᠶᠢᠨ ᠲᠡᠭᠡᠭᠰᠢᠯᠡᠬᠦᠯᠥᠨ ᠤᠯᠠᠮ ᠰᠢᠯᠢᠳᠡᠭ ᠪᠦᠳᠤᠮᠵᠢ ᠭᠠᠷᠭᠠᠬᠤ ᠶᠢ ᠵᠤᠷᠢᠭᠵᠢᠭᠤᠯᠬᠤ | ᠪᠠ ᠪᠦᠬᠡ ᠪᠠᠷᠢᠯᠳᠣᠬᠤ ᠨᠠᠭᠠᠳᠣᠮ ᠬᠦᠳᠡᠯᠭᠡᠭᠡᠨ ᠢ ᠤᠯᠠᠮ ᠦᠷᠨᠢᠩᠭᠦᠢ ᠬᠦᠭᠵᠢᠬᠦᠯᠬᠦ ᠶᠢ ᠵᠤᠷᠢᠭᠵᠢᠭᠤᠯᠬᠤ | ᠣᠯᠠᠮᠵᠢᠯᠠᠯᠲᠤ ᠲᠦᠷᠢᠮ ᠲᠤᠭᠳᠠᠭᠠᠯ ᠪᠤᠯᠤᠨ᠎ᠠ᠃ | ᠰᠣᠮᠣ᠂ ᠬᠤᠰᠢᠭᠤ᠂ ᠠᠶᠢᠮᠠᠭ᠂ ᠣᠷᠣᠨ ᠮᠤᠵᠢ ᠶᠢᠨ ᠲᠡᠰ ᠲᠤ ᠰᠢᠯᠭᠠᠷᠠᠭᠰᠠᠨ ᠪᠦᠬᠡ ᠶᠢ ᠠᠷᠰᠯᠠᠨ᠂ ᠪᠠᠷᠰ | ᠂ ᠵᠠᠭᠠᠨ᠂ ᠨᠠᠴᠢᠨ᠂ ᠱᠤᠩᠬᠤᠷ᠂ ᠭᠠᠷᠣᠳᠢ᠂ ᠬᠠᠷᠴᠠᠭᠠᠢ᠂ ᠪᠦᠷᠭᠦᠳ᠂ ᠪᠤᠬ᠎ᠠ ᠵᠡᠷᠭᠡ ᠪᠠᠷ ᠴᠣᠯᠠᠯᠠᠵᠦ᠂ ᠲᠤᠤᠷ᠎ᠠ | ᠲᠡᠰ ︵ᠬᠡᠪᠴᠢᠶ᠎ᠡ ᠪᠠᠭ᠎ᠠ︶ ᠠᠴᠠ ᠲᠡᠭᠡᠷ᠎ᠡ ᠲᠡᠰ ᠲᠤ ᠠᠯᠬᠤᠮ ᠲᠠᠷᠠᠭᠠᠯᠠᠨ ᠰᠢᠯᠭᠠᠷᠠᠭᠳᠠᠪᠠᠯ ᠠᠷᠰᠯᠠᠨ — | ᠠᠪᠤᠷᠭᠤ — ᠲᠠᠶᠠᠩ ᠠᠪᠣᠷᠭᠤ — ᠲᠠᠷᠬᠠᠨ ᠠᠪᠤᠷᠭᠤ ︵ᠲᠦᠷᠦ ᠶᠢᠨ ᠲᠡᠰ︶ ᠮᠡᠳᠦ ᠪᠠᠷ ᠬᠠᠮᠤᠭ ᠲᠡᠭᠡᠲᠦ | ᠲᠡᠷᠬᠠᠨ ᠴᠣᠯᠠ ᠪᠠᠷ ᠮᠢᠯᠢᠶᠠᠳᠠᠭ᠃ | ᠡᠷ᠎ᠡ ᠶᠢᠨ ᠭᠤᠷᠪᠠᠨ ᠨᠠᠭᠠᠳᠣᠮ ᠤᠨ ᠲᠣᠳᠣᠷᠠᠬᠢ ᠶᠠᠮᠠᠷᠴᠦ ᠪᠠᠭᠠᠵᠢ ᠬᠡᠷᠡᠭᠰᠡᠯ ︵ᠤᠨᠤᠭ᠎ᠠ ᠬᠦᠯᠥᠭ︶ ᠤᠨ | ᠬᠠᠪᠰᠣᠷᠣᠯᠭ᠎ᠠ ᠲᠡᠮᠵᠢᠯᠭᠡ ᠦᠭᠡᠢ᠂ ᠴᠤᠯ ᠬᠤᠪᠢ ᠪᠡᠶ᠎ᠡ ᠶᠢᠨ ᠪᠢᠷ᠎ᠠ ᠴᠢᠳᠠᠯ᠂ ᠮᠡᠷᠭᠡᠵᠢᠯ ᠮᠡᠭᠡ᠂ ᠢᠳᠡ ᠬᠦᠴᠦ | ᠲᠡᠮᠡᠴᠡᠨ ᠣᠷᠣᠯᠳᠣᠵᠦ ᠰᠢᠯᠭᠠᠷᠠᠬᠤ ᠶᠢᠨ ᠣᠴᠢᠷ ᠮᠤᠩᠭᠤᠯᠴᠣᠳ ᠪᠦᠬᠡ ᠳᠤ ᠰᠢᠯᠭᠠᠷᠠᠨ ᠴᠣᠯᠠᠯᠠᠭᠳᠠᠭᠰᠠᠳ ᠤᠨ | ᠱᠠᠩᠨᠠᠯ ᠢ ᠡᠷᠬᠢᠮ ᠲᠡᠭᠡᠲᠦ ᠪᠠᠷ ᠦᠵᠡᠳᠡᠭ᠃ ᠲᠡᠶᠢᠮᠤ ᠠᠴᠠ ᠡᠷᠬᠢᠯᠡᠭᠰᠡᠳ ᠤᠨ ᠬᠦᠷᠢᠶ᠎ᠡ ᠬᠡᠪᠴᠢᠶ᠎ᠡ ᠠᠳᠠᠯᠢ ᠪᠤᠰᠤ | ᠴᠦ ᠲᠤᠰ ᠣᠳᠠᠭᠠᠨ ᠤ ᠨᠠᠭᠠᠳᠣᠮ ᠤᠨ ᠲᠦᠷᠦᠯ ᠵᠦᠢᠯ ᠤᠨ ᠱᠠᠩᠨᠠᠯ ᠳᠤ ᠪᠦᠬᠡ ᠳᠤ ᠬᠠᠮᠤᠭ ᠲᠤᠮᠤ ᠱᠠᠩ | ᠬᠦᠷᠳᠡᠭᠡᠳᠡᠭ᠃ ᠲᠡᠮᠡᠭᠡ᠂ ᠡᠮᠡᠬᠡᠯ ᠬᠠᠵᠠᠭᠠᠷᠲᠦ ᠵᠢᠷᠤᠭ᠎ᠠ ᠮᠤᠷᠢ᠂ ᠪᠤᠬ᠎ᠠ᠂ ᠬᠤᠨᠢ ᠁ ᠵᠡᠷᠬᠡ ᠶᠢᠨ ᠱᠠᠩ | ᠣᠯᠭᠤᠳᠠᠭ ᠨᠢ ᠡᠩ ᠤᠨ ᠣᠴᠢᠷ᠃ ᠬᠤᠵᠢᠮ ᠤᠨ ᠤᠷᠤᠯᠳᠤᠭᠠᠨ ᠪᠠᠷᠢᠯᠳᠤᠭᠠᠨ ᠳᠤ ᠨᠡᠩ ᠰᠠᠶᠢᠨ ᠪᠦᠳᠦᠮᠵᠢ | ᠤᠯᠬᠤ ᠶᠢ ᠪᠡᠯᠭᠡᠳᠡᠨ ᠲᠡᠷᠢᠬᠦᠦ ᠨᠤᠭᠤᠯᠤᠭᠠᠨ ᠳᠤ ᠬᠠᠶᠠᠭᠳᠠᠭᠰᠠᠨ ᠪᠦᠬᠡ ᠳᠤ ᠴᠦ ︽ᠰᠢᠷᠦᠢ ᠶᠢᠨ ᠱᠠᠩ︾ | ᠬᠦᠷᠳᠡᠭᠡᠨ ᠵᠤᠷᠢᠭᠵᠢᠭᠤᠯᠳᠠᠭ᠃ |