︵2024 ᠣᠨ ᠤ ᠬᠡᠪᠯᠡᠯ︶ | | ᠵᠢᠩᠬᠢᠨᠢ ᠪᠠ ᠲᠤᠰᠬᠠᠢ ᠮᠡᠷᠭᠡᠵᠢᠯ ᠤᠨ ᠰᠤᠷᠭᠠᠨ ᠬᠥᠮᠦᠵᠢᠯ ᠤᠨ ᠲᠤᠰᠠᠯᠠᠮᠵᠢ | | ᠵᠢᠩᠬᠢᠨᠢ ᠪᠠ ᠲᠤᠰᠬᠠᠢ ᠮᠡᠷᠭᠡᠵᠢᠯ ᠤᠨ ᠤᠯᠤᠰ ᠤᠨ ᠰᠤᠷᠤᠯᠭ᠎ᠠ ᠶᠢᠨ ᠱᠠᠩᠨᠠᠯ ᠤᠨ ᠮᠦᠩᠭᠦ | ᠡᠲᠡᠭᠡᠳ᠄ ᠪᠥᠬᠦ ᠤᠯᠤᠰ ᠤᠨ ᠰᠣᠷᠣᠭᠴᠢ ᠡᠯᠰᠡᠬᠦ ᠲᠥᠯᠥᠪᠯᠡᠭᠡ ᠳᠤ ᠤᠷᠤᠭᠤᠯᠤᠭᠰᠠᠨ ᠪᠦᠬᠦᠯᠢ ᠡᠳᠦᠷ ᠤᠨ | ᠳᠦᠷᠢᠮᠲᠦ ᠵᠢᠩᠬᠢᠨᠢ ᠪᠠ ᠲᠤᠰᠬᠠᠶ ᠮᠡᠷᠭᠡᠵᠢᠯ ︵ᠳᠡᠭᠡᠳᠦ ᠵᠡᠷᠭᠡ ᠶᠢᠨ ᠠᠵᠢᠯ ᠮᠡᠷᠭᠡᠵᠢᠯ᠂ ᠬᠤᠶᠠᠳᠤᠭᠠᠷ ᠣᠶᠤᠲᠠᠨ ᠤ | ᠴᠣᠯᠠ ᠪᠠᠭᠲᠠᠨ᠎ᠠ︶ ᠤᠨ ᠰᠤᠷᠭᠠᠭᠤᠯᠢ ᠳᠤ ᠪᠠᠶᠢᠭ᠎ᠠ ᠣᠨᠴᠠᠭᠠᠶ ᠰᠢᠯᠢᠳᠡᠭ ᠰᠤᠷᠤᠭᠴᠢ᠃ | ᠪᠠᠷᠢᠮᠵᠢᠶ᠎ᠠ᠄ ᠰᠤᠷᠤᠭᠴᠢ ᠪᠦᠷᠢ ᠵᠢᠯ ᠳᠤ 8000 ᠲᠥᠭᠦᠷᠢᠭ ᠪᠣᠯᠤᠨ᠎ᠠ᠃ | | ᠵᠢᠩᠭᠢᠨᠢ ᠪᠠ ᠲᠤᠰᠬᠠᠢ ᠮᠡᠷᠭᠡᠵᠢᠯ ᠤᠨ ᠤᠯᠤᠰ ᠤᠨ ᠰᠤᠷᠤᠯᠭ᠎ᠠ ᠶᠢᠨ ᠵᠤᠷᠢᠭᠵᠢᠭᠤᠯᠤᠯ ᠤᠨ ᠱᠠᠩᠨᠠᠯ ᠤᠨ | ᠮᠦᠩᠭᠦ | ᠡᠲᠡᠭᠡᠳ᠄ ᠪᠥᠬᠦ ᠤᠯᠤᠰ ᠤᠨ ᠰᠤᠷᠤᠭᠴᠢ ᠡᠯᠰᠡᠬᠦ ᠲᠥᠯᠥᠪᠯᠡᠭᠡ ᠳᠤ ᠣᠷᠣᠭᠤᠯᠤᠭᠰᠠᠨ ᠭᠡᠷ ᠪᠦᠯᠢ ᠶᠢᠨ | ᠠᠵᠤ ᠠᠬᠤᠶ ᠨᠢ ᠬᠦᠴᠢᠷᠳᠡᠯ ᠲᠠᠢ ᠪᠦᠬᠦᠯᠢ ᠡᠳᠦᠷ ᠤᠨ ᠳᠦᠷᠢᠮᠲᠦ ᠵᠢᠩᠬᠢᠨᠢ ᠪᠠ ᠲᠤᠰᠬᠠᠶ ᠮᠡᠷᠭᠡᠵᠢᠯ ︵ᠳᠡᠭᠡᠳᠦ | ᠵᠡᠷᠭᠡ ᠶᠢᠨ ᠠᠵᠢᠯ ᠮᠡᠷᠭᠡᠵᠢᠯ᠂ ᠬᠤᠶᠠᠳᠤᠭᠠᠷ ᠣᠶᠤᠲᠠᠨ ᠤ ᠴᠣᠯᠠ ᠪᠠᠭᠲᠠᠨ᠎ᠠ︶ ᠤᠨ ᠰᠤᠷᠭᠠᠭᠤᠯᠢ ᠳᠤ ᠪᠠᠶᠢᠭ᠎ᠠ | ᠮᠣᠷᠠᠯ ᠰᠤᠷᠤᠯᠭ᠎ᠠ ᠰᠠᠶᠢᠳᠠᠢ ᠰᠤᠷᠤᠭᠴᠢ᠃ | ᠪᠠᠷᠢᠮᠵᠢᠶ᠎ᠠ᠄ ᠰᠤᠷᠤᠭᠴᠢ ᠪᠦᠷᠢ ᠵᠢᠯ ᠳᠤ 5000 ᠲᠥᠭᠦᠷᠢᠭ ᠪᠣᠯᠤᠨ᠎ᠠ᠃ | | ᠵᠢᠩᠬᠢᠨᠢ ᠪᠠ ᠲᠤᠰᠬᠠᠢ ᠮᠡᠷᠭᠡᠵᠢᠯ ᠤᠨ ᠤᠯᠤᠰ ᠤᠨ ᠰᠤᠷᠤᠯᠭ᠎ᠠ ᠶᠢᠨ ᠲᠡᠳᠭᠦᠮᠵᠢ ᠶᠢᠨ ᠮᠦᠩᠭᠦ | ᠡᠲᠡᠭᠡᠳ᠄ ᠪᠦᠬᠦ ᠤᠯᠤᠰ ᠤᠨ ᠰᠤᠷᠤᠭᠴᠢ ᠡᠯᠰᠡᠬᠦ ᠲᠥᠯᠥᠪᠯᠡᠭᠡ ᠳᠤ ᠣᠷᠣᠭᠤᠯᠤᠭᠰᠠᠨ ᠭᠡᠷ ᠪᠦᠯᠢ ᠶᠢᠨ | ᠠᠵᠤ ᠠᠬᠤᠢ ᠨᠢ ᠬᠦᠴᠢᠷᠳᠡᠯ ᠲᠠᠢ ᠪᠦᠬᠦᠯᠢ ᠡᠳᠦᠷ ᠤᠨ ᠳᠦᠷᠢᠮᠲᠦ ᠵᠢᠩᠬᠢᠨᠢ ᠪᠠ ᠲᠤᠰᠬᠠᠢ ᠮᠡᠷᠭᠡᠵᠢᠯ ︵ᠪᠡᠯᠡᠳᠬᠡᠯ | ᠠᠩᠭᠢ᠂ ᠳᠡᠭᠡᠳᠦ ᠵᠡᠷᠭᠡ ᠶᠢᠨ ᠠᠵᠢᠯ ᠮᠡᠷᠭᠡᠵᠢᠯ᠂ ᠬᠤᠶᠠᠳᠤᠭᠠᠷ ᠤᠶᠤᠳᠠᠨ ᠤ ᠴᠣᠯᠠ ᠬᠠᠮᠠᠭᠠᠯᠠᠭᠰᠠᠨ ᠰᠤᠷᠤᠭᠴᠢ | ᠪᠠᠭᠲᠠᠨ᠎ᠠ᠃ ᠴᠡᠷᠢᠭ ᠠᠴᠠ ᠬᠠᠯᠠᠭᠳᠠᠭᠰᠠᠨ ᠰᠤᠷᠤᠭᠴᠢ ᠶᠢ ᠪᠠᠭᠲᠠᠭᠠᠬᠤ ᠦᠭᠡᠢ︶ ᠤᠨ ᠰᠤᠷᠭᠠᠭᠤᠯᠢ ᠳᠤ ᠪᠠᠶᠢᠭ᠎ᠠ | ᠰᠤᠷᠤᠭᠴᠢ᠃ | ᠪᠠᠷᠢᠮᠵᠢᠶ᠎ᠠ᠄ ᠰᠤᠷᠤᠭᠴᠢ ᠨᠢᠭᠡᠪᠦᠷᠢ ᠵᠢᠯ ᠪᠦᠷᠢ 3300 ᠲᠥᠭᠦᠷᠢᠭ᠂ ᠪᠣᠳᠠᠲᠠᠶ ᠪᠠᠷᠢᠮᠵᠢᠶ᠎ᠠ ᠶᠢ ᠳᠡᠭᠡᠳᠦ | ᠰᠤᠷᠭᠠᠭᠤᠯᠢ ᠶᠢᠨ ᠰᠤᠷᠤᠭᠴᠢ ᠨᠢᠭᠡᠪᠦᠷᠢ ᠵᠢᠯ ᠪᠦᠷᠢ 2000— 4500 ᠲᠥᠭᠦᠷᠢᠭ ᠤᠨ ᠬᠡᠪᠴᠢᠶᠡᠨ ᠳᠣᠲᠣᠷ᠎ᠠ | ᠥᠪᠡᠷ ᠢᠶᠠᠨ ᠲᠣᠭᠲᠠᠭᠠᠵᠤ᠂ 2— 3 ᠳᠡᠰ ᠬᠤᠪᠢᠶᠠᠵᠤ ᠪᠣᠯᠤᠨ᠎ᠠ᠃ ᠪᠦᠬᠦᠯᠢ ᠡᠳᠦᠷ ᠤᠨ ᠳᠦᠷᠢᠮᠲᠦ | ᠰᠤᠷᠭᠠᠭᠤᠯᠢ ᠳᠤ ᠪᠠᠶᠢᠭ᠎ᠠ ᠴᠡᠷᠢᠭ ᠠᠴᠠ ᠬᠠᠯᠠᠭᠳᠠᠭᠰᠠᠨ ᠰᠤᠷᠤᠭᠴᠢ ᠪᠦᠬᠦᠨ ᠴᠥᠮ ᠵᠢᠩᠬᠢᠨᠢ ᠪᠠ ᠲᠤᠰᠬᠠᠶ | ᠮᠡᠷᠭᠡᠵᠢᠯ ᠤᠨ ᠠᠩᠭᠢ ᠶᠢᠨ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠶᠢ ᠬᠦᠷᠲᠡᠵᠦ᠂ ᠵᠣᠭᠤᠰ ᠢᠶᠠᠷ | ᠲᠤᠰᠠᠯᠠᠬᠤ ᠪᠠᠷᠢᠮᠵᠢᠶ᠎ᠠ ᠨᠢ ᠰᠤᠷᠤᠭᠴᠢ ᠨᠢᠭᠡᠪᠦᠷᠢ ᠵᠢᠯ ᠪᠦᠷᠢ 3300 ᠲᠥᠭᠦᠷᠢᠭ ᠪᠣᠯᠤᠨ᠎ᠠ᠃ | | ᠵᠢᠩᠬᠢᠨᠢ ᠪᠠ ᠲᠤᠰᠬᠠᠢ ᠮᠡᠷᠭᠡᠵᠢᠯ ᠤᠨ ᠠᠩᠭᠢ ᠶᠢᠨ ᠰᠤᠷᠤᠭᠴᠢ ᠳᠤ ᠤᠯᠭᠤᠬᠤ ᠥᠪᠡᠷᠲᠡᠭᠡᠨ ᠵᠠᠰᠠᠬᠤ | ᠣᠷᠣᠨ ᠤ ᠰᠤᠷᠤᠯᠭ᠎ᠠ ᠶᠢᠨ ᠱᠠᠩᠨᠠᠯ ᠤᠨ ᠮᠥᠩᠭᠦ | ᠡᠳᠡᠭᠡᠳ᠄ ᠥᠪᠡᠷᠲᠡᠭᠡᠨ ᠵᠠᠰᠠᠬᠤ ᠣᠷᠣᠨ ᠤ ᠳᠡᠭᠡᠳᠦ ᠰᠤᠷᠭᠠᠭᠤᠯᠢ ᠶᠢᠨ ᠪᠦᠬᠦᠯᠢ ᠡᠳᠦᠷ ᠤᠨ ᠳᠦᠷᠢᠮᠲᠦ | ᠵᠢᠩᠬᠢᠨᠢ ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ ᠤᠨᠴᠠᠭᠠᠢ ᠰᠢᠯᠢᠳᠡᠭ ᠰᠤᠷᠤᠭᠴᠢ᠃ | ᠪᠠᠷᠢᠮᠵᠢᠶ᠎ᠠ᠄ ᠰᠤᠷᠤᠭᠴᠢ ᠪᠦᠷᠢ ᠵᠢᠯ ᠳᠤ 6000 ᠲᠥᠭᠦᠷᠢᠭ ᠪᠣᠯᠤᠨ᠎ᠠ᠃ | | ᠵᠢᠩᠬᠢᠨᠢ ᠠᠩᠭᠢ ᠪᠠ ᠲᠤᠰᠬᠠᠢ ᠮᠡᠷᠭᠡᠵᠢᠯ ᠤᠨ ᠠᠩᠭᠢ ᠶᠢᠨ ᠰᠤᠷᠤᠭᠴᠢ ᠳᠤ ᠤᠯᠭᠤᠬᠤ ᠥᠪᠡᠷᠲᠡᠭᠡᠨ | ᠵᠠᠰᠠᠬᠤ ᠣᠷᠣᠨ ᠤ ᠵᠤᠷᠢᠭᠵᠢᠭᠤᠯᠤᠯ ᠤᠨ ᠰᠤᠷᠤᠯᠭ᠎ᠠ ᠶᠢᠨ ᠱᠠᠩᠨᠠᠯ ᠤᠨ ᠮᠥᠩᠭᠦ | ᠡᠳᠡᠭᠡᠳ᠄ ᠥᠪᠡᠷᠲᠡᠭᠡᠨ ᠵᠠᠰᠠᠬᠤ ᠣᠷᠣᠨ ᠤ ᠳᠡᠭᠡᠳᠦ ᠰᠤᠷᠭᠠᠭᠤᠯᠢ ᠶᠢᠨ ᠭᠡᠷ ᠪᠦᠯᠢ ᠶᠢᠨ ᠠᠵᠤ ᠠᠬᠤᠶ ᠨᠢ | ᠬᠦᠴᠢᠷᠳᠡᠯᠲᠡᠶ ᠪᠦᠬᠦᠯᠢ ᠡᠳᠦᠷ ᠤᠨ ᠳᠦᠷᠢᠮᠲᠦ ᠵᠢᠩᠬᠢᠨᠢ ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ ᠮᠣᠷᠠᠯ | ᠰᠤᠷᠤᠯᠭ᠎ᠠ ᠰᠠᠶᠢᠳᠠᠢ ᠰᠤᠷᠤᠭᠴᠢ᠃ | ᠪᠠᠷᠢᠮᠵᠢᠶ᠎ᠠ᠄ ᠰᠤᠷᠤᠭᠴᠢ ᠪᠦᠷᠢ ᠵᠢᠯ ᠳᠤ 4000 ᠲᠥᠭᠦᠷᠢᠭ ᠪᠤᠯᠤᠨ᠎ᠠ᠃ | | ᠰᠤᠷᠤᠭᠴᠢ ᠶᠢᠨ ᠢᠷᠡᠯᠲᠡ ᠶᠢᠨ ᠭᠠᠵᠠᠷ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ | ᠡᠲᠡᠭᠡᠳ᠄ ᠪᠦᠬᠦᠯᠢ ᠡᠳᠦᠷ ᠤᠨ ᠳᠦᠷᠢᠮᠲᠦ ᠡᠩ ᠤᠨ ᠶᠡᠭᠡ ᠳᠡᠭᠡᠳᠦ ᠰᠤᠷᠭᠠᠭᠤᠯᠢ᠂ ᠳᠡᠭᠡᠳᠦ ᠵᠡᠷᠭᠡ ᠶᠢᠨ | ᠠᠵᠢᠯ ᠮᠡᠷᠭᠡᠵᠢᠯ ᠤᠨ ᠰᠤᠷᠭᠠᠭᠤᠯᠢ ᠪᠠ ᠳᠡᠭᠡᠳᠦ ᠵᠡᠷᠭᠡ ᠶᠢᠨ ᠲᠤᠰᠬᠠᠶ ᠮᠡᠷᠭᠡᠵᠢᠯ ᠤᠨ ᠰᠤᠷᠭᠠᠭᠤᠯᠢ ᠳᠤ ᠵᠢᠩᠬᠢᠨᠢ ᠪᠠᠷ | ᠡᠯᠰᠡᠭᠳᠡᠵᠦ᠂ ᠦᠨᠡᠨ ᠪᠣᠳᠠᠲᠠᠶ᠂ ᠬᠠᠤᠯᠢ ᠶᠣᠰᠣᠨ ᠤ᠂ ᠬᠦᠴᠦᠨ ᠲᠡᠭᠦᠯᠳᠡᠷ ᠡᠯᠰᠡᠬᠦ ᠮᠡᠳᠡᠭᠳᠡᠯ ᠤᠨ ᠪᠢᠴᠢᠭ ᠢ | ᠣᠯᠤᠭᠰᠠᠨ ᠰᠢᠨ᠎ᠡ ᠰᠤᠷᠤᠭᠴᠢ ᠪᠤᠶᠤ ᠳᠡᠭᠡᠳᠦ ᠰᠤᠷᠭᠠᠭᠤᠯᠢ ᠳᠤ ᠰᠤᠷᠤᠯᠴᠠᠵᠤ ᠪᠠᠶᠢᠭ᠎ᠠ ᠵᠢᠩᠬᠢᠨᠢ ᠠᠩᠭᠢ ᠲᠤᠰᠬᠠᠶ | ᠮᠡᠷᠭᠡᠵᠢᠯ ᠤᠨ ᠠᠩᠭᠢ ᠶᠢᠨ ᠰᠤᠷᠤᠭᠴᠢ᠂ ᠠᠰᠫᠢᠷᠠᠨᠲ ᠪᠠ ᠬᠤᠶᠠᠳᠤᠭᠠᠷ ᠣᠶᠤᠲᠠᠨ ᠤ ᠴᠤᠯᠠ ᠲᠠᠢ ᠰᠤᠷᠤᠭᠴᠢ | ᠪᠣᠯᠤᠨ᠎ᠠ᠃ | ᠪᠠᠷᠢᠮᠵᠢᠶ᠎ᠠ᠄ ᠵᠢᠩᠬᠢᠨᠢ ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ ᠰᠣᠷᠣᠭᠴᠢ ᠨᠢᠭᠡᠪᠦᠷᠢ ᠳᠤ ᠵᠢᠯ ᠳᠤ | ᠬᠠᠮᠤᠭ ᠤᠨ ᠥᠨᠳᠥᠷ ᠲᠡᠭᠡᠨ 16000 ᠲᠥᠭᠦᠷᠢᠭ ᠠᠴᠠ ᠲᠠᠪᠠᠭᠤᠯᠵᠤ ᠪᠣᠯᠬᠤ ᠥᠬᠡᠶ᠂ ᠰᠤᠳᠤᠯᠬᠤ ᠰᠣᠷᠣᠭᠴᠢ | ᠨᠢᠭᠡᠪᠦᠷᠢ ᠳᠤ ᠵᠢᠯ ᠳᠤ ᠬᠠᠮᠤᠭ ᠤᠨ ᠥᠨᠳᠥᠷ ᠲᠡᠭᠡᠨ 20000 ᠲᠥᠭᠦᠷᠢᠭ ᠠᠴᠠ ᠲᠠᠪᠠᠭᠤᠯᠵᠤ ᠪᠣᠯᠬᠤ ᠥᠬᠡᠶ᠃ | | ᠴᠡᠷᠢᠭ ᠤᠨ ᠠᠯᠪᠠ ᠬᠠᠭᠠᠭᠠᠵᠤ ᠪᠠᠶᠢᠭ᠎ᠠ ᠳᠡᠭᠡᠳᠦ ᠵᠡᠷᠭᠡ ᠶᠢᠨ ᠰᠤᠷᠭᠠᠭᠤᠯᠢ ᠶᠢᠨ ᠰᠤᠷᠤᠭᠴᠢ ᠳᠤ ᠤᠯᠭᠤᠬᠤ | ᠤᠯᠤᠰ ᠤᠨ ᠰᠤᠷᠭᠠᠨ ᠬᠥᠮᠦᠵᠢᠯ ᠤᠨ ᠲᠤᠰᠠᠯᠠᠮᠵᠢ ᠶᠢᠨ ᠮᠥᠩᠭᠦ | ᠡᠲᠡᠭᠡᠳ᠄ ᠴᠡᠷᠢᠭ ᠲᠤ ᠡᠯᠰᠡᠭᠳᠡᠵᠦ ᠠᠯᠪᠠᠨ ᠵᠢᠷᠤᠮ ᠤᠨ ᠴᠡᠷᠢᠭ ᠤᠨ ᠠᠯᠪᠠ ᠬᠠᠭᠠᠭᠠᠵᠤ᠂ ᠪᠠᠭ᠎ᠠ | ᠣᠹᠢᠼᠧᠷ ᠢᠶᠠᠷ ᠡᠯᠰᠡᠭᠳᠡᠭᠰᠡᠨ᠂ ᠴᠡᠷᠢᠭ ᠤᠨ ᠠᠯᠪᠠ ᠠᠴᠠ ᠬᠠᠯᠠᠭᠳᠠᠭᠰᠠᠨ ᠤ ᠳᠠᠷᠠᠭ᠎ᠠ ᠰᠤᠷᠤᠯᠭ᠎ᠠ ᠪᠠᠨ | ᠰᠡᠷᠭᠦᠭᠡᠭᠰᠡᠨ ᠪᠤᠶᠤ ᠰᠤᠷᠭᠠᠭᠤᠯᠢ ᠳᠤ ᠤᠷᠤᠭᠰᠠᠨ ᠳᠡᠭᠡᠳᠦ ᠵᠡᠷᠭᠡ ᠶᠢᠨ ᠰᠤᠷᠭᠠᠭᠤᠯᠢ ᠶᠢᠨ ᠰᠤᠷᠤᠭᠴᠢᠳ ᠲᠤ | ᠰᠤᠷᠤᠯᠭ᠎ᠠ ᠶᠢᠨ ᠵᠠᠷᠤᠳᠠᠯ ᠢ ᠨᠥᠬᠦᠪᠦᠷᠢᠯᠡᠬᠦ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢ ᠣᠷᠣᠯᠠᠨ | ᠲᠥᠯᠥᠬᠦ᠂ ᠰᠤᠷᠤᠯᠭ᠎ᠠ ᠶᠢᠨ ᠵᠠᠷᠤᠳᠠᠯ ᠢ ᠬᠠᠰᠤᠵᠤ ᠬᠡᠯᠲᠦᠷᠢᠭᠦᠯᠬᠦ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠨ᠎ᠡ᠃ | ᠪᠠᠷᠢᠮᠵᠢᠶ᠎ᠠ᠄ ᠰᠤᠷᠤᠯᠭ᠎ᠠ ᠶᠢᠨ ᠵᠠᠷᠤᠳᠠᠯ ᠢ ᠨᠥᠬᠦᠪᠥᠷᠢᠯᠡᠬᠦ ᠪᠤᠶᠤ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ | ᠵᠢᠭᠡᠯᠡᠯᠭᠡ ᠶᠢ ᠣᠷᠣᠯᠠᠨ ᠲᠦᠯᠦᠬᠦ ᠶᠢ᠂ ᠰᠤᠷᠤᠭᠴᠢᠳ ᠤᠨ ᠪᠣᠳᠠᠲᠠᠶ ᠲᠤᠰᠢᠶᠠᠭᠰᠠᠨ ᠰᠤᠷᠤᠯᠭ᠎ᠠ ᠶᠢᠨ ᠰᠦᠢᠳᠬᠡᠯ | ᠪᠤᠶᠤ ᠰᠤᠷᠤᠯᠭ᠎ᠠ ᠶᠢᠨ ᠰᠦᠢᠳᠬᠡᠯ ᠳᠤ ᠬᠡᠷᠡᠭᠯᠡᠭᠰᠡᠨ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ︵ | ᠡᠬᠡ ᠮᠥᠩᠭᠦ ᠵᠢᠴᠢ ᠪᠦᠬᠦᠨ ᠢ ᠨᠢ ᠪᠤᠴᠠᠭᠠᠬᠤ ᠠᠴᠠ ᠡᠮᠦᠨᠡᠬᠢ ᠭᠠᠷᠤᠭᠰᠠᠨ ᠬᠦᠦ ᠮᠥᠩᠭᠦ ᠶᠢ ᠪᠠᠭᠲᠠᠭᠠᠨ᠎ᠠ︶ ᠶᠢᠨ | ᠵᠣᠭᠤᠰ ᠤᠨ ᠲᠤᠭ᠎ᠠ ᠨᠢ ᠨᠡᠯᠢᠶᠡᠳ ᠥᠨᠳᠥᠷ ᠪᠣᠯ ᠬᠡᠷᠡᠭᠵᠢᠭᠦᠯᠦᠨ᠎ᠡ᠂ ᠰᠤᠷᠤᠯᠭ᠎ᠠ ᠪᠠᠨ ᠰᠡᠷᠭᠦᠭᠡᠬᠦ ᠪᠤᠶᠤ ᠰᠢᠨ᠎ᠡ | ᠰᠤᠷᠤᠭᠴᠢ ᠰᠤᠷᠭᠠᠭᠤᠯᠢ ᠳᠤ ᠤᠷᠤᠭᠰᠠᠨ ᠤ ᠳᠠᠷᠠᠭ᠎ᠠ ᠰᠤᠷᠤᠯᠭ᠎ᠠ ᠶᠢᠨ ᠰᠦᠢᠳᠬᠡᠯ ᠢ ᠬᠠᠰᠤᠵᠤ ᠬᠡᠯᠲᠦᠷᠢᠭᠦᠯᠦᠭᠰᠡᠨ | ᠵᠣᠭᠤᠰ ᠤᠨ ᠲᠤᠭ᠎ᠠ ᠶᠢ ᠳᠡᠭᠡᠳᠦ ᠰᠤᠷᠭᠠᠭᠤᠯᠢ ᠶᠢᠨ ᠪᠣᠳᠠᠲᠠᠶ ᠬᠤᠷᠢᠶᠠᠭᠰᠠᠨ ᠰᠦᠢᠳᠬᠡᠯ ᠤᠨ ᠲᠤᠭ᠎ᠠ ᠶᠤᠰᠤ ᠪᠠᠷ | ᠬᠡᠷᠡᠭᠵᠢᠭᠦᠯᠦᠨ᠎ᠡ᠃ | | ᠰᠤᠷᠤᠯᠭ᠎ᠠ ᠶᠢᠨ ᠵᠠᠷᠤᠳᠠᠯ ᠢ ᠨᠥᠬᠦᠪᠥᠷᠢᠯᠡᠬᠦ᠂ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢ | ᠣᠷᠣᠯᠠᠨ ᠲᠥᠯᠥᠬᠦ ᠵᠢᠴᠢ ᠰᠤᠷᠤᠯᠭ᠎ᠠ ᠶᠢᠨ ᠰᠦᠢᠳᠬᠡᠯ ᠢ ᠬᠠᠰᠤᠵᠤ ᠬᠡᠯᠲᠦᠷᠢᠭᠦᠯᠬᠦ ᠪᠠᠷᠢᠮᠵᠢᠶ᠎ᠠ ᠶᠢ ᠵᠢᠩᠬᠢᠨᠢ ᠠᠩᠭᠢ | ᠪᠠ ᠲᠤᠰᠬᠠᠶ ᠮᠡᠷᠭᠡᠵᠢᠯ ᠤᠨ ᠠᠩᠭᠢ ᠶᠢᠨ ᠰᠤᠷᠤᠭᠴᠢ ᠨᠢᠭᠡᠪᠦᠷᠢ ᠵᠢᠯ ᠪᠦᠷᠢ ᠬᠠᠮᠤᠭ ᠥᠨᠳᠥᠷ ᠲᠡᠭᠡᠨ 16000 | ᠲᠥᠭᠦᠷᠢᠭ ᠠᠴᠠ ᠳᠠᠪᠠᠭᠤᠯᠬᠤ ᠦᠭᠡᠶ᠂ ᠰᠤᠳᠤᠯᠬᠤ ᠰᠤᠷᠤᠭᠴᠢ ᠶᠢᠨ ᠰᠤᠷᠤᠭᠴᠢ ᠨᠢᠭᠡᠪᠦᠷᠢ ᠶᠢᠨ ᠬᠢ ᠶᠢ ᠬᠠᠮᠤᠭ | ᠥᠨᠳᠥᠷ ᠲᠡᠭᠡᠨ 20000 ᠲᠥᠭᠦᠷᠢᠭ ᠠᠴᠠ ᠳᠠᠪᠠᠭᠤᠯᠬᠤ ᠦᠭᠡᠶ᠃ ᠪᠠᠷᠢᠮᠵᠢᠶ᠎ᠠ ᠠᠴᠠ ᠬᠡᠲᠦᠷᠡᠭᠰᠡᠨ ᠬᠡᠰᠡᠭ ᠢ | ᠨᠥᠬᠦᠪᠥᠷᠢᠯᠡᠬᠦ᠂ ᠣᠷᠣᠯᠠᠨ ᠥᠭᠬᠦ ᠪᠤᠶᠤ ᠬᠠᠰᠤᠵᠤ ᠬᠡᠯᠲᠦᠷᠢᠭᠦᠯᠵᠦ ᠪᠣᠯᠬᠤ ᠦᠭᠡᠢ᠃ | | ᠦᠨᠳᠦᠰᠦᠨ ᠱᠠᠲᠤᠨ ᠤ ᠠᠵᠢᠯ ᠣᠯᠬᠤ ᠰᠤᠷᠤᠯᠭ᠎ᠠ ᠶᠢᠨ ᠰᠦᠢᠳᠬᠡᠯ ᠢ ᠲᠥᠯᠥᠬᠦ ᠵᠢᠭᠡᠯᠡᠯᠭᠡ ᠶᠢ ᠣᠷᠣᠯᠠᠨ | ᠲᠥᠯᠥᠬᠦ | ᠡᠲᠡᠭᠡᠳ᠄ ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠳᠡᠭᠡᠳᠦ ᠰᠤᠷᠭᠠᠭᠤᠯᠢ ᠶᠢᠨ ᠪᠦᠬᠦᠯᠢ | ᠡᠳᠦᠷ ᠤᠨ ᠳᠦᠷᠢᠮᠲᠦ ᠵᠢᠩᠬᠢᠨᠢ ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ ᠲᠤᠰ ᠬᠤᠭᠤᠴᠠᠭᠠᠨ ᠤ | ᠲᠡᠭᠦᠰᠦᠭᠰᠡᠳ ᠰᠠᠶᠢᠨ ᠳᠤᠷ᠎ᠠ ᠠᠴᠠ ᠪᠠᠨ ᠥᠪᠡᠷᠲᠡᠭᠡᠨ ᠵᠠᠰᠠᠬᠤ ᠣᠷᠣᠨ ᠤ ᠳᠣᠲᠣᠷᠠᠬᠢ ᠬᠠᠲᠠᠭᠤᠵᠢᠯᠲᠠᠶ ᠠᠯᠤᠰ | ᠬᠢᠵᠠᠭᠠᠷ ᠭᠠᠵᠠᠷ ᠣᠷᠣᠨ ᠤ ᠦᠨᠳᠦᠰᠦᠨ ᠱᠠᠲᠤᠨ ᠤ ᠨᠢᠭᠡᠴᠢ ᠳᠤ ᠬᠦᠷᠴᠦ ᠠᠵᠢᠯ ᠣᠯᠵᠤ᠂ ᠦᠢᠯᠡᠴᠢᠯᠡᠬᠦ | ᠬᠤᠭᠤᠴᠠᠭ᠎ᠠ ᠨᠢ 3 ᠵᠢᠯ ᠠᠴᠠ ᠳᠡᠭᠡᠭᠰᠢ ︵3 ᠵᠢᠯ ᠢ ᠪᠠᠭᠲᠠᠭᠠᠨ᠎ᠠ︶ ᠪᠠᠶᠢᠵᠤ᠂ ᠦᠢᠯᠡᠴᠢᠯᠡᠬᠦ ᠬᠤᠭᠤᠴᠠᠭ᠎ᠠ ᠨᠢ | ᠳᠦᠭᠦᠷᠦᠭᠰᠡᠨ ᠤ ᠬᠠᠮᠲᠤ ᠬᠢᠨᠠᠨ ᠰᠢᠯᠭᠠᠭᠠᠳ ᠬᠢᠷᠢ ᠲᠡᠩᠴᠡᠭᠰᠡᠨ ᠰᠤᠷᠤᠭᠴᠢ᠃ | ᠪᠠᠷᠢᠮᠵᠢᠶ᠎ᠠ᠄ ᠵᠢᠩᠬᠢᠨᠢ ᠠᠩᠭᠢ ᠪᠠ ᠲᠤᠰᠬᠠᠶ ᠮᠡᠷᠭᠡᠵᠢᠯ ᠤᠨ ᠠᠩᠭᠢ ᠶᠢᠨ ᠰᠣᠷᠣᠭᠴᠢ ᠨᠢᠭᠡᠪᠦᠷᠢ ᠳᠤ ᠵᠢᠯ ᠳᠤ | ᠬᠠᠮᠤᠭ ᠥᠨᠳᠥᠷ ᠲᠡᠭᠡᠨ 16000 ᠲᠥᠭᠦᠷᠢᠭ ᠠᠴᠠ ᠲᠠᠪᠠᠭᠤᠯᠵᠤ ᠪᠣᠯᠬᠤ ᠥᠬᠡᠶ᠂ ᠰᠤᠳᠤᠯᠬᠤ ᠰᠣᠷᠣᠭᠴᠢ | ᠨᠢᠭᠡᠪᠦᠷᠢ ᠳᠤ ᠵᠢᠯ ᠳᠤ ᠬᠠᠮᠤᠭ ᠥᠨᠳᠥᠷ ᠲᠡᠭᠡᠨ 20000 ᠲᠥᠭᠦᠷᠢᠭ ᠠᠴᠠ ᠲᠠᠪᠠᠭᠤᠯᠵᠤ ᠪᠣᠯᠬᠤ ᠥᠬᠡᠶ ᠃ | | ᠰᠤᠷᠭᠠᠭᠤᠯᠢ ᠲᠡᠭᠦᠰᠦᠭᠰᠡᠳ ᠰᠤᠷᠭᠠᠭᠤᠯᠢ ᠳᠤ ᠰᠤᠷᠤᠯᠴᠠᠵᠤ ᠪᠠᠶᠢᠬᠤ ᠬᠤᠭᠤᠴᠠᠭᠠᠨ ᠳᠤ ᠵᠢᠯ ᠪᠦᠷᠢ ᠪᠣᠳᠠᠲᠠᠶ | ᠲᠤᠰᠢᠶᠠᠭᠰᠠᠨ ᠰᠤᠷᠤᠯᠭ᠎ᠠ ᠶᠢᠨ ᠰᠦᠢᠳᠬᠡᠯ ᠪᠤᠶᠤ ᠣᠯᠤᠭᠰᠠᠨ ᠤᠯᠤᠰ ᠤᠨ ᠰᠤᠷᠤᠯᠭ᠎ᠠ ᠶᠢᠨ ᠲᠡᠳᠬᠦᠮᠵᠢ ᠶᠢᠨ | ᠵᠢᠭᠡᠯᠡᠯᠭᠡ ᠨᠢ ᠨᠥᠬᠦᠪᠥᠷᠢ ᠥᠭᠴᠦ ᠣᠷᠣᠯᠠᠨ ᠲᠥᠯᠥᠬᠦ ᠪᠠᠷᠢᠮᠵᠢᠶ᠎ᠠ ᠠᠴᠠ ᠳᠣᠤᠷ᠎ᠠ ᠪᠠᠶᠢᠪᠠᠯ᠂ ᠪᠣᠳᠠᠲᠠᠶ | ᠲᠤᠰᠢᠶᠠᠭᠰᠠᠨ ᠵᠣᠭᠤᠰ ᠤᠨ ᠲᠤᠭ᠎ᠠ ᠪᠠᠷ ᠨᠥᠬᠦᠪᠥᠷᠢ ᠥᠭᠴᠦ ᠣᠷᠣᠯᠠᠨ ᠲᠥᠯᠥᠬᠦ ᠶᠢ ᠬᠡᠷᠡᠭᠵᠢᠭᠦᠯᠦᠨ᠎ᠡ︔ | ᠨᠥᠬᠦᠪᠥᠷᠢ ᠥᠭᠴᠦ ᠣᠷᠣᠯᠠᠨ ᠲᠥᠯᠥᠬᠦ ᠪᠠᠷᠢᠮᠵᠢᠶ᠎ᠠ ᠠᠴᠠ ᠥᠨᠳᠥᠷ ᠪᠠᠶᠢᠪᠠᠯ᠂ ᠲᠣᠭᠲᠠᠭᠠᠭᠰᠠᠨ ᠪᠠᠷᠢᠮᠵᠢᠶ᠎ᠠ | ᠶᠣᠰᠣᠭᠠᠷ ᠨᠥᠬᠦᠪᠥᠷᠢ ᠥᠭᠴᠦ ᠣᠷᠣᠯᠠᠨ ᠲᠥᠯᠥᠬᠦ ᠶᠢ ᠬᠡᠷᠡᠭᠵᠢᠭᠦᠯᠦᠨ᠎ᠡ᠃ | | ᠡᠩ ᠤᠨ ᠶᠡᠭᠡ ᠳᠡᠭᠡᠳᠦ ᠰᠤᠷᠭᠠᠭᠤᠯᠢ ᠶᠢᠨ ᠭᠡᠷ ᠪᠦᠯᠢ ᠶᠢᠨ ᠠᠵᠤ ᠠᠬᠤᠢ ᠨᠢ ᠬᠦᠴᠢᠷᠳᠡᠯᠲᠡᠢ | ᠰᠤᠷᠤᠭᠴᠢᠳ ᠤᠨ ᠰᠤᠷᠭᠠᠭᠤᠯᠢ ᠳᠤ ᠣᠷᠣᠬᠤ ᠶᠢ ᠲᠤᠰᠠᠯᠠᠬᠤ | ᠡᠲᠡᠭᠡᠳ᠄ ᠶᠡᠭᠡ ᠰᠤᠷᠭᠠᠭᠤᠯᠢ ᠶᠢᠨ ᠰᠢᠨ᠎ᠡ ᠰᠤᠷᠤᠭᠴᠢ᠄ 2021 ᠣᠨ ᠤ ᠨᠠᠮᠤᠷ ᠤᠨ ᠤᠯᠠᠷᠢᠯ ᠤᠨ | ᠰᠤᠷᠤᠯᠭ᠎ᠠ ᠶᠢᠨ ᠬᠤᠭᠤᠴᠠᠭ᠎ᠠ ᠠᠴᠠ ᠡᠬᠢᠯᠡᠨ᠂ ᠰᠤᠷᠭᠠᠨ ᠬᠥᠮᠦᠵᠢᠯ ᠤᠨ ᠰᠣᠷᠣᠭᠴᠢ ᠡᠯᠰᠡᠬᠦ ᠰᠢᠯᠭᠠᠯᠲᠠ ᠶᠢᠨ | ᠰᠠᠯᠠᠭ᠎ᠠ ᠮᠥᠴᠢᠷ ᠠᠴᠠ ᠡᠩ ᠤᠨ ᠳᠡᠭᠡᠳᠦ ᠵᠡᠷᠭᠡ ᠶᠢᠨ ᠰᠤᠷᠭᠠᠭᠤᠯᠢ ᠳᠤ ᠵᠢᠩᠬᠢᠨᠢ ᠪᠠᠷ ᠡᠯᠰᠡᠭᠰᠡᠨ ᠰᠢᠨ᠎ᠡ | ᠰᠤᠷᠤᠭᠴᠢ ᠪᠥᠭᠡᠳ ᠡᠯᠰᠡᠭᠳᠡᠭᠰᠡᠨ ᠲᠣᠰ ᠵᠢᠯ ᠤᠨ 9 ᠰᠠᠷ᠎ᠠ ᠶᠢᠨ 1 ᠤ ᠡᠳᠦᠷ ᠥᠪᠡᠷᠲᠡᠭᠡᠨ ᠵᠠᠰᠠᠬᠤ ᠣᠷᠣᠨ ᠤ | ᠬᠤᠲᠠ ᠬᠥᠳᠡᠭᠡ ᠶᠢᠨ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠭᠥᠷᠳᠡᠵᠦ ᠪᠠᠶᠢᠭ᠎ᠠ ᠬᠡᠷ ᠪᠦᠯᠢ ᠶᠢᠨ ᠦᠷ᠎ᠡ | ᠬᠡᠤᠬᠡᠳ ᠪᠠ ᠥᠨᠥᠴᠢᠨ ᠬᠡᠦᠬᠡᠳ ᠃ | ᠰᠤᠷᠤᠯᠴᠠᠵᠤ ᠪᠠᠶᠢᠭ᠎ᠠ ᠰᠤᠷᠤᠭᠴᠢᠳ᠄ 2021 ᠣᠨ ᠤ ᠨᠠᠮᠤᠷ ᠤᠨ ᠤᠯᠠᠷᠢᠯ ᠤᠨ ᠬᠤᠭᠤᠴᠠᠭ᠎ᠠ ᠠᠴᠠ | ᠡᠬᠢᠯᠡᠨ᠂ ᠰᠤᠷᠭᠠᠨ ᠬᠥᠮᠦᠵᠢᠯ ᠤᠨ ᠰᠤᠷᠤᠭᠴᠢ ᠡᠯᠰᠡᠬᠦ ᠰᠢᠯᠭᠠᠯᠲᠠ ᠶᠢᠨ ᠰᠠᠯᠠᠭ᠎ᠠ ᠮᠥᠴᠢᠷ ᠠᠴᠠ ᠡᠩ ᠤᠨ ᠳᠡᠭᠡᠳᠦ | ᠵᠡᠷᠭᠡ ᠶᠢᠨ ᠰᠤᠷᠭᠠᠭᠤᠯᠢ ᠳᠤ ᠵᠢᠩᠬᠢᠨᠢ ᠪᠠᠷ ᠡᠯᠰᠡᠭᠰᠡᠨ ᠰᠢᠨ᠎ᠡ ᠰᠤᠷᠤᠭᠴᠢ ᠪᠦᠷᠭᠡᠳ ᠡᠯᠰᠡᠭᠳᠡᠭᠰᠡᠨ ᠲᠤᠰ ᠵᠢᠯ ᠤᠨ | 9 ᠰᠠᠷ᠎ᠠ ᠶᠢᠨ 1 ᠤ ᠡᠳᠦᠷ ᠥᠪᠡᠷᠲᠡᠭᠡᠨ ᠵᠠᠰᠠᠬᠤ ᠣᠷᠣᠨ ᠤ ᠬᠤᠲᠠ ᠬᠥᠳᠡᠭᠡ ᠶᠢᠨ ᠠᠮᠢᠳᠤᠷᠠᠯ ᠤᠨ ᠨᠠᠭᠠᠳᠤ | ᠵᠠᠬ᠎ᠠ ᠶᠢᠨ ᠪᠠᠲᠤᠯᠠᠭ᠎ᠠ ᠬᠦᠷᠲᠡᠵᠦ ᠪᠠᠶᠢᠭ᠎ᠠ ᠭᠡᠷ ᠪᠦᠯᠢ ᠶᠢᠨ ᠦᠷ᠎ᠡ ᠬᠡᠦᠬᠡᠳ ᠪᠠ ᠥᠨᠥᠴᠢᠨ ᠬᠡᠦᠬᠡᠳ ᠢᠶᠠᠷ | ᠲᠤᠭᠳᠠᠭᠠᠭᠳᠠᠭᠰᠠᠨ ᠪᠦᠬᠦᠯᠢ ᠡᠳᠦᠷ ᠤᠨ ᠳᠦᠷᠢᠮᠲᠦ ᠵᠢᠩᠬᠢᠨᠢ ᠪᠠ ᠲᠤᠰᠬᠠᠢ ᠮᠡᠷᠭᠡᠵᠢᠯ ᠤᠨ ᠠᠩᠭᠢ ᠶᠢᠨ ᠰᠤᠷᠤᠭᠴᠢ | ︵2021 ᠣᠨ ᠠᠴᠠ ᠡᠮᠦᠨ᠎ᠡ ᠰᠤᠷᠭᠠᠭᠤᠯᠢ ᠳᠤ ᠣᠷᠣᠵᠤ ᠰᠤᠷᠤᠯᠴᠠᠵᠤ ᠪᠠᠶᠢᠭ᠎ᠠ ᠰᠤᠷᠤᠭᠴᠢ ᠶᠢ ᠪᠠᠭᠲᠠᠭᠠᠬᠤ | ᠦᠭᠡᠢ︶ ᠪᠣᠯᠤᠨ᠎ᠠ᠃ ᠡᠭᠦᠨ ᠤ ᠬᠠᠮᠲᠤ ᠨᠠᠭᠠᠳᠤ ᠵᠠᠬ᠎ᠠ ᠶᠢᠨ ᠪᠠᠲᠤᠯᠠᠭ᠎ᠠ᠂ ᠥᠨᠥᠴᠢᠨ ᠬᠡᠦᠬᠡᠳ ᠵᠡᠷᠭᠡ | ᠨᠥᠬᠦᠴᠡᠯ ᠢ ᠪᠦᠷᠢᠯᠳᠦᠭᠦᠯᠦᠭᠰᠡᠨ ᠰᠤᠷᠤᠭᠴᠢᠳ ᠲᠤ ᠵᠣᠭᠤᠰ ᠢᠶᠠᠷ ᠲᠤᠰᠠᠯᠠᠬᠤ ᠲᠥᠷᠥ ᠶᠢᠨ ᠪᠣᠳᠣᠯᠭ᠎ᠠ ᠶᠢ | ᠳᠠᠪᠬᠤᠷᠳᠠᠭᠤᠯᠤᠨ ᠬᠦᠷᠲᠡᠭᠡᠬᠦ ᠦᠭᠡᠶ᠃ | ᠪᠠᠷᠢᠮᠵᠢᠶ᠎ᠠ᠄ ᠰᠤᠷᠤᠭᠴᠢ ᠨᠢᠭᠡᠪᠦᠷᠢ ᠶᠢ ᠵᠢᠯ ᠳᠤ 6000 ᠲᠥᠭᠦᠷᠢᠭ ᠵᠣᠭᠤᠰ ᠢᠶᠠᠷ ᠲᠤᠰᠠᠯᠠᠨ᠎ᠠ᠃ | |