ᠡᠷᠳᠡᠨᠢ ᠰᠢᠰᠢ ᠶᠢᠨ ᠨᠠᠪᠴᠢ ᠨᠢ ᠰᠢᠷᠠᠯᠠᠵᠤ᠂ ᠲᠣᠯᠪᠤ ᠲᠠᠢ ᠪᠣᠯᠬᠤ ᠨᠢ ᠶᠠᠮᠠᠷ ᠡᠪᠡᠳᠴᠢᠨ ᠪᠣᠯᠬᠤ ᠪᠣᠶ︖
ᠨᠡᠶᠢᠲᠡᠯᠡᠭᠰᠡᠨ ᠴᠠᠭ᠄
2024/7/10
    ᠣᠶᠢᠷ᠎ᠠ ᠳᠤ᠂ ᠬᠡᠰᠡᠭ ᠲᠠᠷᠢᠮᠠᠯ ᠤᠨ ᠡᠷᠦᠬᠡ ᠶᠢᠨ ᠬᠢᠨ ᠥᠪᠡᠷ ᠤᠨ ᠲᠠᠷᠢᠭᠰᠠᠨ ᠡᠷᠳᠡᠨᠢ ᠰᠢᠰᠢ ᠶᠢᠨ ᠨᠠᠪᠴᠢ ᠨᠢ ᠰᠢᠷᠠᠯᠠᠵᠤ᠂ ᠰᠢᠷ᠎ᠠ ᠬᠦᠷᠡᠩ ᠲᠣᠯᠪᠤ ᠪᠠᠷ ᠳᠦᠭᠦᠷᠴᠦ᠂ ᠵᠢᠪᠡᠷᠡᠬᠦ ᠡᠪᠡᠳᠴᠢᠨ ᠣᠯᠣᠭᠰᠠᠨ  ᠪᠤᠯᠪᠠᠤ ᠭᠡᠵᠤ ᠰᠠᠭᠠᠰᠢᠷᠠᠵᠤ ᠪᠠᠶᠢᠨ᠎ᠠ᠃ ᠲᠤᠬᠠᠢ ᠶᠢᠨ ᠭᠠᠵᠠᠷ ᠤᠨ ᠲᠠᠷᠢᠶᠠᠯᠠᠩ ᠤᠨ ᠮᠡᠷᠭᠡᠵᠢᠯᠲᠡᠨ ᠤ ᠢᠯᠭᠠᠨ ᠲᠠᠨᠢᠵᠤ ᠰᠢᠯᠭᠠᠨ ᠲᠣᠭᠲᠠᠭᠠᠬᠤ ᠪᠠᠷ ᠳᠠᠮᠵᠢᠭᠠᠳ᠂ ᠡᠨᠡ ᠬᠦ ᠲᠥᠷᠥᠯ ᠨᠢ ᠬᠦᠷᠡᠩ ᠲᠣᠯᠪᠤᠲᠤ ᠡᠪᠡᠳᠴᠢᠨ ᠳᠤ ᠬᠠᠷᠢᠶᠠᠯᠠᠭᠳᠠᠨ᠎ᠠ᠃ ᠣᠳᠣᠬᠠᠨ ᠳᠤ ᠡᠯ᠎ᠡ ᠭᠠᠵᠠᠷ ᠤᠨ ᠡᠷᠳᠡᠨᠢ ᠰᠢᠰᠢ ᠨᠢᠭᠡᠨᠲᠡ ᠵᠠᠯᠭᠠᠭ᠎ᠠ ᠪᠠᠷ ᠦᠭᠰᠦᠬᠦ ᠬᠤᠭᠤᠴᠠᠭᠠᠨ ᠳᠤ ᠣᠷᠣᠵᠤ᠂ 7 ᠰᠠᠷ᠎ᠠ ᠪᠣᠯᠬᠤ ᠳᠤ᠂ ᠥᠨᠳᠥᠷ ᠳᠤᠯᠠᠭᠠᠨ ᠪᠣᠷᠣᠭᠠᠨ ᠶᠡᠬᠡᠲᠡᠶ ᠠᠭᠤᠷ ᠠᠮᠢᠰᠬᠤᠯ ᠨᠢ ᠡᠷᠳᠡᠨᠢ ᠰᠢᠰᠢ ᠶᠢᠨ ᠡᠪᠡᠳᠴᠢᠨ ᠬᠤᠷᠣᠬᠠᠶ ᠶᠢᠨ ᠭᠠᠮᠰᠢᠭ ᠡᠭᠦᠰᠬᠦ ᠲᠣᠬᠢᠶᠠᠯᠳᠤᠮᠵᠢ ᠶᠢ ᠶᠡᠭᠡ ᠪᠠᠷ ᠨᠡᠮᠡᠭᠳᠡᠭᠦᠯᠪᠡ᠃ ᠲᠠᠷᠢᠶᠠᠴᠢᠨ ᠨᠠᠶᠢᠵᠠ ᠨᠠᠷ ᠠᠩᠬᠠᠷᠬᠤ ᠴᠢᠬᠤᠯᠠᠲᠠᠶ ᠨᠢ᠂ ᠣᠳᠣ ᠪᠣᠯ ᠡᠷᠳᠡᠨᠢ ᠰᠢᠰᠢ ᠶᠢᠨ ᠬᠦᠷᠡᠩ ᠲᠣᠯᠪᠣᠲᠤ ᠡᠪᠡᠳᠴᠢᠨ ᠵᠡᠷᠭᠡ ᠡᠪᠡᠳᠴᠢᠨ ᠤ ᠬᠥᠨᠥᠭᠡᠯ ᠳᠤ ᠠᠮᠠᠷᠬᠠᠨ ᠬᠠᠯᠳᠠᠪᠤᠷᠢᠯᠠᠭᠳᠠᠬᠤ ᠴᠠᠭ ᠦᠶ᠎ᠡ ᠪᠣᠯᠤᠨ᠎ᠠ᠃
      玉米叶片发黄、布满斑点02.jpg  
     ᠬᠦᠷᠡᠩ ᠲᠤᠯᠪᠤᠲᠦ ᠡᠪᠡᠳᠴᠢᠨ     ᠡᠷᠳᠡᠨᠢ ᠰᠢᠰᠢ ᠶᠢᠨ ᠬᠦᠷᠡᠩ ᠲᠣᠯᠪᠣᠲᠤ ᠡᠪᠡᠳᠴᠢᠨ ᠢ ᠡᠭᠦᠰᠭᠡᠬᠦ ᠪᠠᠺᠲ᠋ᠧᠷᠢ ᠨᠢ ᠥᠨᠳᠥᠷ ᠳᠤᠯᠠᠭᠠᠨ ᠪᠠ ᠥᠨᠳᠥᠷ ᠴᠢᠭᠢᠭ ᠲᠤ ᠲᠤᠷᠠᠳᠠᠢ  ᠪᠠᠶᠢᠳᠠᠭ᠃ 7. 8 ᠰᠠᠷ᠎ᠠ ᠳᠤ ᠬᠡᠷᠪᠡ ᠳᠤᠯᠠᠭᠠᠨ ᠤ ᠬᠡᠮᠵᠢᠶ᠎ᠡ ᠥᠨᠳᠥᠷ᠂ ᠴᠢᠬᠢᠭ ᠤᠨ ᠬᠡᠮᠵᠢᠶ᠎ᠡ ᠶᠡᠭᠡ᠂ ᠪᠦᠷᠬᠦᠭ ᠪᠣᠷᠣᠭᠠᠨ ᠲᠠᠢ ᠡᠳᠦᠷ ᠨᠡᠯᠢᠶᠡᠳ ᠤᠯᠠᠨ ᠪᠣᠯ ᠡᠪᠡᠳᠴᠢᠨ ᠡᠭᠦᠰᠬᠦ ᠳᠤ ᠠᠰᠢᠭᠲᠠᠢ ᠪᠠᠶᠢᠳᠠᠭ᠃ ᠬᠥᠷᠥᠰᠥ ᠰᠢᠷᠣᠶ ᠨᠢ ᠲᠠᠴᠢᠷ ᠨᠢᠮᠭᠡᠨ ᠲᠠᠷᠢᠶᠠᠨ ᠭᠠᠵᠠᠷ ᠲᠤ ᠨᠠᠪᠴᠢᠨ ᠤ ᠥᠩᠭᠡ ᠰᠢᠷᠠᠯᠠᠨ᠂ ᠡᠪᠡᠳᠴᠢᠨ ᠤ ᠬᠥᠨᠥᠭᠡᠯ ᠨᠢ ᠬᠦᠨᠳᠦ ᠨᠣᠴᠢᠲᠠᠶ ᠪᠣᠶ︔ ᠬᠥᠷᠥᠰᠥ ᠰᠢᠷᠣᠶ ᠨᠢ ᠦᠩ ᠰᠢᠮᠡᠯᠢᠭ ᠭᠠᠵᠠᠷ ᠲᠤ᠂ ᠡᠷᠳᠡᠨᠢ ᠰᠢᠰᠢ ᠨᠢ ᠢᠳᠡᠷᠡᠬᠦᠨ ᠪᠥᠭᠡᠳ ᠨᠠᠪᠴᠢ ᠨᠢ ᠨᠣᠭᠤᠭᠠᠨ ᠪᠠᠶᠢᠵᠤ᠂ ᠡᠪᠡᠳᠴᠢᠨ ᠤ ᠬᠥᠨᠥᠭᠡᠯ ᠨᠢ ᠨᠡᠯᠢᠶᠡᠳ ᠬᠥᠩᠭᠡᠨ ᠴᠢᠨᠠᠭᠰᠢᠯᠠᠪᠠᠯ ᠡᠪᠡᠳᠴᠢᠨ ᠡᠭᠦᠰᠬᠦ ᠥᠬᠡᠶ ᠪᠠᠶᠢᠳᠠᠭ᠃ ᠶᠡᠷᠦ ᠳᠤ ᠪᠠᠨ ᠡᠷᠳᠡᠨᠢ ᠰᠢᠰᠢ 8 — 10 ᠨᠠᠪᠴᠢᠯᠠᠬᠤ ᠦᠶᠡᠰ ᠠᠮᠠᠷᠬᠠᠨ ᠡᠪᠡᠳᠴᠢᠨ ᠤ ᠬᠦᠨᠦᠭᠡᠯ ᠡᠭᠦᠰᠳᠡᠭ᠂ ᠡᠷᠳᠡᠨᠢ ᠰᠢᠰᠢ 12 ᠨᠠᠪᠴᠢᠯᠠᠭᠰᠠᠨ ᠤ ᠰᠡᠭᠦᠯᠡᠷ ᠶᠡᠷᠦ ᠳᠤ ᠪᠠᠨ ᠲᠤᠰ ᠡᠪᠡᠳᠴᠢᠨ ᠤ ᠬᠦᠨᠦᠭᠡᠯ ᠳᠠᠬᠢᠵᠤ ᠡᠭᠦᠰᠬᠦ ᠦᠭᠡᠢ᠃    ᠢᠯᠠᠩᠭᠤᠶ᠎ᠠ ᠡᠮᠦᠨᠡᠬᠢ ᠬᠤᠭᠤᠴᠠᠭᠠᠨ ᠳᠤ ᠠᠽᠣᠲ ᠪᠤᠷᠳᠣᠭᠤᠷ ᠢᠯᠡᠬᠦᠦ ᠬᠡᠷᠡᠭᠯᠡᠵᠦ᠂ ᠹᠤᠰᠹᠤᠷ᠂ ᠺᠠᠯᠢ ᠶᠢᠨ ᠪᠤᠷᠳᠣᠭᠤᠷ ᠬᠡᠷᠡᠭᠯᠡᠬᠦ ᠶᠢ ᠣᠮᠲᠣᠭᠠᠶᠢᠯᠠᠵᠤ᠂ ᠡᠷᠳᠡᠨᠢ ᠰᠢᠰᠢ ᠶᠢᠨ ᠤᠷᠭᠤᠮᠠᠯ ᠹᠣᠰᠹᠣᠷ᠂ ᠺᠠᠯᠢ ᠶᠢᠨ ᠡᠯᠧᠮᠧᠨ᠋ᠲ ᠳᠤᠲᠠᠭᠳᠠᠵᠤ᠂ ᠤᠷᠭᠤᠮᠠᠯ ᠬᠦᠷᠡᠩ ᠲᠣᠯᠪᠤᠲᠤ ᠡᠪᠡᠳᠴᠢᠨ ᠳᠤ ᠠᠮᠠᠷᠬᠠᠨ ᠬᠠᠯᠳᠠᠪᠤᠷᠢᠯᠠᠭᠳᠠᠬᠤ ᠪᠣᠯᠣᠨ᠎ᠠ᠃    ᠬᠤᠷ᠎ᠠ ᠪᠣᠷᠣᠭᠠᠨ ᠣᠯᠠᠨ᠂ ᠥᠨᠳᠥᠷ ᠳᠤᠯᠠᠭᠠᠨ ᠴᠢᠭᠢᠭᠯᠢᠭ ᠨᠦᠢᠲᠠᠨ ᠪᠠ ᠲᠠᠷᠢᠶᠠᠨ ᠭᠠᠵᠠᠷ ᠤᠨ ᠡᠷᠳᠡᠨᠢ ᠰᠢᠰᠢ ᠶᠢᠨ ᠤᠷᠭᠤᠮᠠᠯ ᠤᠨ ᠨᠢᠭᠲᠠᠴᠠ ᠬᠡᠲᠦᠷᠬᠡᠶ ᠶᠡᠭᠡ ᠪᠤᠯ ᠡᠪᠡᠳᠴᠢᠨ ᠤ ᠪᠠᠺᠲ᠋ᠧᠷᠢ ᠶᠢᠨ ᠬᠠᠯᠳᠠᠪᠤᠷᠢᠯᠠᠬᠤ ᠬᠤᠷᠳᠤᠴᠠ ᠲᠦᠷᠭᠡᠨ᠂ ᠬᠦᠷᠡᠩ ᠲᠣᠯᠪᠣᠲᠤ ᠡᠪᠡᠳᠴᠢᠨ ᠠᠮᠠᠷᠬᠠᠨ ᠡᠭᠦᠰᠳᠡᠭ᠃    ᠬᠦᠷᠡᠩ ᠲᠤᠯᠪᠤᠲᠦ ᠡᠪᠡᠳᠴᠢᠨ ᠢ ᠰᠡᠷᠭᠡᠶᠢᠯᠡᠨ ᠵᠠᠰᠠᠬᠤ ᠠᠷᠭ᠎ᠠ     ᠣᠳᠣᠬᠠᠨ ᠳᠤ ᠬᠦᠷᠡᠩ ᠲᠣᠯᠪᠣᠲᠤ ᠡᠪᠡᠳᠴᠢᠨ ᠢ ᠡᠰᠡᠷᠭᠦᠴᠡᠬᠦ ᠡᠷᠳᠡᠨᠢ ᠰᠢᠰᠢ ᠶᠢᠨ ᠲᠥᠷᠥᠯ ᠵᠦᠢᠯ ᠬᠠᠷᠢᠴᠠᠩᠭᠤᠶ ᠪᠠᠷ ᠨᠡᠯᠢᠶᠡᠳ ᠴᠥᠭᠡᠨ ᠪᠠᠶᠢᠵᠤ᠂ ᠶᠡᠷᠦ ᠳᠡᠭᠡᠨ ᠡᠮ ᠢᠶᠠᠷ ᠳᠠᠮᠵᠢᠨ ᠬᠦᠷᠡᠩ ᠲᠣᠯᠪᠣᠲᠤ ᠡᠪᠡᠳᠴᠢᠨ ᠢ ᠰᠡᠷᠭᠡᠶᠢᠯᠡᠨ ᠵᠠᠰᠠᠵᠤ ᠪᠠᠶᠢᠨ᠎ᠠ᠃ ᠬᠦᠷᠡᠩ ᠲᠤᠯᠪᠤᠲᠤ ᠡᠪᠡᠳᠴᠢᠨ ᠡᠭᠦᠰᠦᠭᠰᠡᠨ ᠦᠭᠡᠢ ᠡᠷᠳᠡᠨᠢ ᠰᠢᠰᠢ ᠶᠢᠨ ᠲᠠᠷᠢᠶᠠᠨ ᠳᠤ ᠫᠢᠷᠤᠮᠤᠯ ᠡᠰᠲ᠋ᠧᠷ ᠰᠦᠷᠴᠢᠨ ᠰᠡᠷᠭᠡᠶᠢᠯᠡᠵᠦ ᠪᠣᠯᠤᠨ᠎ᠠ᠂ ᠨᠢᠭᠡᠨᠲᠡ ᠬᠦᠷᠡᠩ ᠲᠤᠯᠪᠤᠲᠤ ᠡᠪᠡᠳᠴᠢᠨ ᠡᠭᠦᠰᠦᠭᠰᠡᠨ ᠭᠠᠵᠠᠷ ᠲᠤ ᠫᠢᠷᠤᠮᠤᠯ ᠡᠰᠲ᠋ᠧᠷ ᠪᠯᠣᠽᠤᠯ ᠪᠤᠶᠤ ᠹᠯᠣᠷ ᠴᠠᠭᠠᠷᠢᠭ ᠠᠽᠤᠯ ᠵᠡᠷᠭᠡ ᠡᠮ ᠰᠦᠷᠴᠢᠨ ᠣᠷᠣᠭᠤᠯᠵᠤ ᠪᠣᠯᠤᠨ᠎ᠠ᠂ ᠡᠭᠦᠨ ᠤ ᠬᠠᠮᠲᠤ ᠪᠠᠰᠠ ᠵᠢᠪᠡᠷᠡᠬᠦ ᠡᠪᠡᠳᠴᠢᠨ ᠢ ᠰᠡᠷᠭᠡᠶᠢᠯᠡᠵᠦ ᠪᠣᠯᠤᠨ᠎ᠠ᠃ 5 —6 ᠡᠳᠦᠷ ᠠᠯᠤᠰᠯᠠᠭᠠᠳ ᠬᠤᠶᠠᠳᠠᠬᠢ ᠤᠳᠠᠭ᠎ᠠ ᠡᠮ ᠰᠦᠷᠴᠢᠵᠤ᠂ ᠡᠮ ᠬᠡᠷᠡᠭᠯᠡᠬᠦ ᠳᠡᠭᠡᠨ ᠪᠠᠰᠠ ᠨᠠᠪᠴᠢᠨ ᠪᠣᠷᠳᠣᠭᠤᠷ ᠣᠷᠣᠭᠤᠯᠵᠤ᠂ ᠤᠷᠭᠤᠮᠠᠯ ᠤᠨ ᠤᠷᠭᠤᠯᠲᠠ ᠶᠢ ᠠᠬᠢᠭᠤᠯᠵᠤ᠂ ᠡᠪᠡᠳᠴᠢᠨ ᠢ ᠡᠰᠡᠷᠭᠦᠴᠡᠬᠦ ᠴᠢᠨᠠᠷ ᠢ ᠳᠡᠭᠡᠭᠰᠢᠯᠡᠭᠦᠯᠵᠦ ᠪᠣᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号