ᠨᠢᠭᠡ᠂ ︽ᠣᠪᠣᠭᠠᠨ ᠳᠠᠬᠢ ᠠᠭᠤᠯᠵᠠᠯᠲᠠ︾ ᠭᠡᠬᠦ ᠳᠠᠭᠤᠤ ᠶᠢᠨ ᠵᠣᠬᠢᠶᠠᠭᠳᠠᠭᠰᠠᠨ ᠴᠠᠭ ᠥᠶ᠎ᠡ | 1952 ᠣᠨ ᠳᠤ ᠮᠠᠯᠴᠢᠨᠬᠦᠦ ︽ᠬᠤᠷᠴᠢᠨ ᠨᠤᠲᠤᠭ ᠤᠨ ᠬᠦᠮᠦᠰ︾ ᠭᠡᠰᠡᠨ ᠵᠣᠬᠢᠶᠠᠯ ᠢᠶᠠᠨ ᠪᠣᠰᠤᠳ ᠲᠠᠢ | ᠬᠠᠮᠲᠤᠷᠠᠨ ᠺᠢᠨᠤ᠋ ᠤᠷᠠᠨ ᠵᠣᠬᠢᠶᠠᠯ ᠪᠣᠯᠭᠠᠵᠤ ︽ᠮᠠᠯᠵᠢᠬᠤ ᠤᠷᠤᠨ ᠤ ᠬᠦᠮᠦᠰ︾ ᠭᠡᠰᠡᠨ ᠭᠠᠷᠴᠠᠭ ᠲᠠᠢ ᠺᠢᠨᠤ᠋ ᠶᠢᠨ | ᠭᠤᠣᠯ ᠳᠠᠭᠤᠤ ︽ᠣᠪᠣᠭᠠᠨ ᠳᠠᠬᠢ ᠠᠭᠤᠯᠵᠠᠯᠲᠠ︾ ᠬᠡᠮᠡᠬᠦ ᠳᠠᠭᠤᠤ ᠶᠢᠨ ᠦᠭᠡ ᠶᠢ ᠮᠠᠯᠴᠢᠨᠬᠦᠦ ᠪᠢᠴᠢᠵᠦ ᠳᠠᠭᠤᠷ | ᠦᠨᠳᠦᠰᠦᠲᠡᠨ ᠤ ᠨᠡᠷᠡᠲᠦ ᠬᠦᠭᠵᠢᠮ ᠤᠨ ᠵᠣᠬᠢᠶᠠᠯᠴᠢ ᠲᠦᠩᠹᠦ ︵ᠠᠶ᠎ᠠ ᠵᠣᠬᠢᠶᠠᠵᠤ ᠦᠭᠭᠦᠭᠰᠡᠨ ᠠᠴᠠ ᠲᠤᠰ | ᠺᠢᠨᠤ᠋ ᠳᠤ ᠥᠩᠭᠡ ᠪᠣᠳᠤᠭ ᠨᠡᠮᠡᠷᠢᠯᠡᠨ ᠦᠵᠡᠭᠴᠢᠳ ᠤᠨ ᠪᠠᠬ᠎ᠠ ᠶᠢ ᠨᠡᠩ ᠢᠯᠡᠭᠦᠦ ᠲᠠᠲᠠᠪᠠ᠃ ᠲᠤᠰ ᠳᠠᠭᠤᠤ | ᠮᠣᠩᠭᠤᠯ ᠬᠢᠲᠠᠳ ᠬᠤᠶᠠᠷ ᠬᠡᠯᠡ ᠪᠠᠷ ᠪᠦᠬᠦ ᠦᠪᠦᠷ ᠮᠣᠩᠭᠤᠯ ᠳᠤ ᠨᠡᠶᠢᠳᠡᠮ ᠲᠠᠷᠬᠠᠭᠳᠠᠵᠤ ᠲᠡᠭᠦᠨᠴᠢᠯᠡᠨ ᠪᠦᠬᠦ | ᠤᠯᠤᠰ ᠳᠠᠶᠠᠭᠠᠷ ᠰᠠᠴᠤᠭᠳᠠᠭᠰᠠᠨ ᠢᠶᠠᠷ ᠪᠠᠷᠠᠬᠤ ᠦᠭᠡᠢ ᠭᠠᠳᠠᠭᠠᠳᠤ ᠶᠢᠨ ᠵᠠᠷᠢᠮ ᠤᠯᠤᠰ ᠤᠷᠤᠨ ᠳᠤ | ᠲᠠᠷᠬᠠᠭᠳᠠᠭᠰᠠᠨ ᠪᠠᠶᠢᠨ᠎ᠠ᠃ | ᠬᠤᠶᠠᠷ᠂ ᠮᠠᠯᠴᠢᠨᠬᠦᠦ ᠶᠢᠨ ᠲᠣᠬᠠᠢ ᠲᠠᠨᠢᠯᠴᠠᠭᠤᠯᠭ᠎ᠠ | 1930 ᠣᠨ ᠳᠤ ᠤᠤᠯ ᠤᠨ ᠵᠤᠰᠤᠲᠤ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ᠤ ᠾᠧ ᠴᠧᠩ | ᠽᠢ ᠲᠤᠰᠬᠤᠨ ︵ᠣᠳᠣ ᠶᠢᠨ ᠯᠢᠶᠤᠤᠨᠢᠩ ᠮᠤᠵᠢ ᠶᠢᠨ ᠹᠦᠱᠢᠨ ᠮᠣᠩᠭᠤᠯ ᠦᠨᠳᠦᠰᠦᠲᠡᠨ ᠤ ᠰᠢᠶᠠᠨ︶ ᠤ ᠬᠦᠮᠦᠨ᠃ | ᠪᠠᠭ᠎ᠠ ᠨᠠᠰᠤ ᠪᠠᠨ ᠬᠤᠷᠴᠢᠨ ᠳᠤ ᠦᠩᠭᠡᠷᠡᠭᠡᠭᠰᠡᠨ ︵ᠺᠠᠶᠢᠯᠦ ᠳᠤ ᠪᠢᠴᠢᠭ ᠦᠵᠡᠭᠰᠡᠨ︶ ᠲᠤᠯᠠ ᠲᠡᠷᠡ ᠬᠤᠷᠴᠢᠨ | ᠨᠤᠲᠤᠭ ᠢ ᠬᠤᠶᠠᠳᠤᠭᠠᠷ ᠨᠤᠲᠤᠭ ᠢᠶᠠᠨ ᠭᠡᠵᠦ ᠪᠣᠳᠣᠳᠠᠭ᠃ 1945 ᠣᠨ ᠳᠤ ︽15 ᠨᠠᠰᠤᠲᠠᠢ ᠳᠠᠭᠠᠨ | ᠨᠠᠢᠮᠠᠳᠤᠭᠠᠷ ᠵᠠᠮ ᠤᠨ ᠴᠡᠷᠢᠭ ᠲᠤ ᠤᠷᠤᠵᠤ 1948 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ | ᠡᠯᠰᠡᠭᠳᠡᠪᠡ᠃ ᠲᠡᠷᠡ ᠴᠡᠷᠢᠭ ᠠᠩᠭᠢ ᠪᠠᠨ ᠳᠠᠭᠠᠵᠤ ᠬᠤᠷᠴᠢᠨ ᠨᠤᠲᠤᠭ ᠢᠶᠠᠷ ᠪᠠᠶᠢᠯᠳᠤᠨ ᠶᠠᠪᠤᠬᠤ ᠳᠠᠭᠠᠨ | ᠤᠷᠠᠯᠢᠭ ᠤᠨ ᠪᠦᠯᠬᠦᠮ ᠳᠤ ᠠᠵᠢᠯᠯᠠᠭᠰᠠᠨ ᠨᠢ ᠤᠷᠠᠨ ᠵᠣᠬᠢᠶᠠᠯ ᠳᠤ ᠪᠠᠭ᠋ᠠᠲᠠᠢ ᠪᠠᠶᠢᠳᠠᠭ ᠢᠶᠠᠷ ᠢᠶᠠᠨ ᠣᠯᠠᠨ ᠲᠠᠯ᠎ᠠ ᠪᠠᠷ | ᠪᠣᠷᠣ ᠮᠠᠲ᠋ᠧᠷᠢᠶᠠᠯ ᠴᠤᠭᠯᠠᠭᠤᠯᠤᠭᠰᠠᠨ ᠪᠠᠶᠢᠨ᠎ᠠ᠃ ᠮᠠᠯᠴᠢᠨᠬᠦᠦ 21 ᠨᠠᠰᠤᠲᠠᠢ ᠳᠠᠭᠠᠨ ᠠᠵᠢᠯᠯᠠᠬᠤ ᠠᠩᠭᠢ ᠶᠢᠨ | ᠭᠡᠰᠢᠭᠦᠨ ᠢᠶᠠᠷ ᠣᠳᠣ ᠶᠢᠨ ᠲᠦᠩᠯᠢᠶᠤᠤ ᠬᠤᠲᠠ ᠶᠢᠨ ᠬᠤᠷᠴᠢᠨ ᠵᠡᠭᠦᠨ ᠭᠠᠷᠤᠨ ᠬᠤᠶᠢᠲᠦ ᠬᠤᠰᠢᠭᠤᠨ ᠤ ᠶᠡᠬᠡᠲᠠᠯ᠎ᠠ | ᠰᠤᠮᠤᠨ ᠤ ᠶᠡᠬᠡᠪᠣᠯᠠᠭ ᠭᠠᠴᠠᠭᠠᠨ ᠤ ᠵᠠᠯᠠᠭᠤ ᠡᠮᠡᠭᠲᠡᠢ ᠲᠠᠮᠤᠤ ︵︶ ᠶᠢᠨ ᠬᠤᠶᠠᠷ ᠭᠠᠷ ᠬᠤᠭᠤᠰᠤᠨ | ᠨᠢᠳᠤᠷᠭ᠎ᠠ ᠪᠠᠷ ᠢᠶᠠᠨ ᠬᠤᠲᠠ ᠠᠴᠠ ᠳᠤᠲᠠᠭᠠᠭᠰᠠᠨ ᠶᠠᠯᠠᠳᠠᠨ ᠲᠠᠢ ᠲᠡᠮᠡᠴᠡᠭᠰᠡᠨ ᠪᠠᠭᠠᠲᠤᠷᠯᠢᠭ ᠦᠢᠯᠡ | ᠠᠵᠢᠯᠯᠠᠭ᠎ᠠ ᠪᠠᠷ ᠵᠠᠭᠪᠤᠷ ᠪᠣᠯᠭᠠᠵᠤ ︽ᠬᠤᠷᠴᠢᠨ ᠨᠣᠲᠤᠭ ᠤᠨ ᠬᠦᠮᠦᠰ︾ ᠭᠡᠰᠡᠨ ᠦᠭᠦᠯᠡᠯᠭᠡ ᠪᠢᠴᠢᠵᠦ 1952 | ᠣᠨ ᠳᠤ ︽ᠠᠷᠠᠳ ᠤᠨ ᠤᠷᠠᠨ ᠵᠣᠬᠢᠶᠠᠯ︾ ᠰᠡᠳᠭᠦᠯ ᠤᠨ ᠨᠢᠭᠡᠳᠦᠭᠡᠷ ᠬᠤᠭᠤᠴᠠᠭᠠᠨ ᠳᠤ ᠨᠡᠶᠢᠲᠡᠯᠡᠭᠦᠯᠵᠡᠢ᠃ | ᠬᠤᠵᠢᠮ ᠨᠢ ᠺᠢᠨᠤ᠋ ᠶᠢᠨ ᠤᠷᠠᠨ ᠵᠣᠬᠢᠶᠠᠯ ᠪᠣᠯᠭᠠᠨ ︽ᠮᠠᠯᠵᠢᠬᠤ ᠤᠷᠤᠨ ᠤ ᠬᠦᠮᠦᠰ︾ ᠭᠡᠰᠡᠨ ᠺᠢᠨᠤ᠋ ᠪᠣᠯᠭᠠᠵᠤ | ᠰᠡᠭᠦᠳᠡᠷᠯᠡᠵᠡᠢ᠃ 1952 ᠣᠨ ᠳᠤ ᠮᠠᠯᠴᠢᠨᠬᠦᠦ ᠲᠥᠪ ᠤᠨ ᠤᠳᠬ᠎ᠠ ᠵᠣᠬᠢᠶᠠᠯ ᠰᠤᠳᠤᠯᠬᠤ ᠭᠠᠵᠠᠷ ᠳᠠᠪᠲᠠᠨ | ᠪᠣᠯᠪᠠᠰᠤᠷᠠᠭᠤᠯᠬᠤ ᠳᠠᠭᠠᠨ ᠠᠬᠠᠮᠠᠳ ᠵᠣᠬᠢᠶᠠᠯᠴᠢ ᠳ᠋ᠢᠩ ᠯᠢᠩ᠂ ᠠᠢ ᠴᠢᠩ᠂ ᠵᠣᠣ ᠱᠢ ᠯᠢ ᠁ ᠵᠡᠷᠭᠡ | ᠵᠣᠬᠢᠶᠠᠯᠴᠢ ᠨᠠᠷ ᠲᠠᠢ ᠲᠠᠨᠢᠯᠴᠠᠨ ᠲᠡᠳᠡᠨᠠᠷ ᠤᠨ ᠬᠦᠮᠦᠵᠢᠯ ᠢ ᠬᠦᠷᠳᠡᠵᠦ ᠬᠤᠶᠢᠰᠢᠲᠠ ᠶᠢᠨ ᠵᠣᠬᠢᠶᠠᠨ | ᠪᠦᠲᠦᠭᠡᠬᠦ ᠳᠡᠭᠡᠨ ᠰᠠᠭᠤᠷᠢ ᠲᠠᠯᠪᠢᠭᠰᠠᠨ ᠪᠠᠶᠢᠨ᠎ᠠ᠃ 1954 ᠣᠨ ᠳᠤ ᠳᠤᠮᠳᠠᠳᠤ ᠤᠯᠤᠰ ᠤᠨ ᠵᠣᠬᠢᠶᠠᠯᠴᠢᠳ ᠤᠨ | ᠡᠪᠯᠡᠯ ᠳᠤ ᠡᠯᠰᠡᠭᠳᠡᠵᠦ ᠮᠠᠨ ᠤ ᠤᠯᠤᠰ ᠤᠨ ᠠᠩᠬᠠᠳᠤᠭᠠᠷ ᠤᠳᠠᠭᠠᠨ ᠤ ᠴᠦᠬᠡᠨ ᠲᠣᠭᠠᠲᠤ ᠦᠨᠳᠦᠰᠦᠲᠡᠨ ᠤ | ᠵᠣᠬᠢᠶᠠᠯᠴᠢᠳ ᠤᠨ ᠡᠪᠯᠡᠯ ᠤᠨ ᠭᠡᠰᠢᠭᠦᠨ ᠪᠣᠯᠵᠠᠢ᠃ ᠣᠯᠠᠨ ᠵᠢᠯ ᠤᠨ ᠲᠤᠷᠰᠢ ᠮᠠᠯᠴᠢᠨᠬᠦᠦ ᠭᠤᠸᠠᠢ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠹᠷᠤᠨ᠋ᠲ ᠳᠡᠭᠡᠷ᠎ᠡ ᠤᠳᠤᠷᠢᠳᠤᠯᠭ᠎ᠠ ᠶᠢᠨ | ᠲᠤᠰᠢᠶᠠᠯ ᠢ ᠬᠠᠷᠢᠭᠤᠴᠠᠵᠤ 1980 ᠣᠨ ᠳᠤ ᠲᠥᠪ ᠤᠨ ︽ᠥᠨᠳᠦᠰᠦᠲᠡᠨ ᠤ ᠤᠷᠠᠨ ᠵᠣᠬᠢᠶᠠᠯ︾ ᠰᠡᠳᠭᠦᠯ ᠤᠨ | ᠠᠩᠬᠠᠳᠠᠭᠴᠢ ᠡᠷᠬᠢᠯᠡᠭᠴᠢ ᠨᠠᠶᠢᠷᠠᠭᠤᠯᠤᠭᠴᠢ ᠶᠢᠨ ᠲᠤᠰᠢᠶᠠᠯ ᠢ ᠬᠠᠷᠢᠭᠤᠴᠠᠵᠠᠢ᠃ ᠮᠣᠩᠭᠤᠯᠴᠤᠳ︾ ᠭᠡᠳᠡᠭ ᠶᠤᠮ᠃ | ︽ᠠᠷᠪᠠᠨ ᠲᠠᠪᠤᠨ ᠤ ᠰᠠᠷ᠎ᠠ ᠨᠢ ᠠᠭᠠᠷ ᠳᠡᠭᠡᠷ᠎ᠡ ᠲᠡᠭᠲᠡᠯᠡ ᠬᠥ᠋ ᠠᠷᠤ ᠥᠪᠥᠷ ᠢᠶᠠᠨ ᠳᠠᠭᠠᠭᠠᠳ ᠡᠭᠦᠯᠡ ᠦᠭᠡᠢ | ᠶᠠᠭᠤ ᠶᠤᠮ ᠳ᠋ᠠ ᠬᠥ᠋︾ ᠭᠡᠵᠦ ᠳᠠᠭᠤᠯᠠᠳᠠᠭ ᠪᠢᠯᠡ᠃ ᠮᠣᠩᠭᠤᠯᠴᠤᠳ ︽ᠠᠮᠠᠨ ᠪᠡᠯᠡᠭ ᠬᠠᠮᠢᠭᠠᠰᠢ ᠪᠠᠨ ᠪᠣᠯ | ᠠᠰᠢᠲᠠ ᠶᠢᠨ ᠪᠡᠯᠡᠭ ᠲᠡᠰᠢ ᠪᠠᠨ︾ ᠬᠡᠮᠡᠨ ᠬᠡᠵᠢᠶᠡᠳᠡ ᠪᠡᠯᠡᠭ ᠳᠡᠮᠪᠡᠷᠢᠯ ᠢ ᠶᠡᠬᠡᠲᠡ ᠡᠷᠬᠢᠮᠯᠡᠵᠦ ᠨᠠᠷᠠᠨ ᠵᠥᠪ ᠢᠶᠠᠷ | ᠠᠮᠢᠳᠤᠷᠠᠯ ᠢᠶᠠᠨ ᠵᠢᠷᠤᠮᠯᠠᠳᠠᠭ ᠲᠤᠯᠠ ︽ᠨᠠᠷᠠᠨ ᠤ ᠰᠤᠷᠴᠤ ᠪᠠᠶᠢᠨ᠎ᠠ᠃ ᠬᠦᠭᠰᠢᠨ ᠪᠢᠳᠡᠨᠡᠷ ᠰᠢᠪᠠᠷᠳᠠᠭᠰᠠᠨ | ᠪᠣᠳᠤᠯ ᠲᠠᠢ ᠮᠦᠷᠲᠡᠭᠡᠨ ᠨᠢᠳᠦ ᠪᠠᠶᠢᠭᠠᠳ ᠰᠤᠬᠤᠷ ᠰᠢᠭ᠋᠃ ᠵᠠ᠂ ᠣᠪᠣᠭᠠᠨ ᠨᠠᠶᠢᠷ ᠣᠶᠢᠷᠠᠳᠤᠵᠤ ᠪᠠᠶᠢᠨ᠎ᠠ ᠬᠥ᠋᠂ | ᠬᠡᠦᠬᠡᠳ ᠵᠠᠯᠠᠭᠤᠴᠤᠳ ᠮᠢᠨᠢ ᠰᠢᠨ᠎ᠡ ᠴᠠᠭ ᠤᠨ ᠰᠠᠶᠢᠨ ᠰᠠᠶᠢᠬᠠᠨ ᠢ ᠦᠵᠡᠵᠦ ᠰᠤᠨᠢᠷᠬᠠᠭ᠃ ᠬᠡᠳᠦᠨ ᠮᠠᠯ ᠢᠶᠠᠨ | ᠪᠢᠳᠡᠨᠡᠷ ᠦᠪᠡᠷ ᠢᠶᠠᠨ ᠡᠷᠭᠢᠭᠦᠯᠵᠦ ᠲᠤᠳᠤᠮᠳᠠᠶᠠ︾ ᠬᠡᠮᠡᠨ ᠵᠠᠯᠠᠭᠤ ᠪᠠᠭᠠᠴᠤᠳ ᠢ ᠣᠪᠣᠭᠠᠨ ᠨᠠᠶᠢᠷ ᠲᠠᠭᠠᠨ | ᠶᠠᠪᠤᠬᠤ ᠶᠢ ᠤᠷᠠᠮᠰᠢᠭᠤᠯᠤᠨᠠ᠃ ᠣᠪᠣᠭᠠᠨ ᠨᠠᠶᠢᠷ ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ ᠣᠪᠣᠭ᠎ᠠ | ᠬᠠᠶᠢᠷᠠᠬᠠᠨ ᠢᠶᠠᠨ ᠲᠠᠬᠢᠵᠤ ᠪᠠᠷᠠᠭᠠᠳ ᠨᠠᠶᠢᠷ ᠨᠠᠭᠠᠳᠤᠮ ᠢᠶᠠᠨ ᠡᠭᠦᠰᠭᠡᠨ ᠬᠦᠭᠵᠢᠯᠳᠦᠵᠦ 2-3 ᠡᠳᠦᠷ | ᠦᠷᠭᠦᠯᠵᠢᠯᠡᠳᠡᠭ ᠨᠢ ᠵᠥᠩᠳᠡᠭᠡᠨ᠃ ᠥᠩᠭᠡ ᠪᠦᠷᠢ ᠶᠢᠨ ᠬᠤᠪᠴᠠᠰᠤ ᠵᠠᠰᠠᠯ ᠲᠠᠢ ᠵᠠᠯᠠᠭᠤ ᠦᠬᠢᠳ ᠪᠠᠷᠢᠶᠡᠳ᠂ | ᠵᠠᠯᠠᠭᠤ ᠬᠠᠷ᠎ᠠ ᠬᠦᠦᠴᠦᠳ ᠨᠠᠶᠢᠷ ᠤᠨ ᠲᠠᠯᠠᠪᠠᠢ ᠶᠢ ᠰᠤᠯᠤᠩᠭᠠᠨ ᠥᠩᠭᠡ ᠪᠠᠷ ᠮᠢᠷᠠᠯᠵᠠᠭᠤᠯᠵᠤ᠂ ᠬᠠᠷᠠᠭᠰᠠᠨ | ᠪᠦᠬᠦᠨ ᠤ ᠬᠠᠷᠠᠭ᠎ᠠ ᠶᠢ ᠪᠠᠶᠠᠰᠬᠠᠨ᠎ᠠ᠃ ᠨᠠᠰᠤᠲᠠᠶᠢᠴᠤᠳ᠄ ︽ᠰᠢᠨ᠎ᠡ ᠨᠡᠶᠢᠭᠡᠮ ᠰᠠᠶᠢᠬᠠᠨ ᠪᠠᠶᠢᠨ᠎ᠠ᠂ ᠬᠡᠦᠬᠡᠳ | ᠪᠠᠭᠠᠴᠤᠳ ︽ᠠᠶᠢᠯ ᠤᠨ ᠰᠤᠷᠭᠠᠭᠤᠯᠢ︾ ᠳᠠᠭᠠᠨ ᠪᠢᠴᠢᠭ ᠦᠵᠡᠵᠦ ᠵᠠᠯᠠᠭᠤ ᠢᠳᠡᠷᠴᠤᠳ ᠦᠳᠡᠰᠢ ᠶᠢᠨ ︽ | ᠨᠡᠶᠢᠭᠡᠮ ᠤᠨ ᠰᠤᠷᠭᠠᠭᠤᠯᠢ︾ ᠳᠠᠭᠠᠨ ᠭᠦᠶᠦᠯᠴᠡᠨ ᠦᠰᠦᠭ ᠪᠢᠴᠢᠭ ᠪᠦᠷᠢ ᠶᠢᠨ ᠲᠠᠪᠤᠨ ᠰᠠᠷᠠᠶᠢᠨ ᠠᠷᠪᠠᠨ | ᠭᠤᠷᠪᠠᠨ ᠤ ᠣᠪᠣᠭᠠᠨ ᠨᠠᠶᠢᠷ ᠨᠢ ᠮᠠᠯᠴᠢᠳ ᠤᠨ ᠦᠪᠡᠳᠡᠭᠰᠢ ᠶᠡᠭᠡ ᠴᠢᠭᠤᠯᠭᠠᠨ ᠪᠣᠯᠵᠤ ᠪᠠᠶᠢᠪᠠ᠃ ᠣᠪᠣᠭᠠᠨ ᠨᠠᠶᠢᠷ | ᠣᠶᠢᠷᠠᠲᠤᠭᠤᠯᠠᠷᠠ ᠵᠠᠯᠠᠭᠤᠴᠤᠳ ᠭᠤᠶᠣᠯᠠᠯ ᠤᠨ ᠬᠤᠪᠴᠠᠰᠤ ᠪᠡᠯᠡᠳᠭᠡᠵᠦ ᠶᠠᠭᠠᠷᠠᠯᠳᠤᠨ᠎ᠠ᠃ 1950 ᠭᠠᠳ ᠣᠨ ᠤ | ᠥᠪᠦᠷ ᠮᠣᠩᠭᠤᠯ ᠨᠤᠲᠤᠭ ᠪᠡᠯᠴᠢᠭᠡᠷ ᠠᠭᠤᠳᠠᠮ ᠬᠦᠮᠦᠨ ᠠᠮᠠ ᠴᠥᠬᠡᠨ ᠪᠠᠶᠢᠭᠰᠠᠨ ᠪᠦᠭᠡᠳ ᠲᠠᠷᠠᠬᠠᠢ ᠪᠣᠲᠠᠷᠬᠠᠢ | ᠨᠡᠭᠦᠳᠡᠯᠯᠡᠨ ᠮᠠᠯᠵᠢᠵᠦ ᠪᠠᠶᠢᠭᠰᠠᠨ ᠠᠴᠠ ᠬᠠᠷᠠᠭ᠎ᠠ ᠶᠢᠨ ᠦᠵᠦᠭᠦᠷ ᠬᠠᠶᠠ ᠮᠣᠩᠭᠤᠯ ᠭᠡᠷ ᠬᠠᠷᠠᠭᠳᠠᠳᠠᠭ᠃ ᠵᠢᠯ | ᠠᠮᠢᠳᠤᠷᠠᠯ ᠢᠶᠠᠨ ᠴᠣᠭᠴᠠᠯᠠᠨ ᠪᠠᠶᠢᠭᠤᠯᠬᠤ ᠪᠠᠷ ᠴᠢᠷᠮᠠᠶᠢᠨ᠎ᠠ᠃ ︽ᠳᠤᠮᠳᠠᠳᠤ ᠤᠯᠤᠰ ᠤᠨ ᠤᠷᠤᠭ ᠤᠨ ᠬᠠᠤᠯᠢ︾ | ᠪᠠᠲᠤᠯᠠᠭᠳᠠᠵᠤ ᠡᠷᠡᠭᠲᠡᠢ ᠡᠮᠡᠭᠲᠡᠢ ᠵᠠᠯᠠᠭᠤᠴᠤᠳ ᠤᠷᠤᠭ ᠬᠤᠷᠢᠮ ᠤᠨ ᠤᠴᠢᠷ ᠢᠶᠠᠨ ᠥᠪᠡᠷᠰᠡᠳ ᠤᠨ ᠡᠵᠡᠨ ᠮᠡᠳᠡᠵᠦ | ᠴᠢᠯᠦᠭᠡᠲᠦ ᠣᠷᠤᠭ ᠬᠤᠷᠢᠮ ᠢ ᠡᠷᠬᠢᠮᠯᠡᠪᠡ᠃ ᠲᠡᠭᠦᠨ ᠤ ᠭᠤᠣᠯ ᠪᠣᠯᠬᠤ ᠵᠣᠬᠢᠶᠠᠯ ᠪᠦᠲᠦᠭᠡᠯ᠄ ᠰᠠᠷᠠᠭᠤᠯ ᠨᠤᠲᠤᠭ | ᠴᠡᠴᠡᠭᠲᠦ ᠲᠠᠯ᠎ᠠ ᠦᠭᠦᠯᠡᠯᠭᠡ ᠶᠢᠨ ᠲᠡᠭᠦᠪᠦᠷᠢ ᠨᠠᠶᠢᠷᠠᠭᠤᠯᠤᠯ ᠤᠨ ᠲᠡᠭᠦᠪᠦᠷᠢ ᠺᠢᠨᠤ᠋ ᠤᠷᠠᠨ ᠵᠣᠬᠢᠶᠠᠯ ᠤᠳ | ᠭᠤᠷᠪᠠ ︽ᠣᠪᠣᠭᠠᠨ ᠳᠠᠬᠢ ᠠᠭᠤᠯᠵᠠᠯᠲᠠ︾ ᠭᠡᠬᠦ ᠳᠠᠭᠤᠤ | 1949 ᠣᠨ ᠳᠤ ᠡᠪ ᠬᠠᠮᠲᠦ ᠨᠠᠮ ᠪᠦᠬᠦ ᠤᠯᠤᠰ ᠢ ᠴᠢᠯᠦᠭᠡᠯᠡᠵᠦ ᠲᠠᠯ᠎ᠠ ᠶᠢᠨ ᠮᠠᠯᠴᠢᠳ ᠡᠷᠬᠡ ᠴᠢᠯᠦᠭᠡ ᠪᠠᠨ | ᠣᠯᠪᠠ᠃ ᠬᠠᠭᠤᠴᠢᠨ ᠨᠡᠶᠢᠭᠡᠮ ᠤᠨ ᠡᠯᠳᠡᠪ ᠬᠦᠯᠢᠶᠡᠰᠦ ᠳᠠᠷᠤᠭᠠᠰᠤ ᠠᠴᠠ ᠮᠣᠯᠲᠤᠷᠠᠭᠰᠠᠨ ᠮᠠᠯᠴᠢᠳ ᠡᠷᠬᠡ | ᠴᠢᠯᠦᠭᠡᠲᠦ ᠰᠢᠨ᠎ᠡ ① ᠠᠷᠪᠠᠨ ᠲᠠᠪᠣᠨ ᠳᠤ ᠰᠠᠷ᠎ᠠ ᠲᠡᠷᠭᠡᠯᠡᠳᠡᠭ ᠲᠤᠯᠠ ᠦᠯᠵᠡᠢ ᠪᠡᠯᠭᠡ ᠲᠠᠢ ᠡᠳᠦᠷ ᠭᠡᠳᠡᠭ ᠶᠤᠮ᠃ | ᠪᠦᠷᠢᠨ ᠪᠦᠲᠦᠨ ᠭᠡᠰᠡᠨ ᠤᠳᠬ᠎ᠠ ᠲᠠᠢ᠃ ︽ᠠᠷᠤ ᠦᠪᠦᠷ ᠢᠶᠠᠷ ᠳᠠᠭᠠᠭᠠᠳ ᠡᠭᠦᠯᠡ ᠦᠭᠡᠢ ᠨᠢ ᠶᠠᠭᠤ ᠶᠤᠮ ᠳ᠋ᠠ | ᠬᠥ᠋︾ ᠭᠡᠵᠦ ᠳᠠᠭᠤᠯᠠᠳᠠᠭ᠃ ᠰᠠᠨᠰᠠᠷ ᠲᠡᠭᠷᠢ ᠳᠤ ᠡᠭᠦᠯᠡ ᠦᠭᠡᠢ ᠪᠣᠯ ᠰᠠᠷ᠎ᠠ ᠨᠢ ᠲᠤᠩᠭᠠᠯᠠᠭ ᠭᠡᠰᠡᠨ ᠤ ᠭᠤᠸ᠎ᠠ | ᠰᠠᠶᠢᠬᠠᠨ᠃ ᠪᠡᠶ᠎ᠡ ᠪᠡᠶ᠎ᠡ ᠪᠠᠨ ᠦᠵᠡᠵᠦ ᠲᠤᠭᠤᠭᠰᠠᠨ ᠨᠢᠭᠡᠨ ᠬᠤᠣᠰ ᠣᠪᠣᠭᠠᠨ ᠨᠠᠶᠢᠷ ᠳᠡᠭᠡᠷ᠎ᠡ ᠢᠷᠡᠭᠰᠡᠨ | ᠲᠣᠬᠢᠶᠠᠯ ᠢᠶᠠᠷ ᠬᠦᠮᠦᠨ ᠬᠠᠷ᠎ᠠ ᠠᠴᠠ ᠵᠠᠶᠢᠳᠠᠭᠤ ᠰᠡᠯᠡᠭᠦᠦ ᠭᠠᠵᠠᠷ ᠢ ᠰᠤᠩᠭᠤᠨ ᠦᠳᠡᠰᠢ ᠶᠢᠨ ᠴᠢᠯᠦᠭᠡᠲᠡᠢ ᠴᠠᠭ ᠲᠤ | ᠰᠠᠨᠠᠭ᠎ᠠ ᠪᠣᠳᠤᠯ ᠢᠶᠠᠨ ᠰᠤᠯᠢᠯᠴᠠᠵᠤ ᠠᠭᠤᠵᠢᠷᠠᠲᠠᠯ᠎ᠠ ᠶᠠᠷᠢᠯᠴᠠᠶ᠎ᠠ ᠬᠡᠮᠡᠨ ᠪᠣᠯᠵᠤᠭᠠᠨ ᠭᠠᠵᠠᠷ ᠣᠴᠠᠷᠠᠬᠤ ᠪᠣᠯᠵᠠᠢ᠃ | ᠬᠡᠦᠬᠡᠨᠴᠦᠳ ᠵᠢᠯ ᠳᠡᠭᠡᠨ ᠨᠢᠭᠡ ᠯᠡ ᠠᠭᠤᠯᠵᠠᠬᠤ ᠡᠨᠡᠬᠦ ᠴᠠᠭ ᠢᠶᠠᠨ ᠨᠠᠨᠳᠢᠩᠨᠠᠨ ᠭᠠᠷ ᠭᠠᠷ ᠢᠶᠠᠨ ᠬᠤᠯᠪᠣᠯᠴᠠᠵᠤ | ᠢᠨᠢᠶᠡᠯᠴᠡᠨ ᠪᠠᠶᠠᠰᠬᠤ ︽ᠬᠡᠦᠬᠡᠨᠴᠦᠳ ᠤᠨ ᠪᠦᠯᠦᠭ︾ ᠨᠢ ᠡᠮᠦᠰᠦᠭᠰᠡᠨ ᠬᠤᠪᠴᠠᠰᠤ ᠵᠠᠰᠠᠯ ᠠᠴᠠ ᠡᠬᠢᠯᠡᠭᠡᠳ | ᠦᠪᠡᠷᠰᠡᠳ ᠤᠨ ᠬᠢᠨᠢ ᠥᠩᠬᠡ ᠵᠢᠰᠦ ᠨᠢ ᠬᠠᠷᠠᠭᠰᠠᠨ ᠪᠦᠬᠦᠨ ᠤ ᠬᠠᠷᠠᠭ᠎ᠠ ᠶᠢ ᠪᠣᠯᠢᠶᠠᠨ᠎ᠠ᠃ ᠥᠶ᠎ᠡ | ᠬᠤᠷᠠᠭ ᠢᠶᠠᠷ ᠢᠶᠠᠨ ᠬᠤᠷᠠᠨ ᠴᠤᠭᠯᠠᠭᠰᠠᠨ ᠡᠨᠡᠬᠦ ᠮᠦᠴᠡ ᠳᠤ ᠠᠯᠢ ᠨᠢᠭᠡ ᠨᠢ ᠰᠠᠯᠵᠤ ᠲᠥᠪᠳᠡᠬᠦ ᠦᠭᠡᠢ ᠴᠤ | ᠬᠤᠩᠭᠤᠷ ᠬᠡᠦᠬᠡᠨ ᠢ ᠪᠣᠯᠵᠤᠭᠠᠨ ᠤ ᠬᠠᠷ᠎ᠠ ᠬᠦᠦ ᠨᠢ ᠬᠦᠯᠢᠶᠡᠨ ᠪᠠᠶᠢᠬᠤ ᠶᠢ ᠲᠡᠷᠡ ᠶᠠᠭᠤᠨ ᠠᠨᠳᠠᠬᠤ ᠪᠢᠯᠡ᠃ ︽ | ᠬᠠᠶᠢᠷᠠᠯᠠᠵᠤ ᠰᠠᠨᠠᠭᠰᠠᠨ ᠬᠤᠩᠭᠤᠷ ᠴᠢᠮ᠎ᠠ ᠶᠢ ᠪᠠᠨ ᠬᠦᠯᠢᠶᠡᠭᠰᠡᠭᠡᠷ ᠤᠳᠠᠯ᠎ᠠ ᠬᠠᠷᠢᠨ ᠴᠢ ᠮᠢᠨᠢ ᠬᠦᠷᠦᠭᠡᠳ ᠢᠷᠡᠬᠦ | ᠦᠭᠡᠢ ᠨᠢ ᠶᠠᠭᠤ ᠶᠤᠮ ᠳ᠋ᠠ︾ ᠬᠡᠮᠡᠨ ᠳᠠᠭᠤᠯᠠᠵᠤ ᠬᠠᠷ᠎ᠠ ᠬᠦᠦ ᠬᠦᠯᠢᠶᠡᠨ᠎ᠡ ᠬᠦᠯᠢᠶᠡᠭᠰᠡᠭᠡᠷ ᠁ ᠬᠤᠩᠭᠤᠷ | ᠬᠡᠦᠬᠡᠨ ᠡᠭᠡᠴᠢ ᠣᠯᠠᠨ ᠠᠴᠠ ᠪᠠᠨ ᠡᠪ ᠵᠦᠢ ᠶᠢ ᠨᠢ ᠦᠵᠡᠨ ᠪᠠᠶᠢᠵᠤ ᠡᠪᠯᠡᠭᠦᠨ ᠵᠠᠶᠢᠳᠠᠵᠤ ᠬᠠᠷ᠎ᠠ ᠬᠦᠦ ᠶᠢᠨ | ᠬᠦᠯᠢᠶᠡᠨ ᠪᠠᠶᠢᠬᠤ ᠪᠣᠯᠵᠤᠭᠠᠨ ᠤ ᠪᠠᠨ ᠭᠠᠵᠠᠷ ᠵᠦᠭ ᠁ ᠲᠣᠬᠢᠶᠠᠯ ᠬᠠᠷᠭᠤᠵᠤ ᠬᠤᠩᠭᠤᠷ ᠬᠡᠦᠬᠡᠨ ᠬᠠᠷ᠎ᠠ | ᠬᠦᠦ ᠶᠢᠨ ᠪᠣᠯᠵᠤᠭᠠᠨ ᠤ ᠭᠠᠵᠠᠷ ᠠᠶᠢᠰᠤᠢ ᠨᠢ ᠡᠳᠦᠷ ᠰᠢᠭ ᠰᠠᠷᠠᠭᠤᠯᠬᠠᠨ ᠦᠳᠡᠰᠢ ᠲᠣᠳᠣᠬᠠᠨ ᠬᠤᠷ᠎ᠠ | ᠪᠣᠷᠣᠭᠠᠨ ᠤ ᠰᠢᠮ᠎ᠡ ᠨᠢ ᠠᠭᠠᠷ ᠠᠴᠠ ᠪᠠᠭᠤᠬᠤ ᠦᠭᠡᠢ ᠪᠣᠯ ᠬᠠᠶᠢᠲᠠᠩ ᠯᠢᠩᠬᠸ᠎ᠠ ᠴᠡᠴᠡᠭ ᠴᠢᠨᠢ ᠦᠪᠡᠷ ᠢᠶᠠᠨ | ᠶᠠᠭᠠᠬᠢᠵᠤ ᠳᠡᠯᠭᠡᠷᠡᠨ᠎ᠡ ᠳ᠋ᠠ ᠬᠠᠶᠢᠷᠠᠲᠠᠢ ᠠᠬ᠎ᠠ ᠮᠢᠨᠢ ᠬᠠᠯᠠᠰᠢᠷᠠᠯ ᠦᠭᠡᠢ ᠬᠦᠯᠢᠶᠡᠪᠡᠯ ᠬᠠᠶᠢᠷᠠᠯᠠᠵᠤ ᠰᠠᠨᠠᠭᠰᠠᠨ | ᠬᠤᠩᠭᠤᠷ ᠳᠡᠭᠦᠦ ᠴᠢᠨᠢ ᠠᠶᠠᠨᠳᠠᠭᠠᠨ ᠬᠦᠷᠦᠭᠡᠳ ᠢᠷᠡᠬᠦ ᠦᠭᠡᠢ ᠦᠦ ᠳ᠋ᠠ ᠰᠠᠷᠠᠭᠤᠯᠬᠠᠨ ᠰᠠᠶᠢᠬᠠᠨ ᠴᠡᠯᠮᠡᠭ ᠦᠳᠡᠰᠢ | ᠰᠠᠨᠠᠭ᠎ᠠ ᠪᠣᠳᠤᠯ ᠢᠶᠠᠨ ᠠᠭᠤᠵᠢᠷᠠᠲᠠᠯ᠎ᠠ ᠳᠡᠯᠭᠡᠨ ᠶᠠᠷᠢᠯᠴᠠᠬᠤ ᠨᠢ ᠲᠦᠮᠡᠨ ᠵᠥᠪ᠃ ᠨᠠᠰᠤᠨ ᠤ ᠬᠠᠨᠢ ᠪᠠᠨ ᠰᠤᠩᠭᠤᠵᠤ | ᠪᠠᠶᠢᠬᠤ ᠶᠤᠮ ᠰᠢᠦ᠂ ᠵᠠᠮ ᠤᠨ ᠬᠠᠨᠢ ᠡᠷᠢᠵᠦ ᠪᠠᠶᠢᠭ᠎ᠠ ᠪᠢᠰᠢ᠃ | ᠳᠥᠷᠪᠡ᠃ ︽ᠣᠪᠣᠭᠠᠨ ᠳᠠᠬᠢ ᠠᠭᠤᠯᠵᠠᠯᠲᠠ︾ ᠭᠡᠰᠡᠨ ᠳᠠᠭᠤᠤ ᠶᠤᠮ ᠰᠢᠦ ᠬᠠᠷᠢᠨ ︽ᠣᠪᠣᠭᠠᠨ ᠳᠡᠭᠡᠷᠡᠬᠢ | ᠠᠭᠤᠯᠵᠠᠯᠲᠠ︾ ᠭᠡᠰᠡᠨ ᠳᠠᠭᠤᠤ ᠪᠢᠰᠢ᠃ ᠡᠮᠡᠭᠲᠡᠢ ᠬᠦᠮᠦᠨ ᠣᠪᠣᠭᠠᠨ ᠳᠡᠭᠡᠷ᠎ᠡ ᠭᠠᠷᠴᠤ ᠪᠣᠯᠳᠠᠭ ᠦᠭᠡᠢ ᠭᠡᠰᠡᠨ | ᠵᠠᠩᠰᠢᠯ ᠲᠠᠢ᠃ ᠡᠨᠡ ᠲᠣᠬᠠᠢ ᠵᠠᠷᠢᠮ ᠬᠦᠮᠦᠨ ︽ᠣᠪᠣᠭᠠᠨ ᠳᠡᠭᠡᠷ᠎ᠡ ᠡᠮᠡᠭᠲᠡᠢ ᠬᠦᠮᠦᠨ ᠢ ᠭᠠᠷᠭᠠᠳᠠᠭ ᠦᠭᠡᠢ ᠨᠢ | ᠡᠷᠲᠡ ᠴᠠᠭ ᠲᠤ ᠮᠣᠩᠭᠤᠯᠴᠤᠳ ᠣᠪᠣᠭ᠎ᠠ ᠬᠠᠶᠢᠷᠬᠠᠳ ᠢᠶᠠᠨ ᠲᠠᠬᠢᠵᠤ ᠪᠠᠷᠠᠭᠠᠳ ᠴᠡᠷᠢᠭ ᠤᠨ ᠨᠢᠭᠤᠴᠠ ᠪᠠᠨ | ᠵᠦᠪᠯᠡᠳᠡᠭ ᠪᠠᠶᠢᠭᠰᠠᠨ ᠠᠴᠠ ᠡᠮᠡᠭᠲᠡᠢ ᠬᠦᠮᠦᠨ ᠢ ᠣᠪᠣᠭᠠᠨ ᠳᠡᠭᠡᠷ᠎ᠡ ᠭᠠᠷᠬᠤ ᠶᠢ ᠨᠢ ᠬᠤᠷᠢᠭᠯᠠᠳᠠᠭ ᠪᠠᠶᠢᠵᠠᠢ︾ ᠭᠡᠵᠦ | ᠮᠡᠷᠭᠡᠯᠡᠭᠰᠡᠨ ᠪᠠᠶᠢᠳᠠᠭ᠃ ᠰᠠᠶᠢᠨ ᠬᠠᠲᠤᠨ ᠮᠠᠨᠳᠤᠬᠠᠢ ᠠᠨᠤ ᠰᠠᠶᠢᠪᠠᠷ ᠢᠶᠠᠷ ᠰᠠᠭᠠᠳᠠᠯᠠᠵᠤ ᠰᠠᠨᠳᠠᠷᠠᠭᠰᠠᠨ ᠤᠯᠤᠰ ᠢᠶᠠᠨ | ᠬᠤᠷᠢᠶᠠᠵᠤ ᠰᠠᠶᠢᠨ ᠳᠠᠶᠠᠨ ᠬᠠᠭᠠᠨ ᠢ ᠥᠭᠡᠭᠯᠡᠵᠦ ᠮᠣᠷᠳᠠᠪᠠᠢ᠃ ᠤᠬᠠᠭᠠᠨᠳᠤ ᠰᠡᠴᠡᠨ ᠮᠠᠨᠳᠤᠬᠠᠢ ᠬᠠᠲᠤᠨ ᠠᠨᠤ | ᠤᠨᠵᠢᠭᠰᠠᠨ ᠦᠰᠦ ᠶᠦᠭᠡᠨ ᠰᠢᠪᠡᠷᠭᠡᠯᠯᠡᠵᠦ ᠤᠯᠤᠰ ᠤᠨ ᠡᠵᠡᠨ ᠳᠠᠶᠠᠨ ᠬᠠᠭᠠᠨ ᠢ ᠥᠭᠡᠭ ᠲᠤᠷ ᠲᠡᠭᠡᠭᠡᠵᠦ | ᠤᠳᠤᠷᠢᠳᠤᠨ ᠴᠡᠷᠢᠭ ᠳᠠᠶᠢᠴᠢᠯᠠᠵᠤ ᠮᠣᠷᠳᠠᠪᠠᠢ᠃ ᠠᠨᠤ ᠬᠠᠲᠤᠨ ᠦᠷᠭᠦᠯᠵᠢ ᠬᠤᠶᠠᠭ ᠲᠤᠭᠤᠯᠠᠭ᠎ᠠ ᠬᠡᠳᠦᠷᠡᠵᠦ | ᠬᠤᠷᠣᠮᠰᠠᠬᠠ ᠰᠠᠭᠠᠳᠠᠭ ᠠᠭᠰᠠᠭᠠᠨ᠂ ᠬᠤᠷᠳᠤᠨ ᠬᠦᠯᠦᠭ ᠲᠤ ᠮᠣᠷᠳᠠᠨ᠂ ᠳᠠᠶᠢᠨ ᠪᠠᠶᠢᠯᠳᠤᠭᠠᠨ ᠳᠤ ᠭᠠᠪᠰᠢᠭᠠᠶᠢᠯᠠᠨ | ᠤᠷᠤᠯᠴᠠᠵᠤ ᠣᠶᠢᠷᠠᠳ ᠤᠨ ᠲᠡᠦᠬᠡᠨ ᠳᠤ ᠣᠳᠣ ᠪᠣᠯᠵᠤ ᠮᠣᠩᠭᠤᠯ ②③ ①② ③ ᠪᠦᠰᠡᠬᠦᠶᠢᠴᠦᠳ ᠤᠨ | ᠳᠤᠮᠳᠠ ᠰᠣᠳᠣ ᠪᠣᠯᠣᠭᠰᠠᠨ ᠪᠢᠯᠡ᠃ ᠡᠴᠢᠭᠡ ᠶᠢᠨ ᠡᠮᠦᠨ᠎ᠡ ᠴᠡᠷᠢᠭ ᠲᠤ ᠮᠣᠷᠳᠠᠭᠰᠠᠨ ᠦᠨᠡᠨ ᠡᠯᠪᠡᠷᠢᠯᠲᠦ | ᠬᠤᠩᠭᠤᠷᠵᠤᠯᠠ ᠦᠨᠡᠨ ᠦᠷᠦᠰᠢᠶᠡᠯᠲᠦ ᠵᠢᠨᠦᠩ ᠮᠣᠬᠤᠯᠠᠢ ᠶᠢ ᠰᠣᠴᠢᠭᠠᠭᠰᠠᠨ᠃ ᠮᠣᠩᠭᠤᠯ ᠪᠦᠰᠡᠬᠦᠶᠢᠴᠤᠳ ᠤᠨ | ᠠᠯᠳᠠᠷ ᠭᠠᠪᠢᠶ᠎ᠠ ᠦᠯᠡᠮᠵᠢ ᠪᠠᠶᠢᠳᠠᠭ᠃ ᠡᠳᠡᠭᠡᠷ ᠰᠢᠯᠢᠳᠡᠭ ᠪᠦᠰᠡᠬᠦᠶᠢᠴᠦᠳ ᠤᠨ ᠴᠡᠷᠢᠭ ᠳᠠᠶᠢᠨ ᠤ ᠲᠣᠬᠠᠢ | ᠬᠤᠷᠠᠯᠳᠤᠭᠠᠨ ᠳᠤ ᠤᠷᠤᠯᠴᠠᠬᠤ ᠡᠷᠬᠡ ᠶᠢ ᠠᠷᠠᠢ ᠬᠠᠰᠤᠵᠤ ᠴᠢᠳᠠᠬᠤ ᠦᠭᠡᠢ ᠪᠠᠶᠢᠬ᠎ᠠ᠃ ᠠᠭᠤᠯᠠ | ᠣᠪᠣᠭᠠᠨ ᠳᠤ ᠶᠠᠭᠠᠬᠢᠭᠠᠳ ᠡᠮᠡᠭᠳᠡᠢ ᠬᠦᠮᠦᠨ ᠭᠠᠷᠬᠤ ᠶᠢ ᠴᠡᠭᠡᠷᠯᠡᠳᠡᠭ ᠪᠣᠢ︖ ᠡᠬᠡᠨᠡᠷ ᠤᠳ ᠲᠤ ᠪᠠᠨ | ᠦᠬᠢᠳ ᠲᠤ ᠪᠠᠨ ᠣᠩᠰᠢᠵᠤ ᠦᠭᠭᠦᠭᠡᠷᠡᠢ᠃ ᠡᠮᠡᠭᠲᠡᠢ ᠬᠦᠮᠦᠨ ᠢ ᠠᠭᠤᠯᠠ ᠣᠪᠣᠭᠠᠨ ᠳᠤ ᠭᠠᠷᠭᠠᠳᠠᠭ | ᠦᠭᠡᠢ ᠶᠢᠨ ᠣᠴᠢᠷ ᠨᠢ ᠶᠡᠭᠡ ᠡᠩ ᠤᠨ᠃ ᠦᠨᠳᠦᠷᠵᠢᠯᠲᠡ ᠶᠡᠭᠡ ᠲᠠᠢ ᠣᠷᠬᠢᠯ ᠶᠡᠭᠡ ᠠᠭᠤᠯᠠᠰ ᠤᠨ ᠦᠵᠦᠭᠦᠷ | ᠭᠠᠵᠠᠷ ᠲᠤ ᠴᠠᠬᠢᠯᠭᠠᠨ ᠰᠣᠷᠢᠨᠵᠢᠨ ᠣᠷᠣᠨ ᠤ ᠨᠥᠯᠥᠭᠡᠯᠡᠯ ᠶᠡᠭᠡ ᠲᠡᠭᠷᠢ ᠭᠠᠵᠠᠷ ᠤᠨ ᠰᠠᠪᠰᠠᠯᠭ᠎ᠠ ᠳᠤ | ᠪᠠᠶᠢᠩᠭᠤ ᠳᠡᠭᠡᠭᠰᠢ ᠳᠤᠷᠤᠭᠰᠢ ᠲᠠᠲᠠᠯᠵᠠᠨ ᠦᠶᠡᠯᠵᠡᠵᠦ ᠪᠠᠶᠢᠳᠠᠭ ᠪᠠᠶᠢᠨ᠎ᠠ᠃ ᠡᠭᠦᠨ ᠢ ᠡᠷᠲᠡᠨ ᠠᠴᠠ | ᠠᠭᠤᠯᠠ ᠶᠢᠨ ᠰᠦᠷ ᠳᠠᠷᠤᠬᠤ ᠭᠡᠵᠦ ᠨᠡᠷᠡᠯᠡᠳᠡᠭ ᠪᠠᠶᠢᠵᠠᠢ᠃ ᠡᠭᠦᠨ ᠢ ᠠᠵᠢᠭᠯᠠᠵᠤ ᠮᠡᠳᠡᠭᠰᠡᠨ ᠡᠪᠦᠭᠡ ᠳᠡᠭᠡᠳᠦᠰ | ᠮᠠᠨᠢ ᠣᠯᠣᠰ ᠦᠨᠳᠦᠰᠦᠲᠡᠨ ᠤ ᠡᠬᠡ ᠪᠣᠯᠣᠭᠰᠠᠨ ᠦᠬᠢᠳ ᠪᠦᠰᠡᠬᠦᠶᠢᠴᠦᠳ ᠢᠶᠠᠨ ᠡᠷᠲᠡᠨ ᠠᠴᠠ ᠬᠠᠶᠢᠷᠠᠯᠠᠨ | ᠰᠠᠪᠠᠨ ᠳᠤ ᠨᠢ ᠬᠡᠢ ᠴᠣᠬᠢᠵᠤ ᠬᠤᠷᠠᠭᠠᠳ ᠬᠤᠵᠢᠮ ᠲᠦᠷᠦᠬᠦ ᠴᠠᠭ ᠲᠤ ᠬᠡᠢ ᠨᠢ ᠪᠤᠷᠤᠭᠤᠳᠠᠨ ᠡᠬᠡ ᠦᠷ᠎ᠡ | ᠠᠳᠡᠬᠦ ᠠᠴᠠ ᠪᠣᠯᠭᠤᠮᠵᠢᠯᠠᠵᠤ ᠬᠤᠷᠢᠭ ᠴᠡᠭᠡᠷ ᠢ ᠦᠯᠢᠭᠡᠷ ᠳᠤᠮᠤᠭ ᠪᠣᠯᠭᠠᠨ ᠲᠣᠭᠲᠠᠭᠠᠭᠰᠠᠨ ᠶᠤᠮ᠃ ᠮᠥᠨ | ᠭᠠᠵᠠᠷ ᠤᠨ ᠰᠦᠯᠳᠡ ᠳᠠᠶᠢᠷᠭᠠᠳᠠᠭᠰᠠᠨ ᠡᠬᠡ ᠬᠦᠮᠦᠨ ᠤ ᠶᠠᠰᠤ ᠬᠡᠪᠡᠷᠡᠭᠰᠢᠨ ᠠᠯᠲᠠᠨ ᠵᠠᠭᠠᠳᠠᠰᠤ ᠰᠠᠯᠬᠤ | ᠴᠠᠭ ᠲᠤ ᠪᠠᠨ ᠥᠭᠡ ᠪᠠᠷ ᠬᠡᠯᠡᠮᠡ ᠭᠡᠢ ᠵᠣᠪᠠᠯᠠᠩ ᠡᠳ᠋ᠯᠡᠳᠡᠭ ᠢ ᠮᠡᠳᠡᠳᠡᠭ ᠲᠤᠯᠠ ᠡᠷᠲᠡᠨ ᠠᠴᠠ ᠢᠩᠭᠢᠵᠦ | ᠬᠠᠶᠢᠷᠠᠯᠠᠵᠤ ᠬᠠᠭᠠᠴᠠᠶᠢᠯᠠᠵᠤ ᠢᠷᠡᠵᠡᠢ᠃ ᠡᠭᠦᠨ ᠳᠤ ᠶᠠᠮᠠᠷ ᠨᠢᠭᠡᠨ ᠱᠠᠰᠢᠨ ᠰᠢᠲᠦᠯᠭᠡ ᠡᠷ᠎ᠡ ᠡᠮ᠎ᠡ ᠬᠦᠮᠦᠨ ᠤ ᠪᠣᠵᠠᠷ | ᠳᠤᠷᠤᠢ ᠶᠢᠨ ᠰᠢᠯᠲᠠᠭᠠᠨ ᠶᠡᠷᠦ ᠦᠭᠡᠢ ᠶᠤᠮ᠃ ᠪᠠᠶᠢᠭᠠᠯᠢ ᠳᠡᠯᠡᠬᠡᠢ ᠳᠤ ᠪᠠᠨ ᠬᠦᠮᠦᠨ ᠪᠣᠯᠵᠤ ᠲᠦᠷᠦᠭᠡᠳ | ᠪᠣᠴᠠᠭᠠᠳ ᠰᠢᠩᠭᠡᠳᠡᠭ ᠡᠩ ᠤᠨ ᠵᠢᠮ᠎ᠡ ᠶᠤᠰᠤ ᠶᠢ ᠮᠡᠳᠡᠳᠡᠭ ᠳᠠᠭᠠᠳᠠᠭ ᠪᠠᠶᠢᠭᠰᠠᠨ ᠡᠴᠢᠭᠡ ᠡᠪᠦᠭᠡᠳ ᠲᠤ ᠪᠠᠨ | ᠮᠦᠷᠭᠦᠮᠦ᠃ | ᠡᠬᠡ ᠪᠢᠴᠢᠭ᠄ ᠳᠠᠮᠪᠠᠰᠢᠷᠦᠪ ᠪᠠᠭᠰᠢ ︵ᠮᠣᠩᠭᠤᠯ ᠤᠯᠤᠰ︶ | ᠣᠪᠣᠭᠠᠨ ᠨᠠᠶᠢᠷ ᠳᠡᠭᠡᠷ᠎ᠡ ᠣᠴᠢᠭᠠᠳ ᠳᠠᠭᠤᠯᠠᠭᠰᠠᠨ ᠳᠠᠭᠤᠤ ᠪᠣᠯᠬᠤᠷ ︽ᠣᠪᠣᠭᠠᠨ ᠳᠠᠬᠢ ᠠᠭᠤᠯᠵᠠᠯᠲᠠ︾ | ᠭᠡᠵᠦ ᠭᠠᠷᠴᠠᠭ ᠦᠭᠴᠡᠢ᠃ ᠣᠪᠣᠭᠠᠨ ᠨᠠᠶᠢᠷ ᠨᠢ ᠬᠤᠶᠠᠷ ᠵᠠᠯᠠᠭᠤ ᠶᠢ ᠤᠴᠠᠷᠠᠨ ᠶᠠᠷᠢᠯᠴᠠᠬᠤ ᠲᠣᠬᠢᠶᠠᠯ | ᠬᠠᠶᠢᠷᠠᠯᠠᠭᠰᠠᠨ ᠲᠤᠯᠠ ᠡᠨᠡᠬᠦ ᠣᠪᠣᠭᠠᠨ ᠨᠠᠶᠢᠷ ᠢ ᠥᠨᠢᠳᠡ ᠳᠤᠷᠠᠰᠬᠠᠨ ᠰᠠᠨᠠᠭᠠᠯᠵᠠᠬᠤ ᠨᠢ ᠳᠠᠮᠵᠢᠭ ᠦᠭᠡᠢ᠃ | ᠵᠣᠬᠢᠶᠠᠭᠴᠢ ᠲᠣᠬᠠᠢ ᠶᠢᠨ ᠥᠶ᠎ᠡ ᠳᠤ ︽ᠭᠠᠯ ᠠᠷᠪᠠᠨ ᠨᠠᠢᠮᠠ ᠭᠠᠯᠵᠠᠭᠤ ᠬᠤᠷᠢᠨ ᠲᠠᠪᠤ︾ ᠶᠢᠨ ᠨᠠᠰᠤᠨ ᠳᠠᠭᠠᠨ | ᠪᠠᠶᠢᠭᠰᠠᠨ ᠲᠤᠯᠠ ᠲᠤᠰ ᠳᠠᠭᠤᠤ ᠶᠢᠨ ᠨᠢᠭᠡᠳᠦᠭᠡᠷ ᠪᠡᠶ᠎ᠡ ᠨᠢ ᠪᠠᠶᠢᠭᠰᠠᠨ ᠴᠤ ᠪᠣᠯᠪᠠᠤ ᠬᠡᠮᠡᠨ ᠪᠣᠳᠤᠭᠳᠠᠬᠤ ᠦᠭᠡᠢ | ᠪᠠᠶᠢᠬᠤ ᠶᠢᠨ ᠠᠷᠭ᠎ᠠ ᠦᠭᠡᠢ᠃ | ︽ᠣᠪᠣᠭᠠᠨ ᠳᠠᠬᠢ ᠠᠭᠤᠯᠵᠠᠯᠲᠠ︾ ᠭᠡᠰᠡᠨ ᠳᠠᠭᠤᠤ ᠬᠡᠵᠢᠶᠡᠳᠡ ᠵᠠᠯᠠᠭᠤ ᠽᠠᠨᠳᠠᠨ ᠨᠠᠰᠤ ᠪᠠᠷ ᠢᠶᠠᠨ ᠪᠠᠶᠢᠬᠤ | ᠶᠤᠮ᠃ 2020 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ 48 ᠤᠶᠤᠲᠠᠳ ᠶᠠᠮᠠᠷᠴᠤ ᠬᠦᠭᠵᠢᠮ ᠤᠨ | ᠬᠠᠪᠰᠤᠷᠤᠯᠭ᠎ᠠ ᠦᠭᠡᠢ ᠮᠥᠷᠲᠡᠭᠡᠨ ᠴᠤᠯᠤ ᠮᠣᠩᠭᠤᠯ ᠨᠠᠶᠢᠷᠠᠯ ᠳᠠᠭᠤᠤ ︽ᠣᠪᠣᠭᠠᠨ ᠳᠠᠬᠢ ᠠᠭᠤᠯᠵᠠᠯᠲᠠ︾ ᠶᠢ | ᠳᠠᠭᠤᠯᠠᠭᠰᠠᠨ ᠢ ᠦᠵᠡᠭᠰᠡᠨ ᠰᠤᠨᠤᠰᠤᠭᠰᠠᠨ ᠪᠦᠬᠦᠨ ᠳᠤ ᠭᠠᠶᠢᠬᠠᠮᠰᠢᠭ ᠪᠣᠯᠣᠭᠰᠠᠨ ᠪᠢᠯᠡ᠃ | | |