ᠡᠯ᠎ᠡ ᠰᠤᠮᠤ ᠪᠠᠯᠭᠠᠰᠤ ᠶᠢᠨ ᠠᠷᠠᠳ ᠤᠨ ᠵᠠᠰᠠᠭ ᠤᠨ ᠣᠷᠳᠣᠨ᠂ ᠤᠯᠤᠰ ᠤᠨ ᠥᠮᠴᠢᠯᠡᠯᠲᠦ ᠲᠠᠷᠢᠶᠠᠯᠠᠩ ᠮᠠᠯᠵᠢᠯ ᠤᠨ | ᠲᠠᠯᠠᠪᠠᠶ᠂ ᠡᠯ᠎ᠡ ᠬᠤᠯᠪᠣᠭᠳᠠᠯ ᠪᠥᠬᠦᠶ ᠰᠠᠯᠠᠭ᠎ᠠ ᠮᠥᠴᠢᠷ ᠲᠤ᠄ | ︽ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ 2024 ᠣᠨ ᠤ ᠲᠠᠷᠢᠶᠠᠯᠠᠩ ᠤᠨ ᠳᠠᠭᠠᠳᠬᠠᠯ ᠤᠨ | ᠵᠠᠷᠤᠳᠠᠯ ᠤᠨ ᠨᠥᠬᠦᠪᠥᠷᠢ ᠶᠢᠨ ᠬᠡᠷᠡᠭᠵᠢᠭᠦᠯᠬᠦ ᠲᠥᠰᠦᠯ︾ ᠢ ᠬᠤᠰᠢᠭᠤᠨ ᠤ ᠵᠠᠰᠠᠭ ᠤᠨ ᠣᠷᠳᠣᠨ ᠢᠶᠠᠷ | ᠵᠥᠪᠰᠢᠶᠡᠷᠡᠭᠦᠯᠦᠭᠡᠳ᠂ ᠡᠳᠦᠭᠡ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠶ ᠲᠠᠢ ᠪᠠᠨ ᠤᠶᠠᠯᠳᠤᠭᠤᠯᠤᠨ᠂ | ᠲᠤᠤᠱᠯᠠᠭᠤᠯᠤᠨ ᠨᠠᠶᠢᠳᠠᠪᠤᠷᠢᠵᠢᠭᠤᠯᠬᠤ ᠶᠢ ᠬᠢᠨᠠᠮᠠᠭᠠᠶ ᠰᠠᠶᠢᠲᠤᠷ ᠠᠳᠬᠤᠲᠤᠭᠠᠶ᠃ | | 2024 ᠣᠨ ᠤ 5 ᠰᠠᠷ᠎ᠠ ᠶᠢᠨ 31 ᠤ ᠡᠳᠦᠷ | | | | | ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ 2024 ᠣᠨ ᠤ ᠲᠠᠷᠢᠶᠠᠯᠠᠩ ᠤᠨ | ᠳᠠᠭᠠᠳᠬᠠᠯ ᠤᠨ ᠵᠠᠷᠤᠳᠠᠯ ᠤᠨ ᠨᠥᠬᠦᠪᠥᠷᠢ ᠶᠢᠨ ᠬᠡᠷᠡᠭᠵᠢᠭᠦᠯᠬᠦ ᠲᠥᠰᠦᠯ | | ᠮᠠᠨ ᠤ ᠬᠤᠰᠢᠭᠤᠨ ᠤ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠠᠵᠢᠯ ᠢ ᠰᠠᠶᠢᠲᠤᠷ | ᠬᠢᠵᠦ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠲᠠᠷᠢᠶᠠᠯᠠᠩ ᠤᠨ ᠳᠠᠭᠠᠳᠬᠠᠯ ᠤᠨ ᠠᠵᠢᠯ ᠤᠨ ᠪᠦᠬᠦᠯᠢ | ᠴᠣᠭᠴᠠ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠂ ᠮᠠᠯᠴᠢᠨ ᠲᠠᠷᠢᠶᠠᠴᠢᠨ ᠤ ᠡᠷᠬᠡ ᠠᠰᠢᠭ ᠢ ᠦᠨᠡᠨᠬᠦ | ᠪᠠᠲᠤᠯᠠᠬᠤ ᠶᠢᠨ ᠲᠥᠯᠥᠭᠡ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠥᠷᠥ ᠶᠢᠨ | ᠪᠣᠳᠣᠯᠭ᠎ᠠ ᠶᠢᠨ ᠴᠢᠨᠠᠷᠲᠠᠶ ᠲᠠᠷᠢᠶᠠᠯᠠᠩ ᠤᠨ ᠳᠠᠭᠠᠳᠬᠠᠯ ᠤᠨ ᠴᠢᠨᠠᠷ ᠰᠠᠶᠢᠲᠠᠶ ᠬᠥᠭᠵᠢᠯᠲᠡ ᠶᠢ ᠲᠦᠷᠭᠡᠳᠬᠡᠨ | ᠠᠬᠢᠭᠤᠯᠬᠤ ᠠᠵᠢᠯ ᠤᠨ ᠲᠥᠰᠦᠯ︾ ︵ᠥᠪᠥᠷ ᠡᠳ᠋ ᠮᠥᠩᠭᠦ ﹇2020﹈ 535 ᠳ᠋ᠤᠭᠠᠷ ᠲᠣᠭᠠᠲᠤ︶᠂ ︽ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠤᠨ ᠲᠠᠷᠢᠶᠠᠯᠠᠩ ᠮᠠᠯ ᠠᠵᠤ | ᠠᠬᠤᠶ ᠶᠢᠨ ᠲᠢᠩᠬᠢᠮ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠪᠠᠩᠬᠢ ᠳᠠᠭᠠᠳᠬᠠᠯ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ ᠶᠢᠨ ᠴᠠᠭ ᠠᠭᠤᠷ ᠤᠨ ᠲᠣᠪᠴᠢᠶ᠎ᠠ ᠶᠢᠨ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ 2024 ᠣᠨ ᠤ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ | ᠬᠡᠷᠡᠭᠵᠢᠭᠦᠯᠬᠦ ᠲᠥᠰᠦᠯ ᠢ ᠳᠠᠷᠤᠮᠠᠯᠯᠠᠨ ᠶᠠᠪᠤᠭᠤᠯᠬᠤ ᠲᠤᠬᠠᠶ ᠮᠡᠳᠡᠭᠳᠡᠯ︾ ︵ᠥᠪᠥᠷ ᠡᠳ᠋ ᠮᠥᠩᠭᠦ ﹇2020﹈ | 411 ᠳ᠋ᠦ᠋ᠭᠡᠷ ᠲᠣᠭᠠᠲᠤ︶ ᠤᠨ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠦᠨᠳᠦᠰᠦᠯᠡᠨ᠂ ᠮᠠᠨ ᠤ | ᠬᠤᠰᠢᠭᠤᠨ ᠤ ᠪᠣᠳᠠᠲᠠᠶ ᠲᠠᠢ ᠪᠠᠨ ᠤᠶᠠᠯᠳᠤᠭᠤᠯᠤᠨ᠂ ᠲᠣᠰ ᠲᠥᠰᠦᠯ ᠢ ᠲᠣᠭᠲᠠᠭᠠᠪᠠ᠃ | ᠨᠢᠭᠡ᠂ ᠦᠨᠳᠦᠰᠦᠨ ᠰᠡᠳᠬᠢᠴᠡ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠢᠭᠡᠮ ᠵᠢᠷᠤᠮ ᠤᠨ | ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠪᠣᠯᠤᠨ ᠬᠤᠷᠢᠳᠤᠭᠠᠷ | ᠬᠤᠭᠤᠴᠠᠭᠠᠨ᠋ ᠣᠲ᠋ᠥ᠋ᠪ ᠬᠤᠷᠢᠶᠠᠨ᠋ ᠤ ᠬᠤᠶᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ | ᠲᠤᠤᠱᠯᠠᠭᠤᠯᠵᠤ᠂ ᠲᠠᠷᠢᠶᠠᠯᠠᠩ ᠤᠨ ᠳᠠᠭᠠᠳᠬᠠᠯ ᠤᠨ ᠰᠦᠢᠳᠭᠡᠯ ᠤᠨ ᠨᠥᠬᠦᠪᠥᠷᠢ ᠶᠢᠨ ᠠᠵᠢᠯ ᠨᠢ ︽ᠵᠠᠰᠠᠭ ᠤᠨ | ᠣᠷᠳᠣᠨ ᠵᠢᠯᠣᠭᠤᠳᠬᠤ᠂ ᠵᠠᠬ᠎ᠠ ᠳᠡᠯᠭᠡᠭᠦᠷ ᠢᠶᠠᠷ ᠠᠵᠢᠯᠯᠠᠭᠤᠯᠬᠤ᠂ ᠡᠵᠡᠨ ᠮᠡᠳᠡᠨ ᠰᠠᠶᠢᠨ ᠳᠤᠷ᠎ᠠ ᠠᠴᠠ ᠪᠠᠨ᠂ | ᠬᠠᠮᠵᠢᠯᠴᠠᠨ ᠠᠬᠢᠭᠤᠯᠬᠤ︾ ᠤᠷᠢᠳᠠᠯ ᠳᠣᠣᠷ᠎ᠠ᠂ ᠲᠣᠭᠲᠠᠭᠠᠯ ᠳᠤ ᠨᠡᠶᠢᠴᠡᠨ ᠡᠵᠡᠩᠨᠡᠬᠦ ᠶᠢ ᠠᠬᠢᠭᠤᠯᠬᠤ ᠪᠠᠷ | ᠳᠠᠮᠵᠢᠭᠤᠯᠤᠨ᠂ ᠵᠣᠬᠢᠰᠲᠠᠢ ᠥᠷᠢᠰᠦᠯᠳᠦᠬᠦ ᠲᠤᠭᠳᠠᠴᠠ ᠶᠢ ᠠᠯᠬᠤᠮ ᠠᠯᠬᠤᠮ ᠢᠶᠠᠷ ᠣᠷᠣᠭᠤᠯᠤᠨ ᠠᠪᠴᠢᠷᠠᠵᠤ᠂ | ᠵᠣᠬᠢᠰᠲᠠᠢ ᠦᠷᠢᠰᠦᠯᠳᠦᠭᠡᠨ ᠤ ᠲᠤᠭᠳᠠᠴᠠ ᠶᠢ ᠬᠡᠷᠡᠭᠵᠢᠭᠦᠯᠵᠦ᠂ ᠲᠠᠷᠢᠮᠠᠯ ᠤᠨ ᠦᠢᠯᠡᠰ᠂ ᠤᠢ ᠰᠢᠭᠤᠢ ︵ᠨᠤᠲᠤᠭ | ᠪᠡᠯᠴᠢᠭᠡᠷ︶ ᠪᠣᠯᠤᠨ ᠣᠷᠣᠨ ᠨᠤᠳᠤᠭ ᠤᠨ ᠳᠠᠪᠠᠭᠤᠯᠢᠭ ᠤᠨᠴᠠᠯᠢᠭ ᠲᠠᠢ ᠲᠠᠷᠢᠶᠠᠯᠠᠩ ᠤᠨ ᠪᠦᠳᠦᠭᠡᠭᠳᠡᠬᠦᠨ ᠤ | ᠲᠠᠭᠠᠳᠬᠠᠯ ᠵᠡᠷᠭᠡ ᠶᠢ ᠬᠡᠷᠡᠭᠵᠢᠬᠦᠯᠵᠦ᠂ ᠨᠠᠷᠢᠯᠢᠭ ᠣᠨᠣᠴᠠᠲᠠᠢ ᠳᠠᠭᠠᠳᠭᠠᠯ ᠳᠠᠭᠠᠭᠠᠬᠤ᠂ ᠨᠠᠷᠢᠯᠢᠭ ᠣᠨᠣᠴᠠᠲᠠᠢ | ᠲᠥᠯᠥᠪᠦᠷᠢ ᠦᠭᠬᠦ ᠪᠠᠷ ᠭᠤᠣᠯᠳᠠᠯᠭ᠎ᠠ ᠪᠣᠯᠭᠠᠭᠰᠠᠨ ᠦᠢᠯᠡᠴᠢᠯᠡᠭᠡᠨ ᠤ ᠬᠡᠪ ᠵᠠᠭᠪᠤᠷ ᠪᠠᠶᠢᠭᠤᠯᠵᠤ᠂ ᠲᠠᠷᠢᠶᠠᠯᠠᠩ ᠤᠨ | ᠳᠠᠭᠠᠳᠬᠠᠯ ᠤᠨ ᠦᠢᠯᠡᠴᠢᠯᠡᠭᠡᠨ ᠤ ᠬᠢᠷᠢ ᠬᠡᠮᠵᠢᠶ᠎ᠡ ᠶᠢ ᠲᠠᠰᠤᠷᠠᠯᠲᠠ ᠤᠢᠭᠡᠢ ᠳᠡᠭᠡᠭᠰᠢᠯᠡᠭᠦᠯᠦᠨ᠂ ᠲᠠᠷᠢᠶᠠᠯᠠᠩ ᠤᠨ | ᠳᠠᠭᠠᠳᠬᠠᠯ ᠤᠨ ᠪᠠᠲᠤᠯᠠᠭ᠎ᠠ ᠶᠢᠨ ᠴᠢᠳᠠᠪᠤᠷᠢ ᠶᠢ ᠳᠡᠭᠡᠭᠰᠢᠯᠡᠭᠦᠯᠵᠦ᠂ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠳᠤ | ᠨᠥᠬᠦᠪᠥᠷᠢ ᠥᠭᠬᠦ ᠠᠵᠢᠯ ᠤᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠶᠢ ᠠᠬᠢᠭᠤᠯᠬᠤ ᠬᠡᠷᠡᠭᠲᠡᠶ᠃ | ᠬᠤᠶᠠᠷ᠂ ᠦᠨᠳᠦᠰᠦᠨ ᠵᠠᠷᠴᠢᠮ | ︵ᠨᠢᠭᠡ︶ ᠡᠳ᠋ ᠤᠨ ᠵᠠᠰᠠᠭ ᠠᠴᠠ ᠲᠡᠮᠵᠢᠨ᠎ᠡ᠃ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠬᠥᠭᠵᠢᠯᠲᠡ ᠶᠢᠨ | ᠴᠢᠭᠯᠡᠯ᠂ ᠳᠦᠷᠢᠮ ᠲᠣᠭᠲᠠᠭᠠᠯ ᠲᠣᠭᠲᠠᠭᠠᠬᠤ᠂ ᠲᠥᠷᠥ ᠶᠢᠨ ᠪᠣᠳᠣᠯᠭ᠎ᠠ ᠲᠣᠭᠲᠠᠭᠠᠬᠤ᠂ ᠪᠡᠯᠡ ᠮᠥᠩᠭᠦ ᠶᠢᠨ | ᠪᠠᠲᠤᠯᠠᠭ᠎ᠠ ᠵᠡᠷᠭᠡ ᠲᠠᠯ᠎ᠠ ᠪᠠᠷ ᠲᠠᠷᠢᠶᠠᠯᠠᠩ ᠤᠨ ᠳᠠᠭᠠᠳᠬᠠᠯ ᠤᠨ ᠬᠥᠭᠵᠢᠯᠲᠡ ᠶᠢ ᠲᠦᠯᠬᠢᠨ ᠠᠬᠢᠭᠤᠯᠵᠤ᠂ | ᠳᠠᠭᠠᠳᠬᠠᠯ ᠤᠨ ᠵᠠᠷᠤᠳᠠᠯ ᠤᠨ ᠨᠥᠬᠦᠪᠥᠷᠢ᠂ ᠪᠠᠶᠢᠭᠤᠯᠤᠮᠵᠢ ᠶᠢ ᠰᠢᠯᠢᠨ ᠰᠣᠩᠭᠤᠬᠤ ᠵᠡᠷᠭᠡ ᠣᠯᠠᠨ ᠵᠦᠢᠯ ᠤᠨ | ᠲᠥᠷᠥ ᠶᠢᠨ ᠪᠣᠳᠣᠯᠭ᠎ᠠ ᠶᠢᠨ ᠠᠷᠭ᠎ᠠ ᠪᠠᠷᠢᠯ ᠢᠶᠠᠷ ᠳᠠᠮᠵᠢᠭᠤᠯᠤᠨ᠂ ᠲᠠᠷᠢᠶᠠᠯᠠᠩ ᠤᠨ ᠳᠠᠭᠠᠳᠬᠠᠯ ᠤᠨ ᠲᠣᠭᠲᠠᠴᠠ ᠶᠢᠨ | ᠴᠢᠨᠠᠷᠲᠠᠶ ᠪᠠᠭᠠᠵᠢ ᠶᠢᠨ ᠦᠢᠯᠡᠳᠦᠯ ᠢ ᠪᠠᠳᠠᠷᠠᠭᠤᠯᠵᠤ᠂ ᠳᠠᠭᠠᠳᠬᠠᠯ ᠤᠨ ᠪᠠᠶᠢᠭᠤᠯᠤᠮᠵᠢ ᠶᠢ ᠰᠢᠮᠳᠠᠭᠤᠯᠤᠨ ᠬᠠᠤᠯᠢ | ᠲᠣᠭᠲᠠᠭᠠᠯ ᠳᠤ ᠨᠡᠶᠢᠴᠡᠭᠦᠯᠦᠨ ᠲᠤᠬᠠᠶᠢᠯᠠᠭᠰᠠᠨ ᠠᠵᠢᠯ ᠥᠷᠨᠢᠭᠦᠯᠵᠦ᠂ ᠣᠷᠣᠯᠴᠠᠬᠤ ᠲᠠᠯ᠎ᠠ ᠶᠢᠨ ᠡᠯ᠎ᠡ | ᠲᠠᠯ᠎ᠠ ᠶᠢᠨ ᠬᠢᠨ ᠤ ᠢᠳᠡᠪᠬᠢᠵᠢᠯ ᠢ ᠭᠦᠢᠴᠡᠳ ᠳᠠᠶᠢᠴᠢᠯᠠᠵᠤ᠂ ᠲᠠᠷᠢᠶᠠᠯᠠᠩ ᠤᠨ ᠳᠠᠭᠠᠳᠬᠠᠯ ᠤᠨ ᠴᠢᠨᠠᠷ ᠰᠠᠶᠢᠲᠠᠶ | ᠬᠥᠭᠵᠢᠯᠲᠡ ᠶᠢ ᠲᠦᠯᠬᠢᠨ ᠠᠬᠢᠭᠤᠯᠤᠨ᠎ᠠ᠃ | ︵ᠬᠤᠶᠠᠷ︶ ᠱᠠᠲᠤ ᠬᠤᠪᠢᠶᠠᠨ ᠬᠠᠷᠢᠭᠤᠴᠠᠨ᠎ᠠ᠃ ᠲᠠᠷᠢᠶᠠᠯᠠᠩ ᠮᠠᠯ ᠠᠵᠤ ᠠᠬᠤᠶ ᠶᠢᠨ ᠰᠠᠯᠠᠭ᠎ᠠ ᠮᠥᠴᠢᠷ | ᠲᠦᠷᠦᠭᠦᠯᠡᠨ ᠬᠢᠵᠦ᠂ ᠪᠤᠰᠤᠳ ᠰᠠᠯᠠᠭ᠎ᠠ ᠮᠥᠴᠢᠷ ᠤᠳ ᠠᠵᠢᠯ ᠲᠥᠷᠥᠯ ᠤᠨ ᠬᠤᠪᠢᠳᠠᠨ ᠬᠠᠮᠢᠶᠠᠷᠬᠤ᠂ ᠡᠯ᠎ᠡ ᠰᠤᠮᠤ | ᠪᠠᠯᠭᠠᠰᠤ ᠲᠠᠯᠠᠪᠠᠶ ᠬᠠᠷᠢᠶ᠎ᠠ ᠭᠠᠵᠠᠷ ᠤᠨ ᠬᠠᠷᠢᠶᠠᠯᠠᠯ ᠤᠨ ᠵᠠᠷᠴᠢᠮ ᠶᠣᠰᠣᠭᠠᠷ ᠲᠣᠰ ᠲᠣᠰ ᠤᠨ ᠬᠠᠷᠢᠭᠤᠴᠠᠯᠭ᠎ᠠ ᠪᠠᠨ | ᠭᠦᠢᠴᠡᠳᠬᠡᠨ᠎ᠡ᠃ | ︵ᠭᠤᠷᠪᠠ︶ ᠲᠥᠰᠥᠪ ᠢᠶᠠᠷ ᠬᠦᠯᠢᠶᠡᠰᠦᠯᠡᠨᠡ᠃ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ | ᠲᠠᠷᠢᠶᠠᠯᠠᠩ ᠤᠨ ᠬᠥᠭᠵᠢᠯᠲᠡ᠂ ᠡᠳ᠋ ᠤᠨ ᠵᠠᠰᠠᠭ ᠤᠨ ᠳᠠᠭᠠᠭᠠᠬᠤ ᠴᠢᠳᠠᠪᠤᠷᠢ ᠵᠡᠷᠭᠡ ᠪᠣᠳᠠᠲᠤ ᠪᠠᠶᠢᠳᠠᠯ ᠢ | ᠶᠡᠷᠦᠩᠬᠡᠶᠢᠯᠡᠨ ᠪᠣᠳᠣᠯᠬᠢᠯᠠᠵᠤ᠂ ᠲᠠᠷᠢᠶᠠᠯᠠᠩ ᠤᠨ ᠳᠠᠭᠠᠳᠬᠠᠯ ᠤᠨ ᠲᠤᠬᠠᠶᠢᠯᠠᠭᠰᠠᠨ ᠠᠵᠢᠯ ᠤᠨ ᠬᠥᠭᠵᠢᠯᠲᠡ ᠶᠢᠨ | ᠬᠠᠨᠳᠤᠰᠢ ᠪᠣᠯᠤᠨ ᠳᠣᠲᠣᠭᠠᠳᠤ ᠵᠢᠮ᠎ᠡ ᠶᠣᠰᠣ ᠳᠤ ᠵᠣᠬᠢᠴᠠᠭᠤᠯᠤᠨ᠂ ᠴᠢᠳᠠᠯ ᠤᠨ ᠬᠢᠷᠢ ᠪᠠᠷ ᠢᠶᠠᠨ ᠬᠢᠵᠦ᠂ ᠲᠤᠰ | ᠭᠠᠵᠠᠷ ᠣᠷᠣᠨ ᠤ ᠪᠠᠨ ᠲᠠᠷᠢᠶᠠᠯᠠᠩ ᠤᠨ ᠳᠠᠭᠠᠳᠬᠠᠯ ᠤᠨ ᠬᠥᠭᠵᠢᠯᠲᠡ ᠶᠢᠨ ᠤᠷᠢᠳᠠᠪᠠᠷ ᠶᠠᠪᠤᠭᠤᠯᠬᠤ ᠳᠡᠰ | ᠳᠠᠷᠠᠭᠠᠯᠠᠯ ᠢᠶᠠᠨ ᠵᠦᠢ ᠵᠣᠬᠢᠰᠲᠠᠶ ᠲᠣᠭᠲᠠᠭᠠᠵᠤ᠂ ᠲᠥᠰᠦᠪ ᠤᠨ ᠬᠢᠵᠠᠭᠠᠷᠯᠠᠯ ᠢᠶᠠᠨ ᠴᠢᠩᠭᠠᠷᠠᠭᠤᠯᠤᠨ᠂ ᠡᠳ᠋ ᠤᠨ | ᠵᠠᠰᠠᠭ ᠤᠨ ᠲᠥᠰᠦᠪ ᠤᠨ ᠬᠠᠮᠢᠶᠠᠷᠤᠯᠲᠠ ᠶᠢᠨ ᠬᠢᠷᠢ ᠬᠡᠮᠵᠢᠶ᠎ᠡ ᠪᠠᠨ ᠳᠡᠭᠡᠭᠰᠢᠯᠡᠭᠦᠯᠬᠦ ᠬᠡᠷᠡᠭᠲᠡᠶ᠃ | ︵ᠲᠦᠷᠪᠡ︶ ᠲᠥᠷᠥ ᠶᠢᠨ ᠪᠣᠳᠣᠯᠭ᠎ᠠ ᠵᠣᠬᠢᠴᠠᠭᠤᠯᠤᠯᠲᠠ ᠬᠢᠨ᠎ᠡ᠃ ᠲᠠᠷᠢᠶᠠᠯᠠᠩ ᠮᠠᠯ ᠠᠵᠤ ᠠᠬᠤᠶ᠂ ᠡᠳ᠋ ᠤᠨ | ᠵᠠᠰᠠᠭ᠂ ᠳᠠᠭᠠᠳᠬᠠᠯ ᠤᠨ ᠬᠢᠨᠠᠯᠲᠠ ᠬᠠᠮᠢᠶᠠᠷᠤᠯᠲᠠ᠂ ᠣᠶ ᠰᠢᠭᠤᠶ ᠡᠪᠡᠰᠦ ᠪᠡᠯᠴᠢᠭᠡᠷ ᠵᠡᠷᠭᠡ ᠬᠤᠯᠪᠣᠭᠳᠠᠯ ᠪᠦᠬᠦᠢ | ᠨᠢᠭᠡᠴᠡ ᠵᠢᠴᠢ ᠳᠠᠭᠠᠳᠬᠠᠬᠤ ᠪᠠᠶᠢᠭᠤᠯᠤᠮᠵᠢ ᠶᠢᠨ ᠵᠣᠬᠢᠴᠠᠯᠳᠤᠨ ᠬᠠᠮᠵᠢᠯᠴᠠᠬᠤ ᠶᠢ ᠴᠢᠩᠭᠠᠳᠬᠠᠨ᠂ ᠲᠠᠷᠢᠶᠠᠯᠠᠩ ᠤᠨ | ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠶᠢ ᠲᠠᠷᠢᠶᠠᠯᠠᠬᠤ ᠮᠠᠯᠵᠢᠬᠤ ᠣᠷᠣᠨ ᠤ | ᠪᠤᠰᠤᠳ ᠮᠥᠩᠭᠦᠨ ᠭᠦᠢᠯᠭᠡᠭᠡᠨ ᠪᠠ ᠲᠠᠷᠢᠶᠠᠯᠠᠩ ᠢ ᠳᠡᠮᠵᠢᠵᠦ ᠲᠠᠷᠢᠶᠠᠴᠢᠳ ᠲᠤ ᠠᠰᠢᠭ ᠬᠦᠷᠲᠡᠭᠡᠬᠦ ᠲᠥᠷᠥ ᠶᠢᠨ | ᠪᠣᠳᠣᠯᠭ᠎ᠠ ᠯᠤᠭ᠎ᠠ ᠣᠷᠭᠠᠨᠢᠭ ᠢᠶᠠᠷ ᠤᠶᠠᠯᠳᠤᠭᠤᠯᠬᠤ ᠶᠢ ᠲᠦᠯᠬᠢᠨ ᠠᠬᠢᠭᠤᠯᠵᠤ᠂ ᠲᠠᠷᠢᠶᠠᠯᠠᠩ ᠤᠨ ᠳᠠᠭᠠᠳᠬᠠᠯ ᠤᠨ | ᠡᠷᠡᠭᠦᠯ ᠢᠶᠠᠷ ᠬᠥᠭᠵᠢᠬᠦ ᠤᠷᠲᠤ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠣᠶ ᠪᠣᠯᠭᠠᠬᠤ ᠶᠢ ᠠᠬᠢᠭᠤᠯᠬᠤ | ᠬᠡᠷᠡᠭᠲᠡᠶ᠃ | ︵ᠲᠠᠪᠤ︶ ᠠᠮᠵᠢᠯᠲᠠ ᠪᠦᠲᠦᠮᠵᠢ ᠪᠠᠷ ᠤᠳᠤᠷᠢᠳᠤᠮᠵᠢ ᠪᠤᠯᠭᠠᠨ᠎ᠠ᠃ ᠵᠥᠪ ᠴᠢᠭᠯᠡᠯ ᠢᠶᠠᠷ ᠤᠷᠮᠠᠰᠢᠭᠤᠯᠬᠤ ᠶᠢ | ᠳᠣᠪᠤᠶᠢᠯᠭᠠᠨ᠂ ᠰᠢᠨᠵᠢᠯᠡᠬᠦ ᠤᠬᠠᠭᠠᠨᠴᠢ ᠵᠦᠶ ᠵᠣᠬᠢᠰᠲᠠᠶ ᠶᠡᠷᠦᠩᠬᠡᠶᠢᠯᠡᠭᠰᠡᠨ ᠠᠮᠵᠢᠯᠲᠠ ᠪᠦᠲᠦᠮᠵᠢ ᠶᠢᠨ | ᠦᠨᠡᠯᠡᠯᠲᠡ ᠶᠢᠨ ᠭᠦᠢᠴᠡᠳᠬᠡᠯ ᠲᠤᠭ᠎ᠠ ᠶᠢᠨ ᠰᠢᠰᠲ᠋ᠧᠮᠵᠢ ᠶᠢ ᠪᠠᠶᠢᠭᠤᠯᠵᠤ᠂ ᠠᠮᠵᠢᠯᠲᠠ ᠪᠦᠲᠦᠮᠵᠢ ᠶᠢᠨ ᠬᠠᠷᠠᠯᠲᠠᠲᠤ | ᠬᠠᠮᠢᠶᠠᠷᠤᠯᠲᠠ ᠶᠢ ᠴᠢᠩᠭᠠᠷᠠᠭᠤᠯᠤᠨ᠂ ᠠᠮᠵᠢᠯᠲᠠ ᠪᠦᠲᠦᠮᠵᠢ ᠶᠢᠨ ᠠᠵᠢᠯᠯᠠᠭᠠᠨ ᠢ ᠬᠢᠨᠠᠨ ᠡᠵᠡᠮᠳᠡᠬᠦ ᠶᠢ ᠰᠠᠶᠢᠲᠤᠷ | ᠬᠢᠵᠦ᠂ ᠠᠵᠢᠯ ᠤᠨ ᠠᠮᠵᠢᠯᠲᠠ ᠪᠦᠲᠦᠮᠵᠢ ᠶᠢ ᠦᠨᠡᠯᠡᠬᠦ ᠪᠠ ᠦᠷ᠎ᠡ ᠳ᠋ᠦᠩ ᠤᠨ ᠬᠡᠷᠡᠭᠯᠡᠯᠲᠡ ᠶᠢ ᠥᠷᠨᠢᠭᠦᠯᠦᠨ᠎ᠡ᠃ | ︵ᠵᠢᠷᠭᠤᠭ᠎ᠠ︶ ᠮᠠᠯᠴᠢᠨ ᠲᠠᠷᠢᠶᠠᠴᠢᠨ ᠡᠷᠦᠬᠡ ᠳᠤ ᠠᠰᠢᠭ ᠬᠦᠷᠳᠡᠭᠡᠨ᠎ᠡ᠃ ︽ᠮᠠᠯ ᠠᠵᠤ ᠠᠬᠤᠶ ᠲᠠᠷᠢᠶᠠᠯᠠᠩ | ᠮᠠᠯᠵᠢᠬᠤ ᠲᠠᠷᠢᠶᠠᠯᠠᠬᠤ ᠣᠷᠣᠨ ᠮᠠᠯᠴᠢᠨ ᠲᠠᠷᠢᠶᠠᠴᠢᠨ︾ ᠳᠤ ᠦᠢᠯᠡᠴᠢᠯᠡᠬᠦ ᠳᠤ ᠠᠩᠬᠠᠷᠤᠯ ᠢᠶᠠᠨ ᠲᠥᠪᠯᠡᠷᠡᠭᠦᠯᠵᠦ᠂ | ᠲᠠᠷᠢᠶᠠᠯᠠᠩ ᠤᠨ ᠳᠠᠭᠠᠳᠬᠠᠯ ᠤᠨ ᠲᠥᠷᠥ ᠶᠢᠨ ᠪᠣᠳᠣᠯᠭ᠎ᠠ ᠶᠢᠨ ᠨᠠᠷᠢᠯᠢᠭ ᠣᠨᠣᠴᠠᠲᠠᠶ ᠪᠠᠷ ᠳᠤᠰᠤᠯᠭᠠᠨ | ᠤᠰᠤᠯᠠᠬᠤ ᠶᠢ ᠦᠨᠡᠨ ᠬᠦ ᠪᠠᠲᠤᠯᠠᠵᠤ᠂ ᠳᠠᠭᠠᠳᠬᠠᠯ ᠳᠤ ᠣᠷᠣᠯᠴᠠᠭᠰᠠᠨ ᠮᠠᠯᠵᠢᠬᠤ ᠲᠠᠷᠢᠶᠠᠯᠠᠬᠤ ᠡᠷᠦᠬᠡ ᠶᠢᠨ | ᠲᠥᠷᠥ ᠶᠢᠨ ᠪᠣᠳᠣᠯᠭ᠎ᠠ ᠶᠢᠨ ᠬᠦᠷᠲᠡᠮᠵᠢ ᠶᠢᠨ ᠲᠥᠷᠥᠭᠳᠡᠯ ᠪᠠ ᠬᠠᠨᠤᠮᠵᠢ ᠶᠢᠨ ᠬᠡᠮᠵᠢᠶ᠎ᠡ ᠶᠢ ᠦᠨᠡᠨ ᠬᠦ | ᠳᠡᠭᠡᠭᠰᠢᠯᠡᠭᠦᠯᠦᠨ᠎ᠡ᠃ | ᠭᠤᠷᠪᠠ᠂ ᠳᠠᠭᠠᠳᠬᠠᠯ ᠤᠨ ᠵᠠᠷᠤᠳᠠᠯ ᠤᠨ ᠨᠥᠬᠦᠪᠦᠷᠢ ᠣᠯᠭᠤᠬᠤ ᠲᠥᠷᠥ ᠶᠢᠨ ᠪᠣᠳᠣᠯᠭ᠎ᠠ | ︵ᠨᠢᠭᠡ︶ ᠳᠠᠭᠠᠳᠬᠠᠯ ᠤᠨ ᠵᠠᠷᠤᠳᠠᠯ ᠤᠨ ᠨᠦᠬᠦᠪᠦᠷᠢ ᠦᠭᠬᠦ ᠲᠦᠷᠦᠯ ᠵᠦᠢᠯ | 1. ᠲᠥᠪ ᠤᠨ ᠲᠣᠭᠲᠠᠭᠠᠭᠰᠠᠨ ᠲᠥᠷᠥᠯ ᠵᠦᠢᠯ᠄ | ︵1︶ ᠲᠠᠷᠢᠮᠠᠯ ᠤᠨ ᠦᠢᠯᠡᠰ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠲᠥᠷᠥᠯ ᠵᠦᠢᠯ᠄ | ᠲᠤᠲᠤᠷᠭ᠎ᠠ᠂ ᠪᠤᠭᠤᠳᠠᠶ᠂ ᠡᠷᠳᠡᠨᠢ ᠰᠢᠰᠢ᠂ ᠰᠢᠷ᠎ᠠ ᠪᠤᠷᠴᠠᠭ᠂ ᠲᠥᠮᠥᠰᠥ᠂ ᠲᠣᠰᠣᠯᠢᠭ ᠲᠠᠷᠢᠮᠠᠯ᠃ | ︵2︶ ᠲᠡᠵᠢᠭᠡᠨ ᠦᠷᠡᠵᠢᠭᠦᠯᠬᠦ ᠦᠢᠯᠡᠰ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠲᠥᠷᠥᠯ | ᠵᠦᠢᠯ᠄ ᠰᠠᠭᠠᠯᠢ ᠶᠢᠨ ᠦᠨᠢᠶ᠎ᠡ᠂ ᠦᠷᠡᠵᠢᠪᠦᠷᠢ ᠶᠢᠨ ᠮᠡᠭᠡᠵᠢ᠂ ᠪᠣᠷᠳᠣᠵᠤ ᠲᠠᠷᠭᠤᠯᠠᠭᠤᠯᠬᠤ ᠭᠠᠭ᠋ᠠᠢ᠃ | ︵3︶ ᠣᠢ ᠰᠢᠭᠤᠢ᠄ ᠨᠡᠶᠢᠲᠡ ᠶᠢᠨ ᠠᠰᠠᠷᠠᠮᠵᠢ ᠶᠢᠨ ᠣᠢ᠂ ᠲᠠᠸᠠᠷ ᠤᠨ ᠣᠢ᠃ | 2. ᠥᠪᠡᠷᠲᠡᠭᠡᠨ ᠵᠠᠰᠠᠬᠤ ᠣᠷᠣᠨ ᠠᠴᠠ ᠲᠣᠭᠲᠠᠭᠠᠭᠰᠠᠨ ᠲᠥᠷᠥᠯ ᠵᠦᠢᠯ᠄ | ᠲᠠᠷᠢᠮᠠᠯ ᠤᠨ ᠦᠢᠯᠡᠰ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠲᠥᠷᠥᠯ ᠵᠦᠢᠯ᠄ ᠬᠦᠯᠡᠮᠵᠢ᠂ | ᠲᠣᠮᠣ ᠫᠧᠩ ᠵᠢᠴᠢ ᠨᠡᠮᠡᠯᠲᠡ ᠫᠧᠩ ᠤᠨ ᠳᠣᠲᠣᠷᠠᠬᠢ ᠲᠠᠷᠢᠮᠠᠯ᠃ | ᠲᠡᠵᠢᠭᠡᠨ ᠦᠷᠡᠵᠢᠭᠦᠯᠬᠦ ᠦᠢᠯᠡᠰ ᠤᠨ ᠳᠠᠭᠠᠳᠬᠠᠯ ᠤᠨ ᠵᠠᠷᠤᠳᠠᠯ ᠤᠨ ᠨᠥᠬᠦᠪᠦᠷᠢ ᠣᠯᠭᠤᠬᠤ ᠲᠥᠷᠥᠯ ᠵᠦᠢᠯ᠄ | ᠲᠦᠩᠯᠢᠶᠣᠤ ᠬᠤᠲᠠ ᠶᠢᠨ ᠠᠯᠠᠰᠢᠨ ᠦᠬᠡᠷ ᠤᠨ ᠳᠠᠭᠠᠳᠬᠠᠯ ᠢ ᠦᠷᠭᠦᠯᠵᠢᠯᠡᠨ ᠬᠡᠷᠡᠭᠵᠢᠭᠦᠯᠦᠨ᠎ᠡ᠃ | ︵ᠬᠤᠶᠠᠷ︶ ᠳᠠᠭᠠᠳᠬᠠᠯ ᠤᠨ ᠬᠠᠷᠢᠭᠤᠴᠠᠯᠭ᠎ᠠ ᠶᠢᠨ ᠬᠡᠪᠴᠢᠶ᠎ᠡ | 1. ᠲᠠᠷᠢᠮᠠᠯ ᠤᠨ ᠦᠢᠯᠡᠰ ᠤᠨ ᠳᠠᠭᠠᠳᠬᠠᠯ ᠤᠨ ᠬᠠᠷᠢᠭᠤᠴᠠᠯᠭ᠎ᠠ᠄ ᠳᠠᠭᠠᠳᠬᠠᠯ ᠤᠨ ᠬᠤᠭᠤᠴᠠᠭᠠᠨ ᠳᠤ᠂ | ᠰᠢᠷᠦᠭᠦᠨ ᠪᠣᠷᠣᠭᠠᠨ᠂ ᠦᠶᠡᠷ ︵ᠵᠠᠰᠠᠭ ᠤᠨ ᠣᠷᠳᠣᠨ ᠤ ᠦᠶᠡᠷ ᠶᠠᠪᠤᠭᠤᠯᠬᠤ ᠬᠤᠷᠠᠭᠤᠯᠬᠤ ᠪᠠᠭᠲᠠᠬᠤ ᠦᠭᠡᠶ︶᠂ | ᠳᠣᠲᠣᠭᠠᠳᠤ ᠤᠰᠤᠲᠤᠯ᠂ ᠰᠠᠯᠬᠢᠨ ᠤ ᠭᠠᠮᠰᠢᠭ᠂ ᠮᠥᠨᠳᠥᠷ ᠤᠨ ᠭᠠᠮᠰᠢᠭ᠂ ᠥᠨᠳᠥᠷ ᠳᠤᠯᠠᠭᠠᠨ᠂ ᠬᠥᠯᠳᠡᠬᠦ | ᠭᠠᠮᠰᠢᠭ᠂ ᠭᠠᠩ ᠬᠠᠭᠰᠠᠷᠠᠭᠠᠨ᠂ ᠭᠠᠵᠠᠷ ᠬᠥᠳᠡᠯᠦᠯᠲᠡ ᠵᠡᠷᠭᠡ ᠪᠠᠶᠢᠭᠠᠯᠢ ᠶᠢᠨ ᠭᠠᠮᠰᠢᠭ᠂ ᠬᠦᠨᠳᠦ ᠶᠡᠭᠡ ᠡᠪᠡᠳᠴᠢᠨ | ᠪᠠ ᠬᠤᠷᠣᠬᠠᠶ ᠬᠤᠯᠤᠭᠠᠨ᠎ᠠ ᠶᠢᠨ ᠬᠥᠨᠥᠭᠡᠯ᠂ ᠰᠢᠪᠠᠷ ᠴᠢᠯᠠᠭᠤᠨ ᠤᠷᠤᠰᠬᠠᠯ᠂ ᠠᠭᠤᠯᠠ ᠶᠡᠭᠦᠷᠡᠬᠦ᠂ ᠭᠠᠯ ᠤᠨ ᠠᠶᠤᠯ | ᠵᠡᠷᠭᠡ ᠠᠶᠤᠯ ᠲᠦᠭᠰᠢᠭᠦᠷᠢ ᠠᠴᠠ ᠪᠣᠯᠵᠤ ᠳᠠᠭᠠᠳᠬᠠᠭᠰᠠᠨ ᠲᠠᠷᠢᠮᠠᠯ ᠤᠨ ᠰᠢᠭᠤᠳ ᠪᠣᠳᠠᠰ ᠡᠪᠳᠡᠭᠳᠡᠬᠦ ᠪᠤᠶᠤ | ᠤᠰᠠᠳᠴᠤ ᠭᠡᠭᠡᠭᠳᠡᠭᠰᠡᠨ ᠪᠥᠭᠡᠳ ᠬᠤᠬᠢᠷᠠᠯ ᠤᠨ ᠬᠡᠮᠵᠢᠶ᠎ᠡ ᠭᠡᠷ᠎ᠡ ᠳᠤ ᠪᠣᠯᠵᠣᠨ ᠲᠣᠭᠲᠠᠭᠰᠠᠨ ᠲᠥᠯᠥᠬᠦ ᠴᠡᠭ ᠲᠤ | ᠬᠦᠷᠦᠭᠰᠡᠨ ᠢ ᠳᠠᠭᠠᠳᠬᠠᠭᠴᠢ ᠲᠥᠯᠥᠬᠦ ᠬᠠᠷᠢᠭᠤᠴᠠᠯᠭ᠎ᠠ ᠡᠭᠦᠷᠭᠡᠯᠡᠨ᠎ᠡ᠃ | 2. ᠰᠠᠭᠠᠯᠢ ᠶᠢᠨ ᠦᠨᠢᠶᠡᠨ ᠤ ᠳᠠᠭᠠᠳᠬᠠᠯ ᠤᠨ ᠬᠠᠷᠢᠭᠤᠴᠠᠯᠭ᠎ᠠ᠄ ᠳᠠᠭᠠᠳᠬᠠᠭᠰᠠᠨ ᠬᠤᠭᠤᠴᠠᠭᠠᠨ ᠳᠤ | ᠳᠣᠤᠷᠠᠬᠢ ᠰᠢᠯᠲᠠᠭᠠᠨ ᠠᠴᠠ ᠪᠣᠯᠣᠭᠠᠳ ᠳᠠᠭᠠᠳᠬᠠᠭᠰᠠᠨ ᠰᠠᠭᠠᠯᠢ ᠶᠢᠨ ᠦᠨᠢᠶ᠎ᠡ ᠶᠢ ᠦᠬᠦᠭᠦᠯᠦᠭᠰᠡᠨ ᠪᠠᠶᠢᠪᠠᠯ᠂ | ᠳᠠᠭᠠᠳᠬᠠᠭᠴᠢ ᠲᠥᠯᠥᠬᠦ ᠬᠠᠷᠢᠭᠤᠴᠠᠯᠭ᠎ᠠ ᠡᠭᠦᠷᠭᠡᠯᠡᠨ᠎ᠡ᠃ | ︵1︶ ᠬᠦᠨᠳᠦ ᠶᠡᠭᠡ ᠡᠪᠡᠳᠴᠢᠨ ᠤ ᠬᠥᠨᠥᠭᠡᠯ᠄ ᠰᠢᠯᠦᠬᠡᠶ ᠡᠪᠡᠳᠴᠢᠨ᠂ ᠪᠷᠦ᠋ᠼᠧᠯ ᠡᠪᠡᠳᠴᠢᠨ᠂ ᠦᠬᠡᠷ ᠤᠨ | ᠰᠦᠷᠢᠶ᠎ᠡ ᠡᠪᠡᠳᠴᠢᠨ᠂ ᠦᠬᠡᠷ ᠤᠨ ᠨᠠᠷᠢᠰ ᠬᠤᠷᠣᠬᠠᠶ ᠶᠢᠨ ᠡᠪᠡᠳᠴᠢᠨ᠂ ᠪᠣᠭᠤᠮ᠎ᠠ ᠡᠪᠡᠳᠴᠢᠨ᠂ ᠬᠠᠭᠤᠷᠮᠠᠭ | ᠭᠠᠯᠵᠠᠭᠤ ᠡᠪᠡᠳᠴᠢᠨ᠂ ᠬᠥᠩᠭᠡᠨ ᠰᠦᠷᠢᠶ᠎ᠡ ᠡᠪᠡᠳᠴᠢᠨ᠂ ᠦᠬᠡᠷ ᠤᠨ ᠬᠠᠯᠳᠠᠪᠤᠷᠢᠲᠤ ᠴᠢᠨᠠᠷᠲᠠᠶ ᠬᠠᠮᠠᠷ ᠮᠥᠭᠡᠷᠰᠦᠨ | ᠬᠤᠭᠤᠯᠠᠶ ᠶᠢᠨ ᠦᠷᠪᠢᠰᠦᠯ᠂ ᠦᠬᠡᠷ ᠤᠨ ᠴᠢᠰᠤ ᠭᠠᠷᠬᠤ ᠴᠢᠨᠠᠷᠲᠠᠶ ᠴᠢᠰᠤ ᠦᠵᠢᠷᠡᠬᠦ ᠡᠪᠡᠳᠴᠢᠨ᠂ ᠶᠠᠫᠣᠨ ᠤ | ᠴᠢᠰᠤ ᠰᠣᠷᠣᠬᠤ ᠬᠤᠷᠣᠬᠠᠶ ᠶᠢᠨ ᠡᠪᠡᠳᠴᠢᠨ ᠵᠡᠷᠭᠡ ᠡᠪᠡᠳᠴᠢᠨ᠂ ᠬᠢᠵᠢᠭ ᠡᠪᠡᠳᠴᠢᠨ | ︵2 ︶ ᠪᠠᠶᠢᠭᠠᠯᠢ ᠶᠢᠨ ᠭᠠᠮᠰᠢᠭ ᠰᠢᠷᠦᠭᠦᠨ ᠪᠤᠷᠤᠭᠠᠨ ᠦᠶᠡᠷ ᠢ ᠵᠠᠰᠠᠭ ᠤᠨ ᠤᠷᠲᠤᠨ ᠤ ᠭᠠᠲᠠᠨ᠎ᠠ︶ | ᠰᠠᠯᠬᠢᠨ ᠤ ᠭᠠᠮᠰᠢᠭ᠂ ᠠᠶᠤᠩᠭ᠎ᠠ᠂ ᠠᠶᠤᠩᠭ᠎ᠠ᠂ ᠭᠠᠵᠠᠷ ᠬᠥᠳᠡᠯᠦᠯᠲᠡ᠂ ᠮᠥᠨᠳᠥᠷ᠂ ᠬᠥᠯᠳᠡᠭᠡᠯ ᠤᠨ ᠭᠠᠮᠰᠢᠭ᠃ | ︵3︶ ᠭᠡᠨᠡᠳᠲᠡ ᠶᠢᠨ ᠬᠡᠷᠡᠭ᠄ ᠰᠢᠪᠠᠷ ᠴᠢᠯᠠᠭᠤᠨ ᠤ ᠤᠷᠤᠰᠬᠠᠯ᠂ ᠠᠭᠤᠯᠠ ᠶᠡᠭᠦᠷᠡᠬᠦ᠂ ᠭᠠᠯ ᠤᠨ ᠠᠶᠤᠯ᠂ | ᠳᠡᠯᠪᠡᠷᠡᠯᠲᠡ᠂ ᠪᠠᠷᠢᠯᠭ᠎ᠠ ᠨᠤᠷᠠᠬᠤ᠂ ᠠᠭᠠᠷ ᠢᠶᠠᠷ ᠲᠡᠭᠡᠭᠡᠪᠦᠷᠢᠯᠡᠭᠰᠡᠨ ᠪᠣᠳᠠᠰ ᠤᠨᠠᠪᠠ᠃ | ︵4︶ ᠬᠠᠯᠳᠠᠪᠤᠷᠢᠯᠠᠬᠤ ᠴᠢᠨᠠᠷᠳᠠᠢ ᠬᠢᠵᠢᠭ ᠡᠪᠡᠳᠴᠢᠨ ᠭᠠᠷᠬᠤ ᠳᠤ᠂ ᠵᠠᠰᠠᠭ ᠤᠨ ᠤᠷᠳᠤᠨ ᠠᠴᠠ | ᠠᠯᠪᠠᠳᠠᠯᠭ᠎ᠠ ᠪᠠᠷ ᠠᠯᠠᠨ᠎ᠠ᠃ | ︵5︶ ᠬᠥᠩᠭᠡᠵᠢᠬᠦ ᠶᠠᠪᠤᠴᠠ ᠳᠤ ᠬᠡᠪᠡᠯᠢ ᠳᠠᠬᠢ ᠬᠡᠦᠬᠡᠳ ᠤᠷᠤᠭᠰᠢᠳᠡᠢ ᠬᠥᠪᠦᠷᠡᠵᠦ ᠴᠢᠳᠠᠭ᠎ᠠ ᠦᠭᠡᠢ ᠠᠴᠠ | ᠪᠣᠯᠵᠤ ᠬᠡᠦᠬᠡᠨ ᠬᠡᠪᠳᠡᠰᠢ ᠴᠤᠭᠤᠷᠤᠵᠤ ᠴᠢᠰᠤ ᠶᠡᠭᠡ ᠭᠠᠷᠴᠤ᠃ | ︵6︶ ᠬᠥᠩᠭᠡᠵᠢᠭᠰᠡᠨ ᠤ ᠳᠠᠷᠠᠭ᠎ᠠ 72 ᠴᠠᠭ ᠤᠨ ᠳᠣᠲᠣᠷ᠎ᠠ ᠬᠥᠩᠭᠡᠵᠢᠭᠰᠡᠨ ᠤ ᠳᠠᠷᠠᠭ᠎ᠠ ᠲᠠᠮᠪᠠᠷᠠᠭᠰᠠᠨ ᠪᠤᠶᠤ | ᠬᠥᠩᠭᠡᠵᠢᠭᠰᠡᠨ ᠤ ᠳᠠᠷᠠᠭ᠎ᠠ ᠴᠢᠰᠤ ᠦᠵᠢᠷᠡᠭᠰᠡᠨ ᠡᠪᠡᠳᠴᠢᠨ ᠠᠴᠠ ᠪᠣᠯᠵᠤ᠂ ᠢᠳᠡᠪᠬᠢᠲᠡᠢ ᠡᠮᠨᠡᠭᠰᠡᠨ ᠪᠣᠯᠪᠠᠴᠤ ᠮᠥᠨ | ᠯᠡ ᠬᠦᠴᠦᠨ ᠦᠭᠡᠢ ᠪᠠᠶᠢᠪᠠ᠃ | ︵7︶ ᠰᠢᠷᠬᠠᠲᠤᠭᠰᠠᠨ ᠴᠢᠨᠠᠷᠲᠠᠢ ᠰᠦᠯᠵᠢᠶᠡᠨ ᠤ ᠬᠤᠳᠣᠭᠤᠳᠣᠨ ᠤ ᠦᠷᠪᠢᠰᠦᠯ ᠪᠤᠶᠤ ᠰᠢᠷᠬᠠᠨ ᠲᠤᠯ ᠤᠨ | ᠴᠢᠨᠠᠷᠲᠠᠢ ᠵᠢᠷᠦᠬᠡᠨ ᠦᠷᠪᠢᠰᠦᠯ ᠭᠡᠵᠦ ᠲᠤᠰᠭᠠᠢ ᠮᠡᠷᠭᠡᠵᠢᠯᠲᠡᠳ ᠣᠨᠣᠱᠢᠯ ᠠᠪᠠ᠃ | 3. ᠦᠷᠡᠵᠢᠬᠦ ᠮᠡᠭᠡᠵᠢ ᠶᠢᠨ ᠳᠠᠭᠠᠳᠬᠠᠯ᠂ ᠪᠣᠷᠳᠣᠵᠤ ᠲᠠᠷᠭᠤᠯᠠᠭᠤᠯᠬᠤ ᠭᠠᠭ᠋ᠠᠶ ᠶᠢᠨ ᠳᠠᠭᠠᠳᠬᠠᠯ ᠤᠨ | ᠳᠠᠭᠠᠳᠬᠠᠯ ᠤᠨ ᠬᠠᠷᠢᠭᠤᠴᠠᠯᠭ᠎ᠠ᠄ ᠳᠠᠭᠠᠳᠬᠠᠭᠰᠠᠨ ᠬᠤᠭᠤᠴᠠᠭᠠᠨ ᠳᠤ᠂ ᠳᠣᠤᠷᠠᠬᠢ ᠰᠢᠯᠲᠠᠭᠠᠨ ᠠᠴᠠ ᠪᠣᠯᠣᠭᠠᠳ | ᠳᠠᠭᠠᠳᠬᠠᠬᠤ ᠦᠷᠡᠵᠢᠬᠦ ᠮᠡᠭᠡᠵᠢ᠂ ᠪᠣᠷᠳᠣᠵᠤ ᠲᠠᠷᠭᠤᠯᠠᠭᠤᠯᠬᠤ ᠭᠠᠭ᠋ᠠᠶ ᠶᠢ ᠦᠬᠦᠭᠦᠯᠪᠡᠯ᠂ ᠳᠠᠭᠠᠳᠬᠠᠭᠴᠢ ᠲᠥᠯᠥᠬᠦ | ᠬᠠᠷᠢᠭᠤᠴᠠᠯᠭ᠎ᠠ ᠡᠭᠦᠷᠭᠡᠯᠡᠨ᠎ᠡ᠃ | ︵1︶ ᠬᠦᠨᠳᠦ ᠶᠡᠭᠡ ᠡᠪᠡᠳᠴᠢᠨ ᠤ ᠭᠠᠮᠰᠢᠭ᠄ ᠭᠠᠭ᠋ᠠᠢ ᠶᠢᠨ ᠭᠠᠯ ᠬᠠᠪᠤᠳᠠᠷ᠂ ᠭᠠᠭ᠋ᠠᠢ ᠶᠢᠨ ᠠᠭᠤᠰᠬᠢᠨ | ᠬᠢᠵᠢᠭ᠂ ᠭᠠᠭ᠋ᠠᠢ ᠶᠢᠨ ᠬᠡᠯᠬᠢᠶᠡᠲᠦ ᠪᠦᠮᠪᠦᠭᠡᠨ ᠪᠠᠺᠲ᠋ᠧᠷᠢ᠂ ᠭᠠᠭ᠋ᠠᠢ ᠶᠢᠨ ᠶᠡᠭᠡ ᠬᠡᠪᠴᠢᠶᠡᠨ ᠤ ᠲᠠᠷᠢᠬᠢᠨ ᠦᠷᠪᠢᠰᠦᠯ᠂ | ᠤᠯᠠᠭᠠᠨ ᠡᠰ ᠤᠨ ᠪᠡᠶ᠎ᠡ ᠶᠢᠨ ᠡᠪᠡᠳᠴᠢᠨ᠂ ᠬᠠᠭᠤᠷᠮᠠᠭ ᠭᠠᠯᠵᠠᠭᠤ ᠡᠪᠡᠳᠴᠢᠨ᠂ ᠭᠠᠭ᠋ᠠᠢ ᠶᠢᠨ ᠨᠠᠷᠢᠨ ᠪᠠᠭ᠎ᠠ ᠸᠢᠷᠦ᠋ᠰ | ᠂ ᠭᠠᠭ᠋ᠠᠢ ᠶᠢᠨ ᠬᠠᠯᠳᠠᠪᠤᠷᠢᠲᠦ ᠴᠢᠨᠠᠷᠲᠠᠢ ᠬᠠᠮᠠᠷ ᠤᠨ ᠦᠷᠪᠢᠰᠦᠯ᠂ ᠭᠠᠭ᠋ᠠᠢ ᠶᠢᠨ ᠰᠠᠯᠠᠭ᠎ᠠ ᠪᠡᠶ᠎ᠡ ᠶᠢᠨ ᠠᠭᠤᠰᠬᠢᠨ | ᠦᠷᠪᠢᠰᠦᠯ᠂ ᠡᠷᠭᠢᠯᠭᠡ ᠦᠰᠦᠲᠦ ᠬᠤᠷᠤᠬᠠᠶᠢᠲᠦ ᠡᠪᠡᠳᠴᠢᠨ᠂ ᠭᠠᠭ᠋ᠠᠢ ᠶᠢᠨ ᠳᠡᠳ᠋ ᠭᠡᠳᠡᠰᠦᠨ ᠤ ᠬᠠᠯᠳᠠᠪᠤᠷᠢᠲᠦ | ᠡᠪᠡᠳᠴᠢᠨ᠂ ᠭᠠᠭ᠋ᠠᠢ ᠶᠢᠨ ᠳᠡᠳ᠋ ᠭᠡᠳᠡᠰᠦᠨ ᠤ ᠡᠪᠡᠳᠴᠢᠨ᠂ ᠭᠠᠭ᠋ᠠᠢ ᠶᠢᠨ ᠬᠠᠯᠳᠠᠪᠤᠷᠢᠲᠦ ᠴᠢᠨᠠᠷᠲᠠᠢ ᠬᠤᠳᠣᠭᠤᠳᠤ | ᠭᠡᠳᠡᠰᠦᠨ ᠤ ᠦᠷᠪᠢᠰᠦᠯ᠂ ᠭᠠᠭ᠋ᠠᠢ ᠶᠢᠨ ᠬᠠᠯᠳᠠᠪᠤᠷᠢᠲᠦ ᠴᠢᠨᠠᠷᠲᠠᠢ ᠬᠤᠳᠣᠭᠤᠳᠤ ᠭᠡᠳᠡᠰᠦᠨ ᠤ ᠦᠷᠪᠢᠰᠦᠯ᠂ | ᠭᠠᠭ᠋ᠠᠢ ᠶᠢᠨ ᠬᠠᠯᠳᠠᠪᠤᠷᠢᠲᠦ ᠴᠢᠨᠠᠷᠲᠠᠢ ᠴᠢᠬᠢᠨ ᠤ ᠦᠷᠪᠢᠰᠦᠯ᠂ ᠭᠠᠭ᠋ᠠᠢ ᠶᠢᠨ ᠬᠢᠵᠢᠭ᠂ ᠠᠹᠷᠢᠺᠠ ᠲᠢᠪ ᠤᠨ | ᠭᠠᠭ᠋ᠠᠢ ᠶᠢᠨ ᠬᠢᠵᠢᠭ᠂ ᠲᠥᠷᠭᠡᠨ ᠴᠢᠨᠠᠷᠲᠠᠢ ᠬᠦᠬᠡ ᠴᠢᠬᠢᠨ ᠡᠪᠡᠳᠴᠢᠨ ᠵᠢᠴᠢ ᠠᠯᠪᠠᠳᠠᠯᠭ᠎ᠠ ᠪᠠᠷ ᠡᠭᠡᠯᠢᠯᠡᠭᠡ ᠬᠢᠬᠦ | ᠣᠷᠬᠢᠴᠠ ᠵᠡᠷᠭᠡ ᠡᠪᠡᠳᠴᠢᠨ᠂ ᠬᠢᠵᠢᠭ ᠡᠪᠡᠳᠴᠢᠨ ᠪᠣᠯᠣᠨ᠎ᠠ᠃ | ︵2᠃ ᠪᠠᠶᠢᠭᠠᠯᠢ ᠶᠢᠨ ᠭᠠᠮᠰᠢᠭ ᠰᠢᠷᠦᠭᠦᠨ ᠪᠤᠷᠤᠭᠠᠨ ᠦᠶᠡᠷ ᠢ ᠵᠠᠰᠠᠭ ᠤᠨ ᠤᠷᠲᠤᠨ ᠤ ᠭᠠᠲᠠᠨ᠎ᠠ︶ | ᠰᠠᠯᠬᠢᠨ ᠤ ᠭᠠᠮᠰᠢᠭ᠂ ᠠᠶᠤᠩᠭ᠎ᠠ᠂ ᠠᠶᠤᠩᠭ᠎ᠠ᠂ ᠭᠠᠵᠠᠷ ᠬᠥᠳᠡᠯᠦᠯᠲᠡ᠂ ᠮᠥᠨᠳᠥᠷ᠂ ᠬᠥᠯᠳᠡᠭᠡᠯ ᠤᠨ ᠭᠠᠮᠰᠢᠭ᠃ | ︵3︶ ᠭᠡᠨᠡᠳᠲᠡ ᠶᠢᠨ ᠬᠡᠷᠡᠭ᠄ ᠰᠢᠪᠠᠷ ᠴᠢᠯᠠᠭᠤᠨ ᠤ ᠤᠷᠤᠰᠬᠠᠯ᠂ ᠠᠭᠤᠯᠠ ᠶᠡᠭᠦᠷᠡᠬᠦ᠂ ᠭᠠᠯ ᠤᠨ ᠠᠶᠤᠯ᠂ | ᠳᠡᠯᠪᠡᠷᠡᠯᠲᠡ᠂ ᠪᠠᠷᠢᠯᠭ᠎ᠠ ᠨᠤᠷᠠᠬᠤ᠂ ᠠᠭᠠᠷ ᠢᠶᠠᠷ ᠲᠡᠭᠡᠭᠡᠪᠦᠷᠢᠯᠡᠭᠰᠡᠨ ᠪᠣᠳᠠᠰ ᠤᠨᠠᠪᠠ᠃ | ︵4︶ ᠬᠠᠯᠳᠠᠪᠤᠷᠢᠯᠠᠬᠤ ᠴᠢᠨᠠᠷᠳᠠᠢ ᠬᠢᠵᠢᠭ ᠡᠪᠡᠳᠴᠢᠨ ᠭᠠᠷᠬᠤ ᠳᠤ᠂ ᠵᠠᠰᠠᠭ ᠤᠨ ᠤᠷᠳᠤᠨ ᠠᠴᠠ | ᠠᠯᠪᠠᠳᠠᠯᠭ᠎ᠠ ᠪᠠᠷ ᠠᠯᠠᠨ᠎ᠠ᠃ | 4. ᠣᠶ ᠰᠢᠭᠤᠶ ᠶᠢᠨ ᠳᠠᠭᠠᠳᠬᠠᠯ ᠤᠨ ᠬᠠᠷᠢᠭᠤᠴᠠᠯᠭ᠎ᠠ᠄ ᠳᠠᠭᠠᠳᠬᠠᠯ ᠤᠨ ᠬᠤᠭᠤᠴᠠᠭᠠᠨ ᠳᠤ ᠭᠠᠯ ᠤᠨ | ᠭᠠᠮᠰᠢᠭ᠂ ᠭᠠᠩ ᠬᠠᠭᠰᠠᠷᠠᠭᠠᠨ ᠤ ᠭᠠᠮᠰᠢᠭ᠂ ᠰᠢᠷᠦᠭᠦᠨ ᠪᠣᠷᠣᠭᠠᠨ᠂ ᠰᠢᠷᠦᠭᠦᠨ ᠰᠠᠯᠬᠢ᠂ ᠦᠶᠡᠷ᠂ ᠰᠢᠪᠠᠷ | ᠴᠢᠯᠠᠭᠤᠨ ᠤ ᠤᠷᠤᠰᠬᠠᠯ᠂ ᠮᠥᠨᠳᠥᠷ᠂ ᠬᠢᠷᠠᠭᠤ ᠬᠥᠯᠳᠡᠭᠦᠦ᠂ ᠡᠪᠡᠳᠴᠢᠨ ᠬᠤᠷᠣᠬᠠᠶ ᠬᠤᠯᠤᠭᠠᠨ᠎ᠠ ᠲᠠᠤᠯᠠᠶ ᠶᠢᠨ | ᠬᠥᠨᠥᠭᠡᠯ᠂ ᠬᠡᠭᠡᠷ᠎ᠡ ᠶᠢᠨ ᠠᠮᠢᠲᠠᠨ ᠡᠪᠳᠡᠭᠳᠡᠭᠰᠡᠨ ᠰᠢᠯᠲᠠᠭᠠᠨ ᠠᠴᠠ ᠪᠣᠯᠵᠣ᠂ ᠳᠠᠭᠠᠳᠬᠠᠭᠰᠠᠨ ᠣᠶ ᠮᠣᠳᠣᠨ ᠤ | ᠢᠳᠡᠭᠳᠡᠯ᠂ ᠪᠤᠯᠠᠭᠳᠠᠬᠤ᠂ ᠭᠤᠤᠯ ᠬᠠᠭᠤᠷᠠᠶ ᠶᠢ ᠬᠤᠭᠤᠷᠠᠭᠤᠯᠬᠤ᠂ ᠨᠠᠯᠠᠨ ᠤᠨᠠᠬᠤ᠂ ᠰᠢᠲᠠᠭᠠᠵᠤ ᠰᠦᠢᠳᠬᠡᠬᠦ᠂ | ᠥᠭᠦᠭᠰᠡᠨ ᠬᠤᠬᠢᠷᠠᠯ ᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠶᠢᠨ | ᠶᠡᠷᠦᠩᠬᠡᠶᠢᠯᠡᠭᠰᠡᠨ ᠳᠠᠭᠠᠳᠬᠠᠯ ᠤᠨ ᠵᠦᠢᠯ ᠵᠤᠷᠪᠤᠰ︾ ︵2022 ᠣᠨ ᠤ ᠵᠠᠰᠠᠪᠤᠷᠢ ᠣᠷᠣᠭᠤᠯᠤᠭᠰᠠᠨ ᠬᠡᠪᠯᠡᠯ︶ | ᠤᠨ ᠲᠣᠭᠲᠠᠭᠠᠯ ᠶᠣᠰᠣᠭᠠᠷ ᠬᠡᠷᠡᠭᠵᠢᠭᠦᠯᠦᠨ᠎ᠡ᠃ | 5. ᠬᠦᠯᠡᠮᠵᠢ᠂ ᠲᠣᠮᠣ ᠫᠧᠩ ᠵᠢᠴᠢ ᠨᠡᠮᠡᠯᠲᠡ ᠰᠠᠷᠠᠪᠴᠢ ᠶᠢᠨ ᠳᠣᠲᠣᠷᠠᠬᠢ ᠲᠠᠷᠢᠮᠠᠯ ᠤᠨ ᠳᠠᠭᠠᠳᠬᠠᠯ ᠤᠨ | ᠳᠠᠭᠠᠳᠬᠠᠯ ᠤᠨ ᠬᠠᠷᠢᠭᠤᠴᠠᠯᠭ᠎ᠠ᠄ ᠳᠠᠭᠠᠳᠬᠠᠭᠰᠠᠨ ᠬᠤᠭᠤᠴᠠᠭᠠᠨ ᠳᠤ᠂ ᠴᠠᠰᠤᠨ ᠭᠠᠮᠰᠢᠭ᠂ ᠰᠠᠯᠬᠢᠨ ᠤ ᠭᠠᠮᠰᠢᠭ ︵ | ᠬᠤᠶ ᠰᠠᠯᠬᠢ᠂ ᠰᠢᠷᠦᠭᠦᠨ ᠰᠠᠯᠬᠢ ᠵᠡᠷᠭᠡ ᠪᠠᠭᠲᠠᠨ᠎ᠠ︶᠂ ᠮᠥᠨᠳᠥᠷ ᠤᠨ ᠭᠠᠮᠰᠢᠭ᠂ ᠰᠢᠷᠦᠭᠦᠨ ᠪᠣᠷᠣᠭᠠᠨ᠂ ᠦᠶᠡᠷ | ᠤᠰᠤᠲᠤᠯ᠂ ᠰᠢᠪᠠᠷ ᠴᠢᠯᠠᠭᠤᠨ ᠤ ᠤᠷᠤᠰᠬᠠᠯ᠂ ᠠᠭᠤᠯᠠ ᠶᠡᠭᠦᠷᠡᠵᠦ᠂ ᠳᠠᠭᠠᠳᠬᠠᠭᠤᠯᠤᠭᠰᠠᠨ ᠬᠦᠯᠡᠮᠵᠢ ᠶᠢᠨ ᠬᠡᠷᠡᠮ᠂ | ᠰᠠᠷᠠᠪᠴᠢ ᠶᠢᠨ ᠵᠢᠶᠠᠰᠠ᠂ ᠬᠦᠯᠡᠮᠵᠢ ᠶᠢᠨ ᠡᠪᠳᠡᠭᠳᠡᠯ ᠵᠢᠴᠢ ᠳᠠᠭᠠᠳᠬᠠᠭᠤᠯᠤᠭᠰᠠᠨ ᠬᠦᠯᠡᠮᠵᠢ ᠶᠢᠨ ᠳᠣᠲᠣᠷᠠᠬᠢ | ᠪᠤᠶᠤ ᠲᠣᠮᠣ ᠰᠠᠷᠠᠪᠴᠢ ᠶᠢᠨ ᠳᠣᠲᠣᠷᠠᠬᠢ ᠲᠠᠷᠢᠮᠠᠯ ᠤᠨ ᠠᠵᠤ ᠠᠬᠤᠶ ᠶᠢᠨ ᠬᠤᠬᠢᠷᠠᠯ ᠢ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠬᠦᠯᠡᠮᠵᠢ ᠬᠢᠭᠡᠳ ᠨᠡᠮᠡᠯᠲᠡ ᠰᠠᠷᠠᠪᠴᠢ ᠶᠢᠨ ᠳᠣᠲᠣᠷᠠᠬᠢ ᠲᠠᠷᠢᠮᠠᠯ ᠤᠨ | ᠳᠠᠭᠠᠳᠬᠠᠯ ᠤᠨ ᠵᠦᠢᠯ ᠵᠤᠷᠪᠤᠰ︾ ᠤᠨ ᠲᠣᠭᠲᠠᠭᠠᠯ ᠶᠣᠰᠣᠭᠠᠷ ᠬᠡᠷᠡᠭᠵᠢᠭᠦᠯᠦᠨ᠎ᠡ᠃ | 6. ᠲᠦᠩᠯᠢᠶᠣᠤ ᠬᠤᠲᠠ ᠶᠢᠨ ᠠᠯᠠᠰᠢᠨ ᠦᠬᠡᠷ ᠤᠨ ᠳᠠᠭᠠᠳᠬᠠᠯ ᠤᠨ ᠬᠠᠮᠢᠶ᠎ᠠ ᠪᠥᠬᠦᠶ ᠳᠠᠭᠠᠳᠬᠠᠯ ᠤᠨ | ᠬᠠᠷᠢᠭᠤᠴᠠᠯᠭ᠎ᠠ᠄ ᠲᠥᠷᠥ ᠶᠢᠨ ᠪᠣᠳᠣᠯᠭ᠎ᠠ ᠶᠢᠨ ᠴᠢᠨᠠᠷᠲᠠᠶ ᠠᠯᠠᠰᠢᠨ ᠦᠬᠡᠷ ᠲᠡᠵᠢᠭᠡᠨ ᠦᠷᠡᠵᠢᠭᠦᠯᠬᠦ ᠳᠠᠭᠠᠳᠬᠠᠯ ᠤᠨ | ᠬᠠᠮᠢᠶ᠎ᠠ ᠪᠥᠬᠦᠶ ᠬᠡᠷᠡᠭᠵᠢᠭᠦᠯᠬᠦ ᠲᠥᠰᠦᠯ ᠠᠴᠠ ᠠᠰ ᠲᠤᠨᠢ ᠲᠣᠭᠲᠠᠭᠠᠨ᠎ᠠ᠃ | ︵ᠭᠤᠷᠪᠠ︶ ᠪᠠᠲᠤᠯᠠᠭ᠎ᠠ ᠶᠢᠨ ᠬᠢᠷᠢ ᠲᠦᠪᠰᠢᠨ ᠪᠠ ᠳᠠᠭᠠᠳᠬᠠᠯ ᠤᠨ ᠵᠠᠷᠤᠳᠠᠯ ᠤᠨ ᠨᠤᠷᠮ᠎ᠠ | 1. ᠲᠠᠷᠢᠮᠠᠯ ᠤᠨ ᠦᠢᠯᠡᠰ ᠤᠨ ᠲᠥᠷᠥᠯ ᠵᠦᠢᠯ ᠤᠨ ᠳᠠᠭᠠᠳᠬᠠᠯ ᠤᠨ ᠵᠣᠭᠤᠰ᠄ ᠵᠠᠷᠴᠢᠮ ᠳᠡᠭᠡᠷ᠎ᠡ ᠪᠠᠨ | ᠳᠠᠭᠠᠳᠬᠠᠯ ᠤᠨ ᠬᠠᠷᠠᠯᠲᠠ ᠶᠢᠨ ᠤᠷᠭᠤᠴᠠ ᠶᠢᠨ ᠬᠤᠭᠤᠴᠠᠭᠠᠨ ᠳᠤ ᠡᠭᠦᠰᠦᠭᠰᠡᠨ ᠰᠢᠭᠤᠳ ᠪᠣᠳᠠᠰᠵᠢᠭᠰᠠᠨ | ᠥᠪᠡᠷ ᠤᠨ ᠥᠷᠲᠡᠭ ᠪᠣᠯᠣᠨ᠎ᠠ᠂ ᠲᠠᠷᠢᠶᠠᠨ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ ᠡᠮ᠂ ᠤᠰᠤᠯᠠᠯᠲᠠ᠂ | ᠮᠠᠰᠢᠨ ᠢᠶᠠᠷ ᠲᠠᠷᠢᠬᠤ ᠪᠠ ᠰᠦᠯᠢᠶᠣᠤ ᠪᠦᠷᠬᠦᠪᠴᠢ ᠵᠡᠷᠭᠡ ᠥᠪᠡᠷ ᠤᠨ ᠥᠷᠲᠡᠭ ᠢ ᠪᠠᠭᠲᠠᠭᠠᠨ᠎ᠠ᠃ ᠭᠤᠷᠪᠠᠨ ᠶᠡᠭᠡ | ᠠᠮᠤ ᠪᠤᠳᠠᠭᠠᠨ ᠤ ᠲᠠᠷᠢᠮᠠᠯ ᠤᠨ ᠳᠠᠭᠠᠳᠬᠠᠯ ᠤᠨ ᠵᠣᠭᠤᠰ ᠤᠨ ᠲᠤᠭ᠎ᠠ ᠨᠢ ᠪᠣᠳᠠᠰᠵᠢᠭᠰᠠᠨ ᠥᠪᠡᠷ ᠤᠨ ᠥᠷᠲᠡᠭ᠂ | ᠭᠠᠵᠠᠷ ᠰᠢᠷᠣᠶ ᠶᠢᠨ ᠥᠪᠡᠷ ᠤᠨ ᠥᠷᠲᠡᠭ ᠪᠠ ᠬᠥᠮᠦᠨ ᠤ ᠬᠦᠴᠦᠨ ᠤ ᠥᠪᠡᠷ ᠤᠨ ᠥᠷᠲᠡᠭ ᠵᠡᠷᠭᠡ ᠲᠠᠷᠢᠶᠠᠯᠠᠩ ᠤᠨ | ᠦᠢᠯᠡᠳᠪᠦᠷᠢᠯᠡᠯ ᠤᠨ ᠶᠡᠷᠦᠩᠬᠡᠶ ᠥᠪᠡᠷ ᠤᠨ ᠥᠷᠲᠡᠭ ︵ᠪᠦᠷᠢᠨ ᠥᠪᠡᠷ ᠤᠨ ᠥᠷᠲᠡᠭ︶ ᠢ ᠬᠠᠮᠤᠷᠴᠤ ᠪᠣᠯᠤᠨ᠎ᠠ᠂ | ᠵᠠᠷᠴᠢᠮ ᠳᠡᠭᠡᠷ᠎ᠡ᠂ ᠪᠦᠷᠢᠨ ᠥᠪᠡᠷ ᠤᠨ ᠥᠷᠲᠡᠭ ᠤᠨ ᠳᠠᠭᠠᠳᠬᠠᠯ ᠤᠨ ᠵᠣᠭᠤᠰ ᠤᠨ ᠲᠤᠭ᠎ᠠ ᠨᠢ ᠵᠣᠬᠢᠴᠠᠩᠭᠤᠶ | ᠲᠥᠷᠥᠯ ᠵᠦᠢᠯ ᠤᠨ ᠲᠠᠷᠢᠮᠠᠯ ᠤᠨ ᠣᠷᠣᠯᠭ᠎ᠠ ᠶᠢᠨ 80% ᠠᠴᠠ ᠥᠨᠳᠥᠷ ᠪᠠᠶᠢᠵᠤ ᠪᠣᠯᠬᠤ ᠥᠬᠡᠶ︔ ᠬᠡᠷᠪᠡ | ᠵᠣᠬᠢᠴᠠᠩᠭᠤᠶ ᠲᠥᠷᠥᠯ ᠵᠦᠢᠯ ᠤᠨ ᠵᠠᠬ᠎ᠠ ᠳᠡᠯᠭᠡᠭᠦᠷ ᠤᠨ ᠦᠨ᠎ᠡ ᠬᠠᠩᠰᠢ ᠨᠢ ᠭᠤᠤᠯᠳᠠᠭᠤ ᠵᠠᠬ᠎ᠠ ᠳᠡᠯᠭᠡᠭᠦᠷ ᠤᠨ | ᠲᠣᠭᠲᠠᠴᠠ ᠪᠠᠷ ᠪᠦᠷᠢᠯᠳᠦᠪᠡᠯ᠂ ᠳᠠᠭᠠᠳᠬᠠᠯ ᠤᠨ ᠵᠣᠭᠤᠰ ᠤᠨ ᠲᠤᠭ᠎ᠠ ᠨᠢ ᠪᠠᠰᠠ ᠲᠠᠷᠢᠶᠠᠯᠠᠩ ᠤᠨ | ᠪᠦᠲᠦᠭᠡᠭᠳᠡᠬᠦᠨ ᠤ ᠦᠨ᠎ᠡ ᠬᠠᠩᠰᠢ ᠪᠠ ᠤᠨᠠᠯᠲᠠ ᠶᠢ ᠢᠯᠡᠷᠡᠭᠦᠯᠵᠦ᠂ ᠲᠠᠷᠢᠶᠠᠯᠠᠩ ᠤᠨ ᠲᠠᠷᠢᠮᠠᠯ ᠤᠨ ᠣᠷᠣᠯᠭ᠎ᠠ ᠶᠢ | ᠬᠠᠮᠤᠷᠴᠤ ᠪᠣᠯᠤᠨ᠎ᠠ᠃ | 2. ᠲᠡᠵᠢᠭᠡᠨ ᠦᠷᠡᠵᠢᠭᠦᠯᠬᠦ ᠦᠢᠯᠡᠰ ᠤᠨ ᠲᠥᠷᠥᠯ ᠵᠦᠢᠯ ᠤᠨ ᠳᠠᠭᠠᠳᠬᠠᠯ ᠤᠨ ᠵᠣᠭᠤᠰ᠄ ᠵᠠᠷᠴᠢᠮ | ᠳᠡᠭᠡᠷ᠎ᠡ ᠪᠠᠨ ᠳᠠᠭᠠᠳᠬᠠᠯ ᠤᠨ ᠬᠠᠷᠠᠯᠲᠠ ᠶᠢᠨ ᠦᠢᠯᠡᠳᠪᠦᠷᠢᠯᠡᠯ ᠤᠨ ᠥᠪᠡᠷ ᠤᠨ ᠥᠷᠲᠡᠭ ᠪᠠᠶᠢᠵᠤ᠂ ᠬᠤᠳᠠᠯᠳᠤᠨ | ᠠᠪᠬᠤ ᠦᠨ᠎ᠡ ᠪᠤᠶᠤ ᠠᠷᠠᠴᠢᠯᠠᠨ ᠲᠡᠵᠢᠭᠡᠬᠦ ᠥᠪᠡᠷ ᠤᠨ ᠥᠷᠲᠡᠭ ᠢ ᠪᠠᠭᠲᠠᠭᠠᠵᠤ ᠪᠣᠯᠤᠨ᠎ᠠ᠃ | 3. ᠣᠢ ᠰᠢᠭᠤᠢ ᠶᠢᠨ ᠳᠠᠭᠠᠳᠬᠠᠯ ᠤᠨ ᠵᠣᠭᠤᠰ᠄ ᠵᠠᠷᠴᠢᠮ ᠳᠡᠭᠡᠷ᠎ᠡ ᠪᠠᠨ ᠣᠢ ᠮᠣᠳᠣ ᠬᠤᠬᠢᠷᠠᠭᠰᠠᠨ ᠤ | ᠳᠠᠷᠠᠭᠠᠬᠢ ᠳᠠᠬᠢᠨ ᠵᠠᠶᠢᠯᠠᠬᠤ ᠥᠪᠡᠷ ᠤᠨ ᠥᠷᠲᠡᠭ ᠪᠣᠯᠣᠨ᠎ᠠ᠂ ᠡᠭᠦᠨ ᠳᠤ ᠭᠠᠮᠰᠢᠭᠳᠠᠭᠰᠠᠨ ᠮᠣᠳᠣ ᠶᠢ ᠴᠡᠪᠡᠷᠯᠡᠬᠦ᠂ | ᠭᠠᠵᠠᠷ ᠲᠡᠭᠰᠢᠯᠡᠬᠦ᠂ ᠦᠷ᠎ᠡ ᠴᠢᠬᠢ ᠶᠢ ᠰᠢᠢᠳᠪᠦᠷᠢᠯᠡᠬᠦ ᠪᠠ ᠪᠣᠷᠳᠣᠭᠤᠷ ᠣᠷᠣᠭᠤᠯᠬᠤ᠂ ᠨᠦᠬᠡ ᠮᠠᠯᠲᠠᠬᠤ᠂ ᠵᠠᠶᠢᠯᠠᠬᠤ | ᠂ ᠠᠷᠠᠴᠢᠯᠠᠨ ᠪᠤᠶᠢᠵᠢᠭᠤᠯᠬᠤ ᠪᠠ ᠬᠠᠮᠢᠶᠠᠷᠴᠤ ᠪᠠᠶᠢᠭᠠᠳ ᠣᠢ ᠮᠣᠳᠣ ᠶᠢᠨ ᠡᠳᠡᠭᠡᠷᠡᠯᠲᠡ ᠳᠤ ᠬᠡᠷᠡᠭᠰᠡᠬᠦ ᠨᠢᠭᠡ ᠯᠡ | ᠤᠳᠠᠭ᠎ᠠ ᠶᠢᠨ ᠴᠢᠨᠠᠷᠲᠠᠢ ᠶᠡᠷᠦᠩᠬᠡᠢ ᠵᠠᠷᠤᠳᠠᠯ ᠪᠠᠭᠲᠠᠨ᠎ᠠ᠃ | 4᠂ ᠬᠦᠯᠡᠮᠵᠢ᠂ ᠲᠣᠮᠣ ᠫᠧᠩ ᠬᠢᠭᠡᠳ ᠨᠡᠮᠡᠯᠲᠡ ᠫᠧᠩ ᠤᠨ ᠳᠣᠲᠣᠷᠠᠬᠢ ᠲᠠᠷᠢᠮᠠᠯ ᠤᠨ ᠳᠠᠭᠠᠳᠬᠠᠯ ᠤᠨ | ᠵᠣᠭᠤᠰ ᠤᠨ ᠲᠤᠭ᠎ᠠ᠄ ᠬᠦᠯᠡᠮᠵᠢ ᠶᠢᠨ ᠭᠤᠤᠯ ᠪᠦᠲᠦᠭᠰᠡᠨ ᠤᠭᠰᠠᠷᠠᠭ᠎ᠠ ᠲᠣᠨᠤᠭ ︵ᠬᠡᠷᠡᠮ᠂ ᠫᠧᠩ ᠤᠨ ᠵᠢᠶᠠᠰᠠ᠂ | ᠫᠧᠩ ᠤᠨ ᠪᠦᠷᠬᠦᠪᠴᠢ︶᠂ ᠲᠣᠮᠣ ᠫᠧᠩ ᠤᠨ ᠭᠤᠤᠯ ᠪᠦᠲᠦᠭᠰᠡᠨ ᠤᠭᠰᠠᠷᠠᠭ᠎ᠠ ᠲᠣᠨᠤᠭ ︵ᠰᠠᠷᠠᠪᠴᠢ ᠶᠢᠨ | ᠲᠠᠯᠪᠢᠭᠤᠷ᠂ ᠫᠧᠩ ᠤᠨ ᠪᠦᠷᠬᠦᠪᠴᠢ︶ ᠪᠠᠶᠢᠭᠤᠯᠤᠭᠰᠠᠨ ᠥᠪᠡᠷ ᠤᠨ ᠥᠷᠲᠡᠭ ᠤᠨ 80% ᠵᠢᠴᠢ ᠫᠧᠩ ᠤᠨ | ᠳᠣᠲᠣᠷᠠᠬᠢ ᠲᠠᠷᠢᠮᠠᠯ ᠤᠨ ᠦᠷ᠎ᠡ ᠴᠢᠬᠢ ᠶᠢᠨ ᠵᠠᠷᠤᠳᠠᠯ ᠵᠡᠷᠭᠡ ᠪᠠᠷ ᠯᠠᠪᠯᠠᠯᠲᠠ ᠪᠣᠯᠭᠠᠨ ᠲᠣᠭᠲᠠᠭᠠᠨ᠎ᠠ᠃ | ︵ᠲᠦᠷᠪᠡ︶ ᠳᠠᠭᠠᠳᠭᠠᠯ ᠤᠨ ᠵᠠᠷᠤᠳᠠᠯ ᠤᠨ ᠨᠥᠬᠦᠪᠥᠷᠢ ᠶᠢᠨ ᠲᠥᠷᠥ ᠶᠢᠨ ᠪᠣᠳᠣᠯᠭ᠎ᠠ | 1. ᠲᠠᠷᠢᠮᠠᠯ ᠤᠨ ᠦᠢᠯᠡᠰ ᠤᠨ ᠳᠠᠭᠠᠳᠬᠠᠯ ᠤᠨ ᠵᠠᠷᠤᠳᠠᠯ ᠤᠨ ᠨᠥᠬᠦᠪᠥᠷᠢ | ᠲᠥᠪ ᠤᠨ ᠡᠳ᠋ ᠤᠨ ᠵᠠᠰᠠᠭ ᠠᠴᠠ 45% ᠶᠢᠨ ᠨᠥᠬᠦᠪᠥᠷᠢ ᠥᠭᠴᠦ᠂ ᠥᠪᠡᠷᠲᠡᠭᠡᠨ ᠵᠠᠰᠠᠬᠤ ᠣᠷᠣᠨ ᠤ | ᠡᠳ᠋ ᠤᠨ ᠵᠠᠰᠠᠭ 30% ᠶᠢᠨ ᠨᠥᠬᠦᠪᠥᠷᠢ ᠥᠭᠴᠦ᠂ ᠬᠤᠲᠠ ᠪᠣᠯᠤᠨ ᠬᠤᠰᠢᠭᠤ ᠰᠢᠶᠠᠨ ᠤ ᠱᠠᠲᠤᠨ ᠤ ᠡᠳ᠋ ᠤᠨ | ᠵᠠᠰᠠᠭ ᠲᠤᠰ ᠲᠤᠰ 3% ᠪᠠ 2% ᠢᠶᠠᠷ ᠨᠥᠬᠦᠪᠥᠷᠢᠯᠡᠵᠦ᠂ ᠲᠠᠷᠢᠶᠠᠯᠠᠬᠤ ᠮᠠᠯᠵᠢᠬᠤ ᠡᠷᠦᠬᠡ 20% ᠶᠢ | ᠡᠭᠦᠷᠭᠡᠯᠡᠨ᠎ᠡ᠃ | 2. ᠲᠡᠵᠢᠭᠡᠨ ᠦᠷᠡᠵᠢᠭᠦᠯᠬᠦ ᠦᠢᠯᠡᠰ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ | ︵1︶ ᠰᠠᠭᠠᠯᠢ ᠶᠢᠨ ᠦᠨᠢᠶᠡᠨ ᠤ ᠳᠠᠭᠠᠳᠬᠠᠯ᠄ ᠲᠥᠪ ᠤᠨ ᠡᠳ᠋ ᠤᠨ ᠵᠠᠰᠠᠭ 50% ᠶᠢᠨ ᠨᠥᠬᠦᠪᠥᠷᠢ | ᠥᠭᠴᠦ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ 20% ᠶᠢᠨ ᠨᠥᠬᠦᠪᠥᠷᠢ ᠥᠭᠴᠦ᠂ ᠬᠤᠲᠠ ᠶᠢᠨ | ᠱᠠᠲᠤᠨ ᠤ ᠡᠳ᠋ ᠤᠨ ᠵᠠᠰᠠᠭ 3% ᠶᠢᠨ ᠨᠥᠬᠦᠪᠥᠷᠢ ᠥᠭᠴᠦ᠂ ᠬᠤᠰᠢᠭᠤ ᠱᠠᠲᠤᠨ ᠤ ᠡᠳ᠋ ᠤᠨ ᠵᠠᠰᠠᠭ 7% ᠶᠢᠨ | ᠨᠥᠬᠦᠪᠥᠷᠢ ᠥᠭᠴᠦ᠂ ᠲᠠᠷᠢᠶᠠᠯᠠᠬᠤ ᠮᠠᠯᠵᠢᠬᠤ ᠡᠷᠦᠬᠡ 20% ᠶᠢ ᠨᠢ ᠡᠭᠦᠷᠭᠡᠯᠡᠨ᠎ᠡ᠃ | ︵2︶ ᠦᠷᠡᠵᠢᠬᠦ ᠮᠡᠭᠡᠵᠢ᠂ ᠪᠣᠷᠳᠣᠵᠤ ᠲᠠᠷᠭᠤᠯᠠᠭᠤᠯᠬᠤ ᠭᠠᠭ᠋ᠠᠶ ᠶᠢᠨ ᠳᠠᠭᠠᠳᠬᠠᠯ᠄ ᠲᠥᠪ ᠤᠨ ᠡᠳ᠋ ᠤᠨ | ᠵᠠᠰᠠᠭ ᠠᠴᠠ 50% ᠶᠢᠨ ᠨᠥᠬᠦᠪᠥᠷᠢ ᠥᠭᠴᠦ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠠᠴᠠ | 20% ᠶᠢᠨ ᠨᠥᠬᠦᠪᠥᠷᠢ ᠥᠭᠴᠦ᠂ ᠬᠤᠲᠠ᠂ ᠬᠤᠰᠢᠭᠤᠨ ᠤ ᠱᠠᠲᠤᠨ ᠤ ᠡᠳ᠋ ᠤᠨ ᠵᠠᠰᠠᠭ ᠲᠣᠰ ᠲᠣᠰ 5% ᠶᠢᠨ | ᠨᠥᠬᠦᠪᠥᠷᠢ ᠣᠯᠭᠤᠵᠤ᠂ ᠮᠠᠯᠵᠢᠬᠤ ᠲᠠᠷᠢᠶᠠᠯᠠᠬᠤ ᠡᠷᠦᠬᠡ 20% ᠶᠢ ᠡᠭᠦᠷᠭᠡᠯᠡᠨ᠎ᠡ᠃ | 3. ᠣᠶ ᠰᠢᠭᠤᠶ ᠶᠢᠨ ᠳᠠᠭᠠᠳᠬᠠᠯ ᠤᠨ ᠵᠠᠷᠤᠳᠠᠯ ᠤᠨ ᠨᠥᠬᠦᠪᠥᠷᠢ | ᠨᠡᠶᠢᠲᠡ ᠶᠢᠨ ᠠᠰᠠᠷᠠᠮᠵᠢ ᠶᠢᠨ ᠣᠶ ᠶᠢᠨ ᠲᠥᠪ ᠤᠨ ᠡᠳ᠋ ᠤᠨ ᠵᠠᠰᠠᠭ 50% ᠶᠢᠨ ᠨᠥᠬᠦᠪᠥᠷᠢ ᠥᠭᠴᠦ᠂ | ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ 32% ᠨᠥᠬᠦᠪᠥᠷᠢᠯᠡᠵᠦ᠂ ᠬᠤᠲᠠ᠂ ᠬᠤᠰᠢᠭᠤ ᠱᠠᠲᠤᠨ ᠤ | ᠡᠳ᠋ ᠤᠨ ᠵᠠᠰᠠᠭ ᠲᠣᠰᠪᠣᠷᠢ 9% ᠶᠢᠨ ᠨᠥᠬᠦᠪᠥᠷᠢ ᠥᠭᠭᠦᠨ᠎ᠡ᠃ | ︵ᠲᠠᠪᠤ︶ ᠳᠠᠭᠠᠳᠬᠠᠯ ᠤᠨ ᠵᠠᠷᠤᠳᠠᠯ ᠲᠤᠰᠢᠶᠠᠬᠤ | ᠳᠠᠭᠠᠳᠬᠠᠭᠤᠯᠤᠭᠰᠠᠨ ᠮᠠᠯᠵᠢᠬᠤ ᠲᠠᠷᠢᠶᠠᠯᠠᠬᠤ ᠡᠷᠦᠬᠡ᠂ ᠳᠠᠷᠢᠵᠤ ᠲᠡᠵᠢᠭᠡᠬᠦ ᠠᠵᠤ ᠠᠬᠤᠶᠢᠯᠠᠯ᠂ ᠰᠢᠨ᠎ᠡ | ᠬᠡᠯᠪᠡᠷᠢ ᠶᠢᠨ ᠲᠠᠷᠢᠶᠠᠯᠠᠩ ᠮᠠᠯ ᠠᠵᠤ ᠠᠬᠤᠶ ᠶᠢᠨ ᠡᠵᠡᠩᠨᠡᠯᠲᠡ ᠶᠢᠨ ᠵᠣᠬᠢᠶᠠᠨ ᠪᠠᠶᠢᠭᠤᠯᠤᠯᠲᠠ᠂ ᠲᠤᠰᠬᠠᠶ ᠠᠵᠤ | ᠠᠬᠤᠶ ᠶᠢᠨ ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ ᠵᠡᠷᠭᠡ ᠨᠢ ᠡᠷᠬᠡᠪᠰᠢ ᠲᠣᠰ ᠲᠥᠰᠦᠯ ᠳᠤ ᠲᠣᠭᠲᠠᠭᠠᠭᠰᠠᠨ | ᠬᠠᠷᠢᠴᠠᠯ ᠤᠨ ᠶᠣᠰᠣᠭᠠᠷ ᠳᠠᠭᠠᠳᠬᠠᠯ ᠤᠨ ᠵᠠᠷᠤᠳᠠᠯ ᠢᠶᠠᠨ ᠥᠪᠡᠰᠦᠪᠡᠨ ᠲᠤᠰᠢᠶᠠᠵᠤ᠂ ᠡᠯ᠎ᠡ ᠰᠠᠯᠠᠭ᠎ᠠ ᠮᠥᠴᠢᠷ᠂ | ᠨᠢᠭᠡᠴᠡ ᠵᠢᠴᠢ ᠰᠤᠮᠤ ᠪᠠᠯᠭᠠᠰᠤ ︵ᠲᠠᠯᠠᠪᠠᠶ︶᠂ ᠭᠠᠴᠠᠭ᠎ᠠ ᠲᠣᠰᠬᠤᠨ ︵ᠬᠤᠪᠢᠶᠠᠷᠢ ᠲᠠᠯᠠᠪᠠᠶ︶ ᠤ | ᠳᠠᠭᠠᠳᠬᠠᠭᠤᠯᠤᠭᠰᠠᠨ ᠬᠤᠪᠢ ᠬᠥᠮᠦᠨ ᠪᠤᠶᠤ ᠵᠣᠬᠢᠶᠠᠨ ᠪᠠᠶᠢᠭᠤᠯᠤᠯᠲᠠ ᠶᠢᠨ ᠡᠭᠦᠷᠭᠡᠯᠡᠪᠡᠰᠦ ᠵᠣᠬᠢᠬᠤ | ᠳᠠᠭᠠᠳᠬᠠᠯ ᠤᠨ ᠵᠠᠷᠤᠳᠠᠯ ᠢᠶᠠᠨ ᠲᠤᠰᠢᠶᠠᠬᠤ ᠶᠢ ᠴᠢᠩᠭ᠎ᠠ ᠴᠠᠭᠠᠵᠠᠯᠠᠬᠤ ᠬᠡᠷᠡᠭᠲᠡᠶ᠃ | ︵ᠵᠢᠷᠭᠤᠭ᠎ᠠ︶ ᠳᠠᠭᠠᠳᠬᠠᠯ ᠤᠨ ᠲᠥᠯᠥᠪᠦᠷᠢ | ᠡᠯ᠎ᠡ ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ ᠪᠠᠶᠢᠭᠤᠯᠤᠮᠵᠢ ᠨᠤᠭᠤᠳ ᠲᠠᠷᠢᠶᠠᠯᠠᠩ ᠤᠨ | ᠳᠠᠭᠠᠳᠬᠠᠯ ᠤᠨ ᠵᠦᠢᠯ ᠵᠤᠷᠪᠤᠰ ᠢ ᠰᠢᠨᠵᠢᠯᠡᠬᠦ ᠤᠬᠠᠭᠠᠨᠴᠢ᠂ ᠵᠦᠢ ᠵᠣᠬᠢᠰᠲᠠᠶ ᠲᠣᠭᠲᠠᠭᠠᠵᠤ᠂ ᠲᠤᠬᠠᠶ ᠶᠢᠨ | ᠭᠠᠵᠠᠷ ᠤᠨ ᠵᠠᠰᠠᠭ ᠤᠨ ᠣᠷᠳᠣᠨ ᠪᠣᠯᠤᠨ ᠡᠳ᠋ ᠤᠨ ᠵᠠᠰᠠᠭ᠂ ᠲᠠᠷᠢᠶᠠᠯᠠᠩ ᠮᠠᠯ ᠠᠵᠤ ᠠᠬᠤᠶ᠂ ᠣᠶ ᠰᠢᠭᠤᠶ ᠪᠣᠯᠤᠨ | ᠨᠤᠲᠤᠭ ᠪᠡᠯᠴᠢᠭᠡᠷ᠂ ᠮᠥᠩᠭᠦᠨ ᠭᠦᠢᠯᠭᠡᠭᠡᠨ ᠤ ᠰᠠᠯᠠᠭ᠎ᠠ ᠮᠥᠴᠢᠷ᠂ ᠲᠠᠷᠢᠶᠠᠴᠢᠨ ᠮᠠᠯᠴᠢᠳ ᠤᠨ | ᠲᠥᠯᠥᠭᠡᠯᠡᠭᠴᠢᠳ ᠤᠨ ᠰᠠᠨᠠᠯ ᠢ ᠭᠦᠢᠴᠡᠳ ᠰᠢᠩᠭᠡᠭᠡᠨ ᠠᠪᠴᠤ᠂ ᠵᠦᠢᠯ ᠵᠤᠷᠪᠤᠰ ᠤᠨ ᠲᠣᠭᠠᠴᠢᠯᠲᠠ ᠶᠢ ᠲᠣᠳᠣᠷᠬᠠᠶ | ᠣᠶᠢᠯᠠᠭᠠᠮᠵᠢᠲᠠᠶ ᠪᠠᠶᠢᠯᠭᠠᠵᠤ᠂ ᠳᠠᠭᠠᠳᠬᠠᠯ ᠤᠨ ᠬᠠᠭᠤᠳᠠᠰᠤ ᠶᠢ ᠳᠠᠭᠠᠳᠬᠠᠯ ᠤᠨ ᠵᠠᠷᠤᠳᠠᠯ ᠢ ᠡᠭᠦᠷᠭᠡᠯᠡᠬᠦ | ᠬᠠᠷᠢᠴᠠᠯ ᠤᠨ ᠪᠠᠶᠢᠳᠠᠯ ᠢ ᠲᠣᠳᠣᠷᠬᠠᠶᠢᠯᠠᠬᠤ ᠬᠡᠷᠡᠭᠲᠡᠶ᠃ ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ | ᠪᠠᠶᠢᠭᠤᠯᠤᠮᠵᠢ ᠨᠢ ᠡᠷᠬᠡᠪᠰᠢ ᠤᠯᠤᠰ ᠪᠣᠯᠤᠨ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠦᠬᠦᠢ ᠲᠠᠷᠢᠶᠠᠯᠠᠩ ᠤᠨ | ᠳᠠᠭᠠᠳᠬᠠᠯ ᠤᠨ ᠬᠠᠤᠯᠢ ᠴᠠᠭᠠᠵᠠ ᠬᠠᠤᠯᠢ ᠲᠣᠭᠲᠠᠭᠠᠯ ᠪᠣᠯᠤᠨ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢᠨ | ᠱᠠᠭᠠᠷᠳᠠᠯᠭ᠎ᠠ ᠶᠢ ᠴᠢᠩᠭ᠎ᠠ ᠬᠡᠷᠡᠭᠵᠢᠭᠦᠯᠵᠦ᠂ ︽ᠰᠠᠨᠠᠭᠠᠴᠢᠯᠠᠭ᠎ᠠ ᠠᠴᠠ ᠪᠠᠨ᠂ ᠲᠦᠷᠭᠡᠨ᠂ ᠰᠢᠨᠵᠢᠯᠡᠬᠦ ᠤᠬᠠᠭᠠᠨᠴᠢ᠂ | ᠵᠦᠢ ᠵᠣᠬᠢᠰᠲᠠᠶ︾ ᠪᠠᠶᠢᠯᠭᠠᠬᠤ ᠵᠠᠷᠴᠢᠮ ᠤᠨ ᠶᠣᠰᠣᠭᠠᠷ᠂ ᠭᠠᠮᠰᠢᠭ ᠤᠨ ᠳᠠᠷᠠᠭ᠎ᠠ ᠪᠠᠶᠢᠴᠠᠭᠠᠨ ᠰᠢᠨᠵᠢᠬᠦ᠂ | ᠬᠤᠬᠢᠷᠠᠯ ᠤᠨ ᠬᠡᠮᠵᠢᠶ᠎ᠡ ᠶᠢ ᠲᠣᠭᠲᠠᠭᠠᠬᠤ᠂ ᠲᠥᠯᠥᠬᠦ ᠶᠢ ᠴᠠᠭ ᠲᠤᠬᠠᠶ ᠳᠤᠨᠢ ᠥᠷᠨᠢᠭᠦᠯᠵᠦ᠂ ᠪᠠᠶᠢᠴᠠᠭᠠᠨ ᠰᠢᠨᠵᠢᠵᠦ | ᠬᠤᠬᠢᠷᠠᠯ ᠤᠨ ᠬᠡᠮᠵᠢᠶ᠎ᠡ ᠶᠢ ᠡᠷᠦᠬᠡ ᠳᠤ ᠬᠦᠷᠲᠡᠯ᠎ᠡ ᠲᠣᠭᠲᠠᠭᠠᠬᠤ ᠶᠢ ᠴᠢᠷᠮᠠᠶᠢᠨ ᠪᠠᠲᠤᠯᠠᠬᠤ ᠬᠡᠷᠡᠭᠲᠡᠶ᠃ ᠵᠣᠬᠢᠶᠠᠨ | ᠪᠠᠶᠢᠭᠤᠯᠤᠯᠲᠠ ᠶᠢᠨ ᠳᠠᠭᠠᠳᠬᠠᠭᠤᠯᠬᠤ ᠲᠤᠬᠠᠶᠢᠯᠠᠭᠰᠠᠨ ᠠᠵᠢᠯ ᠢ ᠪᠣᠯ ᠬᠤᠪᠢ ᠬᠥᠮᠦᠨ ᠤ ᠮᠡᠳᠡᠭᠡ ᠵᠠᠩᠭᠢ ᠶᠢ | ᠬᠠᠤᠯᠢ ᠶᠣᠰᠣᠭᠠᠷ ᠬᠠᠮᠠᠭᠠᠯᠠᠬᠤ ᠤᠷᠢᠲᠠᠯ ᠳᠣᠤᠷ᠎ᠠ᠂ ᠳᠠᠭᠠᠳᠬᠠᠯ ᠤᠨ ᠪᠠᠶᠢᠭᠤᠯᠤᠮᠵᠢ ᠨᠢ ᠡᠷᠦᠬᠡ ᠬᠤᠪᠢᠶᠠᠨ | ᠳᠠᠭᠠᠳᠬᠠᠭᠤᠯᠤᠭᠰᠠᠨ ᠲᠣᠳᠣᠷᠬᠠᠶ ᠬᠠᠭᠤᠳᠠᠰᠤ᠂ ᠡᠷᠦᠬᠡ ᠬᠤᠪᠢᠶᠠᠨ ᠬᠤᠬᠢᠷᠠᠭᠰᠠᠨ ᠦᠷ᠎ᠡ ᠳ᠋ᠦᠩ ᠢ 3 | ᠡᠳᠦᠷ ᠠᠴᠠ ᠳᠤᠲᠠᠭᠤ ᠦᠭᠡᠶ ᠢᠯᠡ ᠨᠡᠶᠢᠲᠡᠯᠡᠬᠦ ᠬᠡᠷᠡᠭᠲᠡᠶ᠃ ᠡᠯ᠎ᠡ ᠡᠷᠬᠢᠯᠡᠨ ᠭᠦᠢᠴᠡᠳᠬᠡᠬᠦ ᠪᠠᠶᠢᠭᠤᠯᠤᠮᠵᠢ ᠨᠤᠭᠤᠳ | ᠵᠦᠢᠯ ᠵᠤᠷᠪᠤᠰ ᠶᠣᠰᠣᠭᠠᠷ ᠪᠣᠳᠠᠲᠠᠶ ᠲᠥᠯᠥᠵᠦ ᠥᠭᠬᠦ ᠶᠢ ᠴᠢᠩᠭ᠎ᠠ ᠬᠡᠷᠡᠭᠵᠢᠭᠦᠯᠵᠦ᠂ ︽ᠶᠡᠭᠡ ᠭᠠᠮᠰᠢᠭ ᠶᠡᠭᠡ | ᠲᠥᠯᠥᠬᠦ᠂ ᠪᠠᠭ᠎ᠠ ᠭᠠᠮᠰᠢᠭ ᠪᠠᠭ᠎ᠠ ᠲᠥᠯᠥᠬᠦ᠂ ᠭᠠᠮᠰᠢᠭ ᠦᠭᠡᠢ ᠪᠣᠯ ᠲᠦᠯᠦᠬᠦ ᠦᠭᠡᠢ︾ ᠪᠠᠶᠢᠬᠤ ᠶᠢ ᠪᠡᠶᠡᠯᠡᠭᠦᠯᠬᠦ | ᠬᠡᠷᠡᠭᠲᠡᠶ᠃ ᠡᠷᠬᠢᠯᠡᠨ ᠭᠦᠢᠴᠡᠳᠬᠡᠬᠦ ᠪᠠᠶᠢᠭᠤᠯᠤᠮᠵᠢ ᠬᠢᠭᠡᠳ ᠳᠠᠭᠠᠳᠬᠠᠭᠳᠠᠭᠤᠯᠤᠭᠴᠢ ᠲᠥᠯᠥᠪᠦᠷᠢ ᠥᠭᠬᠦ | ᠬᠡᠯᠡᠯᠴᠡᠭᠡᠷ ᠲᠣᠭᠲᠠᠭᠰᠠᠨ ᠤ ᠳᠠᠷᠠᠭ᠎ᠠ 10 ᠠᠵᠢᠯᠯᠠᠬᠤ ᠡᠳᠦᠷ ᠤᠨ ᠳᠣᠲᠣᠷ᠎ᠠ᠂ ᠲᠥᠯᠥᠪᠦᠷᠢ ᠶᠢᠨ ᠳᠠᠭᠠᠳᠬᠠᠯ ᠤᠨ | ᠮᠥᠩᠭᠦ ᠶᠢ ᠳᠠᠭᠠᠳᠬᠠᠭᠳᠠᠭᠤᠯᠤᠭᠴᠢ ᠳᠤ ᠥᠭᠴᠦ᠂ ᠲᠠᠷᠢᠶᠠᠯᠠᠬᠤ ᠮᠠᠯᠵᠢᠬᠤ ᠡᠷᠦᠬᠡ ᠶᠢᠨ ᠦᠷᠭᠦᠯᠵᠢᠯᠡᠨ | ᠭᠠᠮᠰᠢᠭ ᠲᠠᠢ ᠲᠡᠮᠡᠴᠡᠬᠦ᠂ ᠭᠠᠮᠰᠢᠭ ᠠᠴᠠ ᠠᠪᠤᠷᠠᠬᠤ ᠠᠵᠢᠯ ᠢ ᠨᠥᠯᠥᠭᠡᠯᠡᠬᠦ ᠠᠴᠠ ᠵᠠᠶᠢᠯᠠᠰᠬᠢᠨ᠂ ᠪᠣᠳᠠᠲᠤ ᠪᠠᠶᠢᠳᠠᠯ ᠢ | ᠦᠨᠳᠦᠰᠦᠯᠡᠨ ᠲᠥᠯᠥᠪᠦᠷᠢ ᠥᠭᠴᠦ ᠳᠡᠶᠢᠯᠬᠦ ᠦᠭᠡᠶ ᠪᠤᠶᠤ ᠲᠥᠯᠥᠬᠦ ᠨᠢ ᠴᠠᠭ ᠤᠨ ᠬᠢᠵᠠᠭᠠᠷ ᠠᠴᠠ ᠬᠦᠨᠳᠦ | ᠨᠣᠴᠢᠲᠠᠶ ᠬᠡᠲᠦᠷᠡᠭᠰᠡᠨ ᠶᠠᠪᠤᠳᠠᠯ ᠢ ᠡᠷᠬᠢᠯᠡᠨ ᠭᠦᠢᠴᠡᠳᠬᠡᠬᠦ ᠪᠠᠶᠢᠭᠤᠯᠤᠮᠵᠢ ᠳᠤ ᠠᠵᠢᠯ ᠤᠨ ᠠᠮᠵᠢᠯᠲᠠ ᠪᠦᠲᠦᠮᠵᠢ ᠶᠢ | ᠬᠢᠨᠠᠨ ᠰᠢᠯᠭᠠᠬᠤ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠰᠢᠶ᠋ᠳᠪᠦᠷᠢᠯᠡᠵᠦ᠂ ᠲᠤᠰ ᠣᠷᠣᠨ ᠪᠦᠰᠡ ᠶᠢᠨ | ᠲᠤᠬᠠᠶᠢᠯᠠᠭᠰᠠᠨ ᠠᠵᠢᠯ ᠤᠨ ᠡᠵᠡᠩᠨᠡᠯᠲᠡ ᠠᠴᠠ ᠭᠠᠷᠭᠠᠬᠤ ᠬᠡᠷᠡᠭᠲᠡᠶ᠃ | ᠳᠠᠭᠠᠳᠬᠠᠯ ᠬᠠᠷᠢᠭᠤᠴᠠᠬᠤ ᠪᠠᠶᠢᠭᠤᠯᠤᠮᠵᠢ ᠨᠢ ᠵᠠᠷᠴᠢᠮ ᠳᠡᠭᠡᠷ᠎ᠡ ᠪᠠᠨ ᠪᠠᠩᠬᠢ ᠶᠢᠨ ᠳᠠᠩᠰᠠ ᠰᠢᠯᠵᠢᠭᠦᠯᠬᠦ ᠵᠡᠷᠭᠡ | ᠪᠡᠯᠡᠨ ᠵᠣᠭᠤᠰ ᠤᠨ ᠪᠤᠰᠤ ᠠᠷᠭ᠎ᠠ ᠮᠠᠶ᠋ᠢᠭ ᠢᠶᠠᠷ ᠳᠠᠮᠵᠢᠭᠤᠯᠤᠨ᠂ ᠳᠠᠭᠠᠳᠬᠠᠯ ᠤᠨ ᠲᠥᠯᠥᠪᠦᠷᠢ ᠶᠢᠨ ᠵᠣᠭᠤᠰ ᠢ | ᠳᠠᠭᠠᠳᠬᠠᠯ ᠳᠤ ᠣᠷᠣᠯᠴᠠᠭᠰᠠᠨ ᠲᠠᠷᠢᠶᠠᠯᠠᠬᠤ ᠮᠠᠯᠵᠢᠬᠤ ᠡᠷᠦᠬᠡ ᠳᠤ ᠰᠢᠭᠤᠳ ᠥᠭᠬᠦ ᠬᠡᠷᠡᠭᠲᠡᠶ᠂ ᠳᠠᠭᠠᠳᠬᠠᠯ ᠳᠤ | ᠣᠷᠣᠯᠴᠠᠭᠰᠠᠨ ᠲᠠᠷᠢᠶᠠᠯᠠᠬᠤ ᠮᠠᠯᠵᠢᠬᠤ ᠡᠷᠦᠬᠡ ᠨᠢ ᠪᠠᠩᠬᠢ ᠶᠢᠨ ᠳᠠᠩᠰᠠᠨ ᠡᠷᠦᠬᠡ ᠦᠭᠡᠶ ᠪᠣᠯ ᠳᠠᠭᠠᠳᠬᠠᠯ | ᠳᠠᠭᠠᠭᠠᠴᠢᠯᠠᠭᠰᠠᠨ ᠪᠠᠶᠢᠭᠤᠯᠤᠮᠵᠢ ᠨᠢ ᠵᠣᠬᠢᠰᠲᠠᠶ ᠠᠷᠭ᠎ᠠ ᠮᠠᠶ᠋ᠢᠭ ᠢ ᠠᠪᠴᠤ ᠪᠠᠶᠢᠭᠠᠳ ᠳᠠᠭᠠᠳᠬᠠᠯ ᠤᠨ ᠮᠥᠩᠭᠦ ᠶᠢ | ᠰᠢᠭᠤᠳ ᠡᠷᠦᠬᠡ ᠳᠤ ᠬᠦᠷᠦᠭᠦᠯᠬᠦ ᠶᠢ ᠦᠨᠡᠨᠬᠦ ᠪᠠᠲᠤᠯᠠᠬᠤ ᠬᠡᠷᠡᠭᠲᠡᠶ᠃ | ᠳᠠᠭᠠᠳᠬᠠᠯ ᠳᠤ ᠣᠷᠣᠯᠴᠠᠭᠰᠠᠨ ᠰᠠᠭᠠᠯᠢ ᠶᠢᠨ ᠦᠨᠢᠶ᠎ᠡ᠂ ᠦᠷᠡᠵᠢᠬᠦ ᠮᠡᠭᠡᠵᠢ᠂ ᠪᠣᠷᠳᠣᠵᠤ ᠲᠠᠷᠭᠤᠯᠠᠭᠤᠯᠬᠤ | ᠭᠠᠭ᠋ᠠᠶ᠂ ᠠᠯᠠᠰᠢᠨ ᠦᠬᠡᠷ ᠠᠮᠢᠲᠠᠨ ᠤ ᠬᠢᠵᠢᠭ ᠤᠨ ᠪᠠᠶᠢᠳᠠᠯ ᠠᠴᠠ ᠪᠣᠯᠵᠤ ᠵᠠᠰᠠᠭ ᠤᠨ ᠣᠷᠳᠣᠨ ᠠᠴᠠ | ᠠᠯᠪᠠᠳᠠᠯᠭ᠎ᠠ ᠪᠠᠷ ᠠᠯᠠᠭᠤᠯᠤᠭᠰᠠᠨ ᠪᠣᠯ ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ ᠪᠠᠶᠢᠭᠤᠯᠤᠮᠵᠢ ᠨᠢ | ᠳᠠᠭᠠᠳᠬᠠᠯ ᠤᠨ ᠵᠣᠭᠤᠰ ᠤᠨ ᠲᠤᠭ᠎ᠠ ᠶᠢᠨ ᠶᠣᠰᠣᠭᠠᠷ ᠵᠠᠰᠠᠭ ᠤᠨ ᠣᠷᠳᠣᠨ ᠤ ᠠᠯᠠᠵᠤ ᠨᠢᠲᠤᠯᠬᠤ ᠲᠤᠰᠬᠠᠶ | ᠵᠦᠢᠯ ᠤᠨ ᠨᠥᠬᠦᠪᠥᠷᠢ ᠶᠢ ᠬᠠᠰᠤᠭᠰᠠᠨ ᠤ ᠳᠠᠷᠠᠭ᠎ᠠ ᠲᠥᠯᠥᠵᠦ ᠥᠭᠬᠦ ᠬᠡᠷᠡᠭᠲᠡᠶ᠂ ᠵᠠᠰᠠᠭ ᠤᠨ ᠣᠷᠳᠣᠨ ᠤ ᠬᠢᠬᠠᠨ | ᠠᠯᠠᠬᠤ ᠲᠤᠰᠬᠠᠶ ᠵᠦᠢᠯ ᠤᠨ ᠨᠥᠬᠦᠪᠥᠷᠢ ᠨᠢ ᠳᠠᠭᠠᠳᠬᠠᠯ ᠤᠨ ᠵᠣᠭᠤᠰ ᠤᠨ ᠲᠤᠭ᠎ᠠ ᠠᠴᠠ ᠬᠡᠲᠦᠷᠡᠭᠰᠡᠨ ᠪᠣᠯ | ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ ᠪᠠᠶᠢᠭᠤᠯᠤᠮᠵᠢ ᠳᠠᠬᠢᠵᠤ ᠲᠥᠯᠥᠵᠦ ᠥᠭᠬᠦ ᠦᠭᠡᠶ᠃ ᠬᠦᠨᠳᠦ | ᠶᠡᠭᠡ ᠡᠪᠡᠳᠴᠢᠨ ᠤ ᠬᠥᠨᠥᠭᠡᠯ ᠢᠶᠠᠷ ᠦᠬᠦᠭᠰᠡᠨ ᠪᠣᠯ ᠮᠠᠯ ᠠᠵᠤ ᠠᠬᠤᠶ ᠶᠢᠨ ᠬᠢᠵᠢᠭ ᠰᠡᠷᠭᠡᠶᠢᠯᠡᠬᠦ ᠰᠠᠯᠠᠭ᠎ᠠ | ᠮᠥᠴᠢᠷ ᠠᠴᠠ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠤᠨ ᠶᠣᠰᠣᠭᠠᠷ ᠬᠤᠤᠷ | ᠥᠬᠡᠶᠢᠳᠡᠭᠦᠯᠦᠨ ᠰᠢᠶ᠋ᠳᠪᠦᠷᠢᠯᠡᠭᠰᠡᠨ ᠤ ᠳᠠᠷᠠᠭ᠎ᠠ᠂ ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ | ᠪᠠᠶᠢᠭᠤᠯᠤᠮᠵᠢ ᠠᠴᠠ ᠲᠥᠯᠥᠨ᠎ᠡ᠃ | ᠳᠥᠷᠪᠡ᠂ ᠲᠤᠲᠤᠷᠭ᠎ᠠ᠂ ᠪᠤᠭᠤᠳᠠᠢ᠂ ᠡᠷᠳᠡᠨᠢ ᠰᠢᠰᠢ ᠶᠢᠨ ᠪᠦᠷᠢᠨ ᠥᠪᠡᠷ ᠤᠨ ᠥᠷᠲᠡᠭ ᠤᠨ ᠳᠠᠭᠠᠳᠬᠠᠯ ᠢ | ᠥᠷᠨᠢᠭᠦᠯᠦᠨ᠎ᠡ | ︽ᠭᠤᠷᠪᠠᠨ ᠶᠡᠭᠡ ᠠᠮᠤ ᠪᠤᠳᠠᠭᠠᠨ ᠤ ᠲᠠᠷᠢᠮᠠᠯ ᠤᠨ ᠪᠦᠷᠢᠨ ᠥᠪᠡᠷ ᠤᠨ ᠥᠷᠲᠡᠭ ᠤᠨ ᠳᠠᠭᠠᠳᠬᠠᠯ ᠪᠠ | ᠲᠠᠷᠢᠮᠠᠯ ᠤᠨ ᠣᠷᠣᠯᠭ᠎ᠠ ᠶᠢᠨ ᠳᠠᠭᠠᠳᠬᠠᠯ ᠤᠨ ᠬᠡᠷᠡᠭᠵᠢᠭᠦᠯᠬᠦ ᠬᠡᠪᠴᠢᠶ᠎ᠡ ᠶᠢ ᠥᠷᠭᠡᠳᠬᠡᠬᠦ ᠲᠤᠬᠠᠶ ᠡᠳ᠋ ᠤᠨ | ᠵᠠᠰᠠᠭ ᠤᠨ ᠶᠠᠮᠤᠨ ᠲᠠᠷᠢᠶᠠᠯᠠᠩ ᠳᠠᠭᠠᠳᠬᠠᠯ ᠤᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠮᠡᠳᠡᠭᠳᠡᠯ︾ ︵ᠡᠳ᠋ | ᠮᠥᠩᠭᠦ ︹2021︺ 49 ᠳ᠋ᠦ᠋ᠭᠡᠷ ᠲᠣᠭᠠᠲᠤ︶ ᠤᠨ ᠱᠠᠭᠠᠷᠳᠠᠯᠭ᠎ᠠ ᠶᠢ ᠦᠨᠳᠦᠰᠦᠯᠡᠨ᠂ ᠮᠠᠨ ᠤ ᠬᠤᠰᠢᠭᠤ | 2022 ᠣᠨ ᠠᠴᠠ ᠡᠬᠢᠯᠡᠨ ᠭᠤᠷᠪᠠᠨ ᠶᠡᠭᠡ ᠠᠮᠤ ᠪᠤᠳᠠᠭᠠᠨ ᠤ ᠲᠠᠷᠢᠮᠠᠯ ᠤᠨ ᠪᠦᠷᠢᠨ ᠥᠪᠡᠷ ᠤᠨ ᠥᠷᠲᠡᠭ ᠤᠨ | ᠳᠠᠭᠠᠳᠬᠠᠯ ᠢ ᠬᠡᠷᠡᠭᠵᠢᠭᠦᠯᠦᠨ᠎ᠡ ︵ᠪᠣᠳᠠᠲᠠᠶ ᠬᠡᠷᠡᠭᠵᠢᠭᠦᠯᠬᠦ ᠲᠥᠰᠦᠯ ᠢ ᠳᠠᠭᠠᠯᠳᠤᠭᠤᠯᠤᠯ 2 ᠳᠤ ᠦᠵᠡ︶᠃ | ᠲᠠᠪᠤ᠂ ᠭᠠᠮᠰᠢᠭ ᠢ ᠰᠡᠷᠭᠡᠶᠢᠯᠡᠵᠦ ᠬᠤᠬᠢᠷᠠᠯ ᠢ ᠪᠠᠭᠠᠰᠬᠠᠬᠤ ᠪᠡᠯᠡ ᠮᠥᠩᠭᠦ ᠪᠣᠯᠤᠨ ᠶᠡᠷᠦᠩᠬᠡᠶᠢᠯᠡᠭᠰᠡᠨ | ᠵᠠᠷᠤᠳᠠᠯ ᠤᠨ ᠨᠣᠷᠮ᠎ᠠ ᠶᠢᠨ ᠬᠠᠮᠢᠶᠠᠷᠤᠯᠲᠠ | ᠶᠡᠭᠡ ᠭᠠᠮᠰᠢᠭ ᠤᠨ ᠲᠦᠭᠰᠢᠭᠦᠷᠢ ᠶᠢᠨ ᠪᠡᠯᠡᠳᠬᠡᠯ ᠮᠥᠩᠭᠦ ᠶᠢ ᠡᠳ᠋ ᠤᠨ ᠵᠠᠰᠠᠭ ᠠᠴᠠ ᠨᠥᠬᠦᠪᠥᠷᠢ ᠥᠭᠬᠦ | ᠬᠡᠯᠪᠡᠷᠢ ᠶᠢᠨ ᠲᠠᠷᠢᠮᠠᠯ ᠤᠨ ᠦᠢᠯᠡᠰ ᠤᠨ ᠳᠠᠭᠠᠳᠬᠠᠯ ᠤᠨ 6%᠂ ᠲᠡᠵᠢᠭᠡᠨ ᠦᠷᠡᠵᠢᠭᠦᠯᠬᠦ ᠦᠢᠯᠡᠰ ᠤᠨ | ᠳᠠᠭᠠᠳᠬᠠᠯ ᠤᠨ 2%᠂ ᠣᠶ ᠰᠢᠭᠤᠶ ᠶᠢᠨ ᠳᠠᠭᠠᠳᠬᠠᠯ ᠤᠨ 10% ᠶᠢᠨ ᠬᠠᠷᠢᠴᠠᠯ ᠢᠶᠠᠷ ᠭᠠᠷᠭᠠᠨ ᠠᠪᠴᠤ᠂ | ᠲᠣᠭᠲᠠᠭᠠᠯ ᠶᠣᠰᠣᠭᠠᠷ ᠬᠡᠷᠡᠭᠯᠡᠬᠦ ᠬᠡᠷᠡᠭᠲᠡᠶ᠃ | ᠳᠠᠭᠠᠳᠬᠠᠯ ᠬᠦᠯᠢᠶᠡᠬᠦ ᠪᠠᠶᠢᠭᠤᠯᠤᠮᠵᠢ ᠨᠤᠭᠤᠳ ᠭᠠᠮᠰᠢᠭ ᠢ ᠰᠡᠷᠭᠡᠶᠢᠯᠡᠵᠦ ᠬᠤᠬᠢᠷᠠᠯ ᠢ ᠪᠠᠭᠠᠰᠬᠠᠬᠤ | ᠬᠠᠮᠢᠶᠠᠷᠤᠯᠲᠠ ᠪᠠᠨ ᠴᠢᠩᠭᠠᠳᠬᠠᠵᠤ᠂ ᠭᠠᠮᠰᠢᠭ ᠢ ᠰᠡᠷᠭᠡᠶᠢᠯᠡᠵᠦ ᠬᠤᠬᠢᠷᠠᠯ ᠢ ᠪᠠᠭᠠᠰᠬᠠᠬᠤ ᠵᠠᠷᠤᠳᠠᠯ ᠢ ᠪᠣᠳᠠᠲᠠᠶ ᠪᠠᠷ | ᠵᠢᠭᠰᠠᠭᠠᠨ ᠵᠠᠷᠤᠴᠠᠭᠤᠯᠵᠤ᠂ ᠵᠠᠷᠤᠭᠰᠠᠨ ᠵᠠᠷᠤᠯᠭ᠎ᠠ ᠶᠢᠨ ᠦᠨᠳᠦᠰᠦᠯᠡᠯ ᠪᠠ ᠭᠠᠷᠳᠠᠮ ᠢ ᠪᠦᠷᠢᠨ ᠭᠦᠢᠴᠡᠳ ᠪᠣᠯᠭᠠᠵᠤ | ᠂ ᠵᠠᠷᠤᠴᠠᠭᠤᠯᠤᠭᠰᠠᠨ ᠵᠦᠢᠯᠡᠰ ᠤᠨ ᠬᠤᠯᠪᠣᠭᠳᠠᠬᠤ ᠴᠢᠨᠠᠷ᠂ ᠦᠨᠡᠨ ᠪᠣᠳᠠᠲᠤ ᠴᠢᠨᠠᠷ ᠢ ᠬᠢᠨᠠᠨ ᠬᠠᠷᠭᠤᠭᠤᠯᠵᠤ᠂ | ᠭᠠᠮᠰᠢᠭ ᠢ ᠰᠡᠷᠭᠡᠶᠢᠯᠡᠵᠦ ᠬᠤᠬᠢᠷᠠᠯ ᠢ ᠪᠠᠭᠠᠰᠬᠠᠬᠤ ᠠᠵᠢᠯ ᠢ ᠬᠠᠤᠯᠢ ᠲᠣᠭᠲᠠᠭᠠᠯ ᠳᠤ ᠨᠡᠶᠢᠴᠡᠭᠦᠯᠦᠨ ᠰᠠᠶᠢᠲᠤᠷ ᠬᠢᠬᠦ | ᠬᠡᠷᠡᠭᠲᠡᠶ᠃ ᠳᠠᠭᠠᠳᠬᠠᠯ ᠤᠨ ᠪᠠᠶᠢᠭᠤᠯᠤᠮᠵᠢ ᠨᠢ ᠲᠠᠷᠢᠶᠠᠯᠠᠩ ᠤᠨ ᠭᠠᠮᠰᠢᠭ ᠢ ᠰᠡᠷᠭᠡᠶᠢᠯᠡᠨ ᠬᠤᠬᠢᠷᠠᠯ ᠢ ᠪᠠᠭᠠᠰᠬᠠᠬᠤ | ᠰᠢᠰᠲ᠋ᠧᠮᠵᠢ ᠯᠦᠭᠡ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠲᠠᠷᠢᠶᠠᠯᠠᠩ ᠤᠨ ᠲᠦᠭᠰᠢᠭᠦᠷᠢ ᠶᠢ ᠡᠰᠡᠷᠭᠦᠴᠡᠨ | ᠬᠤᠷᠢᠭᠯᠠᠬᠤ ᠴᠢᠳᠠᠪᠤᠷᠢ ᠶᠢ ᠳᠡᠭᠡᠭᠰᠢᠯᠡᠭᠦᠯᠦᠨ᠂ ᠬᠡᠷᠡᠭ ᠤᠨ ᠡᠮᠦᠨᠡᠬᠢ ᠲᠦᠭᠰᠢᠭᠦᠷᠢ ᠶᠢ ᠰᠡᠷᠭᠡᠶᠢᠯᠡᠬᠦ ᠠᠵᠢᠯ ᠳᠠᠬᠢ | ᠳᠠᠭᠠᠳᠬᠠᠯ ᠤᠨ ᠢᠳᠡᠪᠬᠢ ᠦᠢᠯᠡᠳᠦᠯ ᠢ ᠭᠦᠢᠴᠡᠳ ᠪᠠᠳᠠᠷᠠᠭᠤᠯᠬᠤ ᠬᠡᠷᠡᠭᠲᠡᠶ᠃ ᠲᠠᠷᠢᠮᠠᠯ ᠤᠨ ᠦᠢᠯᠡᠰ ᠤᠨ | ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ᠂ ᠬᠦᠨᠳᠦ ᠶᠡᠭᠡ ᠡᠪᠡᠳᠴᠢᠨ ᠬᠤᠷᠣᠬᠠᠶ ᠶᠢᠨ | ᠬᠥᠨᠥᠭᠡᠯ ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ᠂ ᠲᠠᠷᠢᠶᠠᠨ ᠭᠠᠵᠠᠷ ᠤᠨ ᠬᠥᠷᠥᠰᠥ ᠰᠢᠷᠣᠶ ᠶᠢᠨ | ᠴᠢᠭᠢᠭ ᠤᠨ ᠪᠠᠶᠢᠳᠠᠯ ᠪᠠ ᠲᠠᠷᠢᠶᠠᠯᠠᠩ ᠤᠨ ᠴᠠᠭ ᠠᠭᠤᠷ ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ᠂ | ᠲᠠᠷᠢᠶᠠᠨ ᠭᠠᠵᠠᠷ ᠤᠨ ᠤᠰᠤᠨ ᠠᠰᠢᠭᠯᠠᠯᠲᠠ ᠶᠢᠨ ᠰᠠᠭᠤᠷᠢ ᠪᠡᠯᠡᠳᠬᠡᠮᠵᠢ ᠶᠢ ᠥᠭᠡᠷᠡᠴᠢᠯᠡᠬᠦ᠂ ᠮᠥᠨᠳᠥᠷ ᠢ | ᠰᠡᠷᠭᠡᠶᠢᠯᠡᠵᠦ ᠪᠣᠷᠣᠭᠠᠨ ᠨᠡᠮᠡᠭᠳᠡᠭᠦᠯᠬᠦ ᠲᠥᠬᠦᠭᠡᠷᠦᠮᠵᠢ ᠶᠢ ᠥᠭᠡᠷᠡᠴᠢᠯᠡᠬᠦ᠂ ᠲᠡᠵᠢᠭᠡᠨ ᠦᠷᠡᠵᠢᠭᠦᠯᠬᠦ ᠦᠢᠯᠡᠰ ᠤᠨ | ᠴᠠᠭ ᠠᠭᠤᠷ ︵ᠲᠤᠭ᠎ᠠ ᠪᠠᠷᠢᠮᠲᠠ︶ ᠢ ᠴᠤᠭᠯᠠᠭᠤᠯᠬᠤ᠂ ᠬᠠᠯᠳᠠᠪᠤᠷᠢᠲᠤ ᠡᠪᠡᠳᠴᠢᠨ ᠢ ᠰᠡᠷᠭᠡᠶᠢᠯᠡᠨ ᠵᠠᠰᠠᠬᠤ᠂ ᠣᠶ | ᠰᠢᠭᠤᠶ ᠶᠢᠨ ᠭᠠᠮᠰᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ᠂ ᠭᠠᠯ ᠰᠡᠷᠭᠡᠶᠢᠯᠡᠬᠦ ᠪᠡᠯᠡᠳᠬᠡᠮᠵᠢ ᠲᠥᠬᠦᠭᠡᠷᠦᠮᠵᠢ ︵ | ᠭᠠᠯ ᠰᠡᠷᠭᠡᠶᠢᠯᠡᠬᠦ ᠵᠠᠮ ᠢ ᠬᠠᠮᠢᠶᠠᠷᠴᠤ ᠬᠠᠮᠠᠭᠠᠯᠠᠬᠤ ᠪᠠᠭᠲᠠᠨ᠎ᠠ︶᠂ ᠬᠥᠨᠥᠭᠡᠯᠲᠦ ᠠᠮᠢᠳᠤ ᠪᠣᠳᠠᠰ ᠢ ᠰᠡᠷᠭᠡᠶᠢᠯᠡᠨ | ᠵᠠᠰᠠᠬᠤ ᠵᠡᠷᠭᠡ ᠪᠣᠯᠤᠨ᠎ᠠ᠃ | ᠵᠢᠷᠭᠤᠭ᠎ᠠ᠂ ᠲᠠᠷᠢᠶᠠᠯᠠᠩ ᠤᠨ ᠳᠠᠭᠠᠳᠬᠠᠯ ᠤᠨ ᠠᠵᠢᠯ ᠤᠨ ᠵᠠᠷᠤᠳᠠᠯ ᠤᠨ ᠵᠠᠷᠤᠯᠭ᠎ᠠ | ︽ᠲᠠᠷᠢᠶᠠᠯᠠᠩ ᠤᠨ ᠳᠠᠭᠠᠳᠬᠠᠯ ᠤᠨ ᠳᠠᠭᠠᠳᠬᠠᠯ ᠤᠨ ᠲᠥᠯᠥᠪᠦᠷᠢ ᠶᠢᠨ ᠬᠠᠮᠢᠶᠠᠷᠤᠯᠲᠠ ᠶᠢᠨ ᠠᠷᠭ᠎ᠠ︾ ᠶᠢᠨ | ᠬᠤᠯᠪᠣᠭᠳᠠᠯ ᠪᠥᠬᠦᠶ ᠲᠣᠭᠲᠠᠭᠠᠯ ᠢ ᠦᠨᠳᠦᠰᠦᠯᠡᠨ᠂ ᠳᠠᠭᠠᠳᠬᠠᠯ ᠤᠨ ᠪᠠᠶᠢᠭᠤᠯᠤᠮᠵᠢ ᠨᠢ ᠲᠠᠷᠢᠶᠠᠯᠠᠩ ᠮᠠᠯ ᠠᠵᠤ | ᠠᠬᠤᠶ᠂ ᠣᠶ ᠰᠢᠭᠤᠶ ᠨᠤᠲᠤᠭ ᠪᠡᠯᠴᠢᠭᠡᠷ ᠵᠡᠷᠭᠡ ᠰᠠᠯᠠᠭ᠎ᠠ ᠮᠥᠴᠢᠷ ᠪᠣᠯᠤᠨ ᠡᠯ᠎ᠡ ᠰᠤᠮᠤ ᠪᠠᠯᠭᠠᠰᠤ ᠲᠠᠯᠠᠪᠠᠶ᠂ | ᠲᠣᠰᠬᠤᠨ ᠤ ᠠᠷᠠᠳ ᠤᠨ ᠵᠥᠪᠯᠡᠯ᠂ ᠮᠠᠯᠵᠢᠬᠤ ᠲᠠᠷᠢᠶᠠᠯᠠᠬᠤ ᠣᠷᠣᠨ ᠤ ᠬᠠᠮᠲᠤ ᠶᠢᠨ ᠠᠵᠤ ᠠᠬᠤᠶ ᠶᠢᠨ ᠵᠣᠬᠢᠶᠠᠨ | ᠪᠠᠶᠢᠭᠤᠯᠤᠯᠲᠠ ᠵᠡᠷᠭᠡ ᠦᠨᠳᠦᠰᠦᠨ ᠱᠠᠲᠤᠨ ᠤ ᠪᠠᠶᠢᠭᠤᠯᠤᠮᠵᠢ ᠳᠤ ᠨᠠᠶᠢᠳᠠᠵᠤ᠂ ᠲᠠᠷᠢᠶᠠᠯᠠᠩ ᠤᠨ ᠳᠠᠭᠠᠳᠬᠠᠯ ᠤᠨ | ᠲᠤᠬᠠᠶᠢᠯᠠᠭᠰᠠᠨ ᠠᠵᠢᠯ ᠢ ᠬᠠᠪᠰᠤᠷᠤᠨ ᠭᠦᠶ᠋ᠴᠡᠳᠬᠡᠵᠦ ᠪᠣᠯᠤᠨ᠎ᠠ᠃ ᠳᠠᠭᠠᠳᠬᠠᠯ ᠤᠨ ᠪᠠᠢᠭᠤᠯᠤᠮᠵᠢ ᠨᠢ ᠬᠥᠳᠡᠭᠡ | ᠠᠵᠤ ᠠᠬᠤᠢ ᠶᠢᠨ ᠳᠠᠭᠠᠳᠬᠠᠯ ᠤᠨ ᠲᠤᠬᠠᠢᠯᠠᠭᠰᠠᠨ ᠠᠵᠢᠯ ᠢ ᠬᠠᠪᠰᠤᠷᠬᠤ ᠪᠠᠷ ᠨᠠᠢᠳᠠᠪᠠᠯ᠂ ᠲᠥᠪ ᠭᠤᠣᠯᠴᠢ᠂ | ᠡᠵᠡᠨ ᠮᠡᠳᠡᠵᠤ ᠰᠠᠶᠢᠨ ᠳᠤᠷ᠎ᠠ ᠶᠢᠨ ᠪᠠᠢᠬᠤ ᠵᠠᠷᠴᠢᠮ ᠶᠣᠰᠣᠭᠠᠷ᠂ ᠬᠠᠪᠰᠤᠷᠤᠨ ᠡᠷᠬᠢᠯᠡᠬᠦ ᠪᠠᠢᠭᠤᠯᠤᠮᠵᠢ ᠯᠤᠭ᠎ᠠ | ᠪᠢᠴᠢᠭ ᠢᠶᠠᠷ ᠭᠡᠷ᠎ᠡ ᠲᠣᠭᠲᠠᠭᠠᠵᠤ᠂ ᠬᠤᠶᠠᠷ ᠡᠲᠡᠭᠡᠳ ᠤᠨ ᠡᠷᠬᠡ ᠡᠭᠦᠷᠭᠡ ᠶᠢ ᠲᠣᠳᠣᠷᠬᠠᠢᠯᠠᠬᠤ ᠶᠢᠨ ᠬᠠᠮᠲᠤ | ᠬᠠᠪᠰᠤᠷᠤᠨ ᠡᠷᠬᠢᠯᠡᠬᠦ ᠪᠠᠢᠭᠤᠯᠤᠮᠵᠢ ᠠᠴᠠ ᠬᠠᠪᠰᠤᠷᠤᠨ ᠡᠷᠬᠢᠯᠡᠭᠰᠡᠨ ᠠᠵᠢᠯᠲᠠᠨ ᠲᠣᠮᠢᠯᠠᠵᠤ ᠬᠥᠳᠡᠭᠡ ᠠᠵᠤ | ᠠᠬᠤᠢ ᠶᠢᠨ ᠳᠠᠭᠠᠳᠬᠠᠯ ᠤᠨ ᠲᠤᠬᠠᠢᠯᠠᠭᠰᠠᠨ ᠠᠵᠢᠯ ᠢ ᠬᠠᠪᠰᠤᠷᠤᠨ ᠬᠢᠯᠭᠡᠬᠦ ᠬᠡᠷᠡᠭᠲᠡᠢ ᠲᠤᠰᠠᠯᠠᠨ ᠭᠦᠢᠴᠡᠳᠬᠡᠬᠦ | ᠲᠤᠬᠠᠶᠢᠯᠠᠭᠰᠠᠨ ᠠᠵᠢᠯ ᠤᠨ ᠬᠤᠶᠠᠷ ᠲᠠᠯ᠎ᠠ ᠪᠠᠷ ᠢᠶᠠᠨ ᠲᠥᠪ ᠭᠤᠤᠯᠴᠢ ᠪᠠᠶᠢᠬᠤ ᠵᠠᠷᠴᠢᠮ ᠶᠣᠰᠣᠭᠠᠷ᠂ ᠬᠠᠮᠵᠢᠯᠴᠠᠨ | ᠭᠦᠢᠴᠡᠳᠬᠡᠬᠦ ᠵᠠᠷᠤᠳᠠᠯ ᠢ ᠵᠦᠢ ᠵᠣᠬᠢᠰᠲᠠᠶ ᠲᠣᠭᠲᠠᠭᠠᠬᠤ ᠶᠢᠨ ᠬᠠᠮᠲᠤ ᠬᠠᠪᠰᠤᠷᠤᠨ ᠭᠦᠢᠴᠡᠳᠬᠡᠬᠦ ᠵᠠᠷᠤᠳᠠᠯ ᠤᠨ | ᠤᠷᠮᠠᠰᠢᠭᠤᠯᠵᠤ ᠬᠢᠵᠠᠭᠠᠷᠯᠠᠬᠤ ᠲᠣᠭᠲᠠᠴᠠ ᠶᠢ ᠪᠠᠶᠢᠭᠤᠯᠬᠤ ᠬᠡᠷᠡᠭᠲᠡᠶ᠃ ᠳᠠᠭᠠᠳᠬᠠᠯ ᠤᠨ ᠪᠠᠶᠢᠭᠤᠯᠤᠮᠵᠢ ᠨᠢ | ᠬᠠᠪᠰᠤᠷᠤᠨ ᠭᠦᠢᠴᠡᠳᠬᠡᠬᠦ ᠵᠠᠷᠤᠳᠠᠯ ᠤᠨ ᠬᠠᠮᠢᠶᠠᠷᠤᠯᠲᠠ ᠪᠠᠨ ᠴᠢᠩᠭᠠᠳᠭᠠᠵᠤ᠂ ᠬᠠᠮᠵᠢᠯᠴᠠᠨ ᠭᠦᠢᠴᠡᠳᠬᠡᠬᠦ | ᠵᠠᠷᠤᠳᠠᠯ ᠢ ᠵᠥᠪᠬᠡᠨ ᠲᠠᠷᠢᠶᠠᠯᠠᠩ ᠤᠨ ᠳᠠᠭᠠᠳᠬᠠᠯ ᠤᠨ ᠲᠤᠬᠠᠶᠢᠯᠠᠭᠰᠠᠨ ᠠᠵᠢᠯ ᠢ ᠬᠠᠪᠰᠤᠷᠤᠨ ᠭᠦᠢᠴᠡᠳᠬᠡᠬᠦ ᠳᠤ | ᠬᠡᠷᠡᠭᠯᠡᠬᠦ ᠶᠢ ᠦᠨᠡᠨᠬᠦ ᠪᠠᠲᠤᠯᠠᠬᠤ ᠬᠡᠷᠡᠭᠲᠡᠶ᠂ ᠣᠨᠳᠣᠤ ᠵᠦᠢᠯ ᠳᠤ ᠨᠡᠭᠦᠯᠭᠡᠨ ᠬᠡᠷᠡᠭᠯᠡᠵᠦ ᠪᠣᠯᠬᠤ ᠦᠭᠡᠶ᠃ | ᠬᠠᠪᠰᠤᠷᠤᠨ ᠭᠦᠢᠴᠡᠳᠬᠡᠭᠰᠡᠨ ᠵᠠᠷᠤᠳᠠᠯ ᠢ ᠳᠠᠩᠰᠠ ᠰᠢᠯᠵᠢᠭᠦᠯᠬᠦ ᠠᠷᠭ᠎ᠠ ᠮᠠᠶ᠋ᠢᠭ ᠢᠶᠠᠷ ᠳᠠᠮᠵᠢᠭᠤᠯᠤᠨ ᠥᠭᠬᠦ ᠶᠢᠨ | ᠬᠠᠮᠲᠤ ᠣᠯᠤᠭᠰᠠᠨ ᠬᠠᠤᠯᠢ ᠶᠣᠰᠣᠨ ᠤ ᠫᠢᠶᠣᠤ ᠪᠠᠷᠢᠮᠲᠠ ᠪᠠᠷ ᠦᠨᠳᠦᠰᠦᠯᠡᠯ ᠪᠣᠯᠭᠠᠨ ᠳᠠᠩᠰᠠᠨ ᠳᠤ ᠣᠷᠣᠭᠤᠯᠬᠤ | ᠬᠡᠷᠡᠭᠲᠡᠶ᠃ ᠬᠠᠪᠰᠤᠷᠤᠨ ᠡᠷᠬᠢᠯᠡᠭᠰᠡᠨ ᠵᠠᠷᠤᠳᠠᠯ ᠢ ᠭᠠᠷᠭᠠᠪᠠᠯ᠂ ᠳᠠᠭᠠᠳᠬᠠᠯ ᠤᠨ ᠪᠠᠶᠢᠭᠤᠯᠤᠮᠵᠢ ᠨᠢ ᠬᠠᠪᠰᠤᠷᠤᠨ | ᠡᠷᠬᠢᠯᠡᠭᠰᠡᠨ ᠪᠠᠶᠢᠭᠤᠯᠤᠮᠵᠢ᠂ ᠬᠠᠪᠰᠤᠷᠤᠨ ᠭᠦᠢᠴᠡᠳᠬᠡᠭᠴᠢ ᠠᠵᠢᠯᠲᠠᠨ ᠳᠤ ᠭᠡᠷ᠎ᠡ ᠲᠣᠭᠲᠠᠭᠰᠠᠨ ᠠᠴᠠ ᠪᠤᠰᠤᠳ | ᠰᠠᠭᠤᠳᠬᠠᠯ ᠪᠤᠶᠤ ᠪᠤᠰᠤᠳ ᠠᠰᠢᠭ ᠲᠤᠰᠠ ᠣᠯᠭᠤᠬᠤ ᠪᠠᠷ ᠠᠮᠠᠯᠠᠵᠤ ᠪᠣᠯᠬᠤ ᠦᠭᠡᠶ᠃ | ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠨ᠂ ᠳᠠᠭᠠᠳᠬᠠᠬᠤ ᠪᠠᠶᠢᠭᠤᠯᠤᠮᠵᠢ ᠶᠢᠨ ᠳᠡᠯᠭᠡᠨ ᠦᠵᠡᠭᠦᠯᠬᠦ᠂ | ᠳᠠᠭᠠᠳᠬᠠᠬᠤ᠂ ᠪᠠᠶᠢᠴᠠᠭᠠᠨ ᠰᠢᠨᠵᠢᠬᠦ᠂ ᠬᠤᠬᠢᠷᠠᠯ ᠤᠨ ᠬᠡᠮᠵᠢᠶ᠎ᠡ ᠶᠢ ᠲᠣᠭᠲᠠᠭᠠᠬᠤ᠂ ᠲᠥᠯᠥᠪᠦᠷᠢ ᠥᠭᠬᠦ᠂ | ᠭᠠᠮᠰᠢᠭ ᠢ ᠰᠡᠷᠭᠡᠶᠢᠯᠡᠨ ᠬᠤᠬᠢᠷᠠᠯ ᠢ ᠪᠠᠭᠠᠰᠬᠠᠬᠤ ᠵᠡᠷᠭᠡ ᠲᠠᠷᠢᠶᠠᠯᠠᠩ ᠤᠨ ᠳᠠᠭᠠᠳᠬᠠᠯ ᠤᠨ ᠠᠵᠢᠯ ᠳᠤ ᠳᠡᠮᠵᠢᠯᠭᠡ | ᠦᠵᠡᠭᠦᠯᠬᠦ ᠬᠡᠷᠡᠭᠲᠡᠶ᠃ ︽ᠲᠥᠪ ᠤᠨ ᠡᠳ᠋ ᠤᠨ ᠵᠠᠰᠠᠭ ᠤᠨ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠳᠤ | ᠨᠥᠬᠦᠪᠥᠷᠢ ᠥᠭᠬᠦ ᠬᠠᠮᠢᠶᠠᠷᠤᠯᠲᠠ ᠶᠢᠨ ᠠᠷᠭ᠎ᠠ︾ ︵ᠡᠳ᠋ ᠮᠥᠩᠭᠦ ︹2021︺ 130 ᠳ᠋ᠤᠭᠠᠷ ᠲᠣᠭᠠᠲᠤ︶ | ᠶᠣᠰᠣᠭᠠᠷ᠂ ᠳᠠᠭᠠᠳᠬᠠᠯ ᠤᠨ ᠲᠥᠷᠥᠯ ᠤᠨ ᠬᠠᠮᠵᠢᠭᠴᠢ ᠶᠢᠨ ᠵᠠᠷᠤᠯᠭ᠎ᠠ ᠪᠠᠶᠢᠭᠤᠯᠬᠤ ᠶᠢ ᠵᠥᠪᠰᠢᠶᠡᠷᠡᠵᠦ᠂ | ᠳᠠᠭᠠᠳᠬᠠᠯ ᠤᠨ ᠪᠠᠶᠢᠭᠤᠯᠤᠮᠵᠢ ᠶᠢ ᠬᠠᠪᠰᠤᠷᠤᠨ ᠳᠠᠭᠠᠳᠬᠠᠯ ᠳᠠᠭᠠᠭᠠᠬᠤ᠂ ᠲᠥᠯᠥᠪᠦᠷᠢ ᠥᠭᠬᠦ ᠵᠡᠷᠭᠡ ᠠᠵᠢᠯ ᠢ | ᠥᠷᠨᠢᠭᠦᠯᠵᠦ᠂ ᠲᠣᠰᠬᠤᠨ ᠨᠢᠭᠡᠪᠦᠷᠢ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠬᠠᠮᠵᠢᠭᠴᠢ ᠨᠢᠭᠡ ᠶᠢ | ᠲᠣᠬᠢᠷᠠᠭᠤᠯᠵᠤ ᠪᠣᠯᠤᠨ᠎ᠠ᠂ ᠳᠠᠭᠠᠳᠬᠠᠯ ᠬᠦᠯᠢᠶᠡᠬᠦ ᠪᠠᠶᠢᠭᠤᠯᠤᠮᠵᠢ ᠪᠠ ᠲᠣᠰᠬᠤᠨ ᠤ ᠠᠷᠠᠳ ᠤᠨ ᠵᠥᠪᠯᠡᠯ ᠠᠴᠠ | ᠵᠥᠪᠳᠡᠯᠴᠡᠨ ᠲᠣᠭᠲᠠᠭᠠᠬᠤ ᠶᠢᠨ ᠬᠠᠮᠲᠤ ᠲᠣᠰ ᠲᠣᠰᠬᠤᠨ ᠳᠤ ᠵᠠᠷᠯᠠᠨ ᠨᠡᠶᠢᠲᠡᠯᠡᠵᠦ᠂ ᠳᠠᠭᠠᠳᠬᠠᠯ ᠤᠨ | ᠪᠠᠶᠢᠭᠤᠯᠤᠮᠵᠢ ᠬᠠᠮᠵᠢᠨ ᠬᠠᠮᠠᠭᠠᠯᠠᠭᠴᠢ ᠲᠠᠢ ᠪᠢᠴᠢᠭ ᠤᠨ ᠭᠡᠷ᠎ᠡ ᠲᠣᠭᠲᠠᠭᠠᠬᠤ ᠬᠡᠷᠡᠭᠲᠡᠶ᠃ ᠬᠤᠶᠠᠷ ᠡᠲᠡᠭᠡᠳ ᠤᠨ | ᠡᠷᠬᠡ ᠡᠭᠦᠷᠭᠡ ᠶᠢ ᠪᠣᠯᠵᠣᠨ ᠲᠣᠭᠲᠠᠭᠰᠠᠨ᠃ ᠳᠠᠭᠠᠳᠬᠠᠯ ᠬᠦᠯᠢᠶᠡᠬᠦ ᠪᠠᠶᠢᠭᠤᠯᠤᠮᠵᠢ ᠨᠢ ᠬᠠᠪᠰᠤᠷᠤᠨ | ᠬᠠᠮᠢᠶᠠᠷᠤᠭᠴᠢ ᠳᠤ ᠵᠣᠬᠢᠬᠤ ᠵᠠᠷᠤᠳᠠᠯ ᠥᠭᠴᠦ ᠪᠣᠯᠤᠨ᠎ᠠ᠂ ᠪᠣᠳᠠᠲᠠᠶ ᠪᠠᠷᠢᠮᠵᠢᠶ᠎ᠠ ᠶᠢ ᠬᠤᠶᠠᠷ ᠲᠠᠯ᠎ᠠ ᠪᠠᠷ ᠢᠶᠠᠨ | ᠵᠥᠪᠳᠡᠯᠴᠡᠨ ᠲᠣᠭᠲᠠᠨ᠎ᠠ᠂ ᠭᠡᠬᠦ ᠳᠡᠭᠡᠨ ᠵᠠᠷᠴᠢᠮ ᠳᠡᠭᠡᠷ᠎ᠡ ᠪᠠᠨ ᠲᠤᠬᠠᠶ ᠶᠢᠨ ᠭᠠᠵᠠᠷ ᠤᠨ ᠨᠡᠶᠢᠲᠡ ᠶᠢᠨ | ᠠᠰᠠᠷᠠᠮᠵᠢ ᠶᠢᠨ ᠴᠢᠨᠠᠷᠲᠠᠶ ᠠᠵᠢᠯ ᠤᠨ ᠪᠠᠶᠢᠷᠢ ᠶᠢᠨ ᠳᠤᠮᠳᠠᠴᠢ ᠬᠥᠯᠥᠰᠥ ᠣᠯᠭᠤᠮᠵᠢ ᠠᠴᠠ ᠬᠡᠲᠦᠷᠡᠭᠦᠯᠵᠦ ᠪᠣᠯᠬᠤ | ᠦᠭᠡᠶ᠃ ᠳᠠᠭᠠᠳᠬᠠᠯ ᠤᠨ ᠪᠠᠶᠢᠭᠤᠯᠤᠮᠵᠢ ᠨᠢ ᠳᠠᠭᠠᠳᠬᠠᠯ ᠳᠤ ᠣᠷᠣᠯᠴᠠᠭᠴᠢ ᠶᠢᠨ ᠲᠤᠬᠠᠶᠢᠯᠠᠭᠰᠠᠨ ᠠᠵᠢᠯ ᠤᠨ | ᠪᠣᠯᠪᠠᠰᠤᠷᠠᠭᠤᠯᠤᠯ ᠢ ᠴᠢᠩᠭᠠᠳᠬᠠᠵᠤ᠂ ᠬᠠᠪᠰᠤᠷᠤᠨ ᠬᠢᠭᠴᠢ ᠶᠢᠨ ᠬᠠᠪᠰᠤᠷᠤᠨ ᠭᠦᠢᠴᠡᠳᠬᠡᠬᠦ ᠦᠢᠯᠡ | ᠠᠵᠢᠯᠯᠠᠭ᠎ᠠ ᠳᠤ ᠬᠠᠷᠢᠭᠤᠴᠠᠨ᠂ ᠰᠤᠮᠤ ᠪᠠᠯᠭᠠᠰᠤ ᠲᠠᠯᠠᠪᠠᠶ ᠵᠢᠴᠢ ᠲᠡᠭᠦᠨ ᠠᠴᠠ ᠳᠡᠭᠡᠭᠰᠢᠬᠢ ᠲᠠᠷᠢᠶᠠᠯᠠᠩ ᠤᠨ | ᠳᠠᠭᠠᠳᠬᠠᠯ ᠤᠨ ᠬᠠᠮᠵᠢᠯᠴᠠᠨ ᠭᠦᠢᠴᠡᠳᠬᠡᠬᠦ ᠲᠤᠬᠠᠶᠢᠯᠠᠭᠰᠠᠨ ᠠᠵᠢᠯ ᠢ ᠳᠡᠭᠡᠳᠦ ᠱᠠᠲᠤᠨ ᠤ ᠰᠠᠯᠠᠭ᠎ᠠ ᠮᠥᠴᠢᠷ ᠤᠨ | ᠬᠠᠮᠢᠶ᠎ᠠ ᠪᠦᠬᠦᠢ ᠲᠣᠭᠲᠠᠭᠠᠯ ᠶᠣᠰᠣᠭᠠᠷ ᠨᠠᠶᠢᠳᠠᠪᠤᠷᠢᠵᠢᠭᠤᠯᠬᠤ ᠬᠡᠷᠡᠭᠲᠡᠶ᠃ | ᠳᠣᠯᠤᠭ᠎ᠠ᠂ ᠪᠠᠲᠤᠯᠠᠬᠤ ᠠᠷᠭ᠎ᠠ ᠬᠡᠮᠵᠢᠶ᠎ᠡ | ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠤᠨ ᠨᠥᠬᠦᠪᠥᠷᠢ ᠶᠢᠨ ᠲᠥᠷᠥ ᠶᠢᠨ ᠪᠣᠳᠣᠯᠭ᠎ᠠ ᠪᠣᠯ ᠤᠯᠤᠰ ᠤᠨ | ᠠᠮᠤ ᠪᠤᠳᠠᠭᠠᠨ ᠤ ᠠᠮᠤᠷ ᠲᠦᠪᠰᠢᠨ ᠳᠤ ᠨᠡᠯᠢᠶᠡᠳ ᠴᠢᠩᠭ᠎ᠠ ᠮᠡᠷᠭᠡᠵᠢᠯ ᠤᠨ ᠴᠢᠨᠠᠷᠲᠠᠶ ᠲᠠᠷᠢᠶᠠᠯᠠᠩ ᠢ ᠳᠡᠮᠵᠢᠵᠦ | ᠲᠠᠷᠢᠶᠠᠴᠢᠳ ᠲᠤ ᠠᠰᠢᠭ ᠬᠦᠷᠲᠡᠭᠡᠬᠦ ᠴᠢᠬᠤᠯᠠ ᠲᠥᠷᠥ ᠶᠢᠨ ᠪᠣᠳᠣᠯᠭ᠎ᠠ ᠶᠢᠨ ᠨᠢᠭᠡ ᠪᠣᠯᠤᠨ᠎ᠠ᠂ ᠡᠯ᠎ᠡ ᠰᠤᠮᠤ | ᠪᠠᠯᠭᠠᠰᠤ ᠲᠠᠯᠠᠪᠠᠶ᠂ ᠬᠠᠮᠢᠶ᠎ᠠ ᠪᠥᠬᠦᠶ ᠰᠠᠯᠠᠭ᠎ᠠ ᠮᠥᠴᠢᠷ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠵᠣᠬᠢᠶᠠᠨ | ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠨ᠂ ᠭᠠᠵᠠᠷ ᠣᠷᠣᠨ ᠤ ᠪᠠᠶᠢᠳᠠᠯ ᠳᠠᠭᠠᠨ ᠳᠣᠭᠢᠷᠠᠭᠤᠯᠤᠨ | ᠪᠦᠲᠦᠮᠵᠢᠲᠡᠶ ᠠᠷᠭ᠎ᠠ ᠬᠡᠮᠵᠢᠶ᠎ᠡ ᠠᠪᠴᠤ᠂ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠤᠨ ᠨᠥᠬᠦᠪᠥᠷᠢ ᠶᠢᠨ | ᠠᠵᠢᠯ ᠤᠨ ᠤᠷᠤᠭᠰᠢᠲᠠᠶ ᠥᠷᠨᠢᠬᠦ ᠶᠢ ᠠᠬᠢᠭᠤᠯᠬᠤ ᠬᠡᠷᠡᠭᠲᠡᠶ᠃ | ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠬᠤ ᠬᠡᠷᠡᠭᠲᠡᠶ᠃ ᠡᠯ᠎ᠡ ᠬᠠᠮᠢᠶ᠎ᠠ | ᠪᠦᠬᠦᠢ ᠨᠢᠭᠡᠴᠡ ᠪᠣᠯᠤᠨ ᠰᠤᠮᠤ ᠪᠠᠯᠭᠠᠰᠤ ᠲᠠᠯᠠᠪᠠᠢ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠤᠨ ᠨᠥᠬᠦᠪᠦᠷᠢ | ᠣᠯᠭᠤᠬᠤ ᠠᠵᠢᠯ ᠢ ᠴᠢᠩᠭ᠎ᠠ ᠠᠳᠬᠤᠵᠤ᠂ ᠰᠠᠶᠢᠲᠤᠷ ᠠᠳᠬᠤᠵᠤ᠂ ᠪᠣᠳᠠᠲᠠᠢ ᠠᠳᠬᠤᠬᠤ ᠬᠡᠷᠡᠭᠲᠡᠢ᠃ ᠲᠤᠰ | ᠭᠠᠵᠠᠷ ᠤᠨ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠠᠵᠢᠯ ᠤᠨ ᠳᠤᠮᠳᠠ ᠢᠯᠡᠷᠡᠭᠰᠡᠨ | ᠰᠢᠨ᠎ᠡ ᠪᠠᠶᠢᠳᠠᠯ᠂ ᠰᠢᠨ᠎ᠡ ᠠᠰᠠᠭᠤᠳᠠᠯ ᠢ ᠰᠤᠳᠤᠯᠤᠨ ᠰᠢᠶ᠋ᠳᠪᠦᠷᠢᠯᠡᠬᠦ ᠶᠢᠨ ᠬᠠᠮᠲᠤ ᠠᠵᠢᠯ ᠤᠨ ᠪᠠᠶᠢᠳᠠᠯ ᠢᠶᠠᠨ ᠴᠠᠭ | ᠲᠤᠬᠠᠶ ᠳᠤᠨᠢ ᠳᠡᠭᠡᠭᠰᠢ ᠮᠡᠳᠡᠭᠦᠯᠬᠦ ᠬᠡᠷᠡᠭᠲᠡᠶ᠃ ᠵᠠᠰᠠᠭ ᠤᠨ ᠣᠷᠳᠣᠨ ᠨᠢ ᠬᠠᠮᠢᠶ᠎ᠠ ᠪᠥᠬᠦᠶ ᠰᠠᠯᠠᠭ᠎ᠠ ᠮᠥᠴᠢᠷ ᠪᠠ | ᠳᠠᠭᠠᠳᠬᠠᠯ ᠤᠨ ᠭᠠᠷᠲᠠᠨ ᠭᠦᠢᠴᠡᠳᠭᠡᠬᠦ ᠪᠠᠶᠢᠭᠤᠯᠤᠮᠵᠢ ᠶᠢᠨ ᠲᠠᠷᠢᠶᠠᠯᠠᠩ ᠤᠨ ᠳᠠᠭᠠᠳᠬᠠᠯ ᠤᠨ ᠠᠵᠢᠯ ᠤᠨ ᠳᠤᠮᠳᠠᠬᠢ | ᠬᠠᠷᠢᠴᠠᠭ᠎ᠠ ᠶᠢ ᠬᠠᠷᠢᠭᠤᠴᠠᠨ ᠰᠠᠶᠢᠲᠤᠷ ᠰᠢᠢᠳᠪᠦᠷᠢᠯᠡᠵᠦ᠂ ᠡᠯ᠎ᠡ ᠰᠤᠮᠤ ᠪᠠᠯᠭᠠᠰᠤ ︵ᠲᠠᠯᠠᠪᠠᠶ︶ ᠶᠢ ᠴᠢᠩᠭ᠎ᠠ | ᠴᠠᠭᠠᠵᠠᠯᠠᠨ᠎ᠠ᠃︶ ᠪᠣᠯᠤᠨ ᠡᠯ᠎ᠡ ᠰᠠᠯᠠᠭ᠎ᠠ ᠮᠥᠴᠢᠷ ᠢ ᠣᠷᠣᠭᠤᠯᠤᠨ ᠠᠪᠴᠢᠷᠠᠵᠤ ᠵᠠᠭᠤᠴᠢ ᠪᠠᠶᠢᠭᠤᠯᠤᠮᠵᠢ ᠨᠤᠭᠤᠳ | ᠲᠠᠷᠢᠶᠠᠴᠢᠨ ᠮᠠᠯᠴᠢᠳ ᠪᠣᠯᠤᠨ ᠡᠷᠬᠢᠯᠡᠨ ᠭᠦᠢᠴᠡᠳᠬᠡᠬᠦ ᠪᠠᠶᠢᠭᠤᠯᠤᠮᠵᠢ ᠶᠢᠨ ᠡᠳ᠋ ᠤᠨ ᠵᠠᠰᠠᠭ ᠠᠴᠠ ᠲᠠᠷᠢᠶᠠᠯᠠᠩ ᠤᠨ | ᠳᠠᠭᠠᠳᠬᠠᠯ ᠤᠨ ᠵᠦᠢᠯ ᠳᠤ ᠨᠥᠬᠦᠪᠥᠷᠢ ᠥᠭᠬᠦ ᠭᠡᠷ᠎ᠡ ᠲᠣᠭᠲᠠᠬᠤ ᠵᠡᠷᠭᠡ ᠬᠤᠯᠪᠣᠭᠳᠠᠯ ᠪᠦᠬᠦᠢ ᠤᠴᠢᠷ ᠢ | ᠭᠦᠢᠴᠡᠳᠬᠡᠬᠦ ᠬᠡᠷᠡᠭᠲᠡᠶ᠃ | ︵ᠬᠤᠶᠠᠷ︶ ᠰᠠᠯᠠᠭ᠎ᠠ ᠮᠥᠴᠢᠷ ᠠᠵᠢᠯ ᠬᠤᠪᠢᠶᠠᠨ ᠬᠠᠮᠲᠤᠷᠠᠨ ᠠᠵᠢᠯᠯᠠᠬᠤ ᠬᠡᠷᠡᠭᠳᠡᠢ᠃ ᠡᠯ᠎ᠡ ᠰᠠᠯᠠᠭ᠎ᠠ ᠮᠥᠴᠢᠷ | ᠲᠤᠰ ᠲᠤᠰ ᠤᠨ ᠡᠭᠦᠷᠭᠡ ᠲᠤᠰᠢᠶᠠᠯ ᠢᠶᠠᠨ ᠭᠦᠢᠴᠡᠳᠬᠡᠵᠦ᠂ ᠨᠢᠭᠲᠠ ᠬᠠᠮᠵᠢᠯᠴᠠᠨ᠂ ᠲᠠᠷᠢᠶᠠᠯᠠᠩ ᠤᠨ | ᠳᠠᠭᠠᠳᠬᠠᠯ ᠤᠨ ᠵᠠᠷᠤᠳᠠᠯ ᠳᠤ ᠨᠥᠬᠦᠪᠥᠷᠢ ᠥᠭᠬᠦ ᠠᠵᠢᠯ ᠤᠨ ᠨᠠᠶᠢᠳᠠᠪᠤᠷᠢᠵᠢᠭᠤᠯᠤᠯᠲᠠ ᠶᠢ ᠬᠠᠮᠲᠤᠪᠠᠷ ᠲᠦᠯᠬᠢᠨ | ᠠᠬᠢᠭᠤᠯᠬᠤ ᠬᠡᠷᠡᠭᠲᠡᠶ᠃ ᠲᠠᠷᠢᠶᠠᠯᠠᠩ ᠮᠠᠯ ᠠᠵᠤ ᠠᠬᠤᠶ ᠶᠢᠨ ᠲᠣᠪᠴᠢᠶ᠎ᠠ ᠲᠦᠷᠦᠭᠦᠯᠡᠨ ᠬᠢᠬᠦ ᠦᠢᠯᠡᠳᠦᠯ ᠢᠶᠠᠨ | ᠪᠠᠳᠠᠷᠠᠭᠤᠯᠵᠤ᠂ ᠲᠠᠷᠢᠶᠠᠯᠠᠩ ᠤᠨ ᠳᠠᠭᠠᠳᠬᠠᠯ ᠤᠨ ᠵᠠᠷᠤᠳᠠᠯ ᠤᠨ ᠤᠳᠤᠷᠢᠳᠬᠤ ᠳᠤᠭᠤᠶᠢᠯᠠᠩ ᠤᠨ ᠠᠵᠢᠯ ᠤᠨ | ᠡᠭᠦᠷᠭᠡ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠂ ᠳᠠᠭᠠᠳᠬᠠᠯ ᠤᠨ ᠵᠠᠷᠤᠳᠠᠯ ᠤᠨ ᠨᠥᠬᠦᠪᠥᠷᠢ ᠶᠢᠨ ᠲᠥᠷᠥ ᠶᠢᠨ | ᠪᠣᠳᠣᠯᠭ᠎ᠠ ᠶᠢ ᠲᠡᠭᠦᠯᠳᠡᠷᠵᠢᠭᠦᠯᠬᠦ ᠶᠢᠨ ᠬᠠᠮᠲᠤ ᠲᠤᠰᠬᠠᠶ ᠮᠡᠷᠭᠡᠵᠢᠯ ᠤᠨ ᠳᠠᠪᠠᠭᠤᠯᠢᠭ ᠢᠶᠠᠨ ᠪᠠᠳᠠᠷᠠᠭᠤᠯᠵᠤ᠂ ᠮᠠᠯᠵᠢᠬᠤ | ᠲᠠᠷᠢᠶᠠᠯᠠᠬᠤ ᠡᠷᠦᠬᠡ ᠪᠠ ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ ᠪᠠᠶᠢᠭᠤᠯᠤᠮᠵᠢ ᠳᠤ ᠲᠤᠰᠬᠠᠶ | ᠮᠡᠷᠭᠡᠵᠢᠯ ᠤᠨ ᠳᠡᠮᠵᠢᠯᠭᠡ ᠬᠠᠩᠭᠠᠬᠤ ᠬᠡᠷᠡᠭᠲᠡᠶ᠃ ᠡᠳ᠋ ᠤᠨ ᠵᠠᠰᠠᠭ ᠤᠨ ᠲᠣᠪᠴᠢᠶ᠎ᠠ ᠨᠥᠬᠦᠪᠥᠷᠢ ᠪᠡᠯᠡ ᠮᠥᠩᠭᠦ ᠶᠢ | ᠰᠠᠯᠭᠠᠨ ᠥᠭᠬᠦ ᠶᠢ ᠵᠢᠷᠤᠮᠵᠢᠭᠤᠯᠵᠤ᠂ ᠨᠥᠬᠦᠪᠥᠷᠢ ᠪᠡᠯᠡ ᠮᠥᠩᠭᠦ ᠶᠢᠨ ᠬᠠᠮᠢᠶᠠᠷᠤᠯᠲᠠ ᠪᠠ ᠬᠢᠨᠠᠯᠲᠠ | ᠬᠠᠮᠢᠶᠠᠷᠤᠯᠲᠠ ᠶᠢ ᠴᠢᠩᠭᠠᠳᠬᠠᠵᠤ᠂ ᠨᠥᠬᠦᠪᠥᠷᠢ ᠪᠡᠯᠡ ᠮᠥᠩᠭᠦ ᠶᠢ ᠴᠠᠭ ᠲᠤᠬᠠᠶ ᠳᠤᠨᠢ ᠭᠦᠢᠴᠡᠳ ᠲᠤᠭ᠎ᠠ ᠪᠠᠷ | ᠪᠣᠳᠠᠲᠠᠶᠢᠵᠢᠭᠤᠯᠬᠤ ᠶᠢ ᠦᠨᠡᠨᠬᠦ ᠪᠠᠲᠤᠯᠠᠬᠤ ᠬᠡᠷᠡᠭᠲᠡᠶ᠃ ᠴᠠᠭ ᠠᠭᠤᠷ ᠤᠨ ᠲᠣᠪᠴᠢᠶ᠎ᠠ ᠴᠠᠭ ᠠᠭᠤᠷ ᠤᠨ ᠮᠠᠲ᠋ᠧᠷᠢᠶᠠᠯ | ᠢᠯᠠᠩᠭᠤᠶ᠎ᠠ ᠭᠠᠮᠰᠢᠭ ᠤᠨ ᠴᠢᠨᠠᠷᠲᠠᠶ ᠴᠠᠭ ᠠᠭᠤᠷ ᠤᠨ ᠰᠡᠷᠡᠮᠵᠢᠯᠡᠭᠦᠯᠬᠦ ᠮᠡᠳᠡᠭᠡ ᠵᠠᠩᠭᠢ ᠶᠢ ᠴᠠᠭ ᠲᠤᠬᠠᠶ ᠳᠤᠨᠢ | ᠬᠠᠩᠭᠠᠵᠤ᠂ ᠳᠠᠭᠠᠳᠬᠠᠯ ᠤᠨ ᠶᠠᠪᠤᠳᠠᠯ ᠢ ᠡᠷᠬᠢᠯᠡᠨ ᠭᠦᠢᠴᠡᠳᠬᠡᠬᠦ ᠪᠠᠶᠢᠭᠤᠯᠤᠮᠵᠢ ᠲᠠᠢ ᠬᠠᠮᠵᠢᠯᠴᠠᠨ ᠳᠠᠭᠠᠳᠬᠠᠯ ᠳᠤ | ᠣᠷᠣᠯᠴᠠᠭᠰᠠᠨ ᠲᠠᠷᠢᠮᠠᠯ ᠤᠨ ᠭᠠᠮᠰᠢᠭ ᠤᠨ ᠪᠠᠶᠢᠳᠠᠯ ᠢ ᠦᠨᠡᠯᠡᠨ ᠵᠢᠱᠢᠬᠦ ᠪᠠ ᠭᠠᠮᠰᠢᠭ ᠤᠨ ᠲᠤᠭ᠎ᠠ ᠪᠠᠷᠢᠮᠲᠠ ᠶᠢ | ᠬᠡᠮᠵᠢᠨ ᠲᠣᠭᠲᠠᠭᠠᠬᠤ ᠳᠤ ᠬᠠᠮᠢᠶ᠎ᠠ ᠪᠦᠬᠦᠢ ᠦᠨᠳᠦᠰᠦᠯᠡᠯ ᠬᠠᠩᠭᠠᠵᠤ᠂ ᠲᠠᠷᠢᠶᠠᠯᠠᠩ ᠮᠠᠯ ᠠᠵᠤ ᠠᠬᠤᠶ ᠶᠢᠨ | ᠦᠢᠯᠡᠳᠪᠦᠷᠢᠯᠡᠯ ᠤᠨ ᠭᠠᠮᠰᠢᠭ ᠢ ᠰᠡᠷᠡᠮᠵᠢᠯᠡᠭᠦᠯᠬᠦ ᠲᠣᠭᠲᠠᠴᠠ ᠶᠢ ᠲᠡᠭᠦᠯᠳᠡᠷᠵᠢᠭᠦᠯᠬᠦ ᠪᠠ ᠭᠠᠮᠰᠢᠭ ᠢ ᠰᠡᠷᠭᠡᠶᠢᠯᠡᠵᠦ | ᠬᠤᠬᠢᠷᠠᠯ ᠢ ᠪᠠᠭᠠᠰᠬᠠᠬᠤ ᠠᠵᠢᠯ ᠢ ᠥᠷᠨᠢᠭᠦᠯᠬᠦ ᠬᠡᠷᠡᠭᠲᠡᠶ᠃ ᠣᠶ ᠰᠢᠭᠤᠶ ᠡᠪᠡᠰᠦ ᠪᠡᠯᠴᠢᠭᠡᠷ ᠤᠨ ᠲᠣᠪᠴᠢᠶ᠎ᠠ ᠠᠵᠢᠯ | ᠲᠥᠷᠥᠯ ᠤᠨ ᠵᠢᠯᠣᠭᠤᠳᠣᠯᠭ᠎ᠠ ᠪᠠ ᠬᠢᠨᠠᠯᠲᠠ ᠲᠠᠯᠪᠢᠯᠲᠠ ᠶᠢ ᠰᠠᠶᠢᠲᠤᠷ ᠬᠢᠵᠦ᠂ ᠣᠶ ᠰᠢᠭᠤᠶ ᠡᠪᠡᠰᠦ ᠪᠡᠯᠴᠢᠭᠡᠷ ᠤᠨ | ᠭᠠᠮᠰᠢᠭ ᠢ ᠰᠡᠷᠭᠡᠶᠢᠯᠡᠨ ᠵᠠᠰᠠᠬᠤ ᠵᠣᠬᠢᠶᠠᠨ ᠪᠠᠶᠢᠭᠤᠯᠤᠯᠲᠠ ᠶᠢᠨ ᠰᠢᠰᠲ᠋ᠧᠮᠵᠢ ᠶᠢᠨ ᠦᠶ᠋ᠯᠡᠳᠦᠯ ᠢ ᠭᠦᠶ᠋ᠴᠡᠳ | ᠪᠠᠳᠠᠷᠠᠭᠤᠯᠤᠨ᠂ ᠭᠠᠮᠰᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠲᠤᠰᠬᠠᠶ ᠮᠡᠷᠭᠡᠵᠢᠯ ᠤᠨ ᠳᠠᠪᠠᠭᠤᠯᠢᠭ ᠢ | ᠰᠠᠶᠢᠲᠤᠷ ᠪᠠᠳᠠᠷᠠᠭᠤᠯᠵᠤ᠂ ᠭᠠᠮᠰᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠴᠢᠩᠭᠠᠳᠬᠠᠨ᠂ ᠣᠶ ᠰᠢᠭᠤᠶ ᠪᠠ | ᠨᠤᠲᠤᠭ ᠪᠡᠯᠴᠢᠭᠡᠷ ᠤᠨ ᠭᠠᠯ ᠰᠡᠷᠭᠡᠶᠢᠯᠡᠬᠦ᠂ ᠣᠶ ᠰᠢᠭᠤᠶ ᠡᠪᠡᠰᠦ ᠪᠡᠯᠴᠢᠭᠡᠷ ᠤᠨ ᠬᠥᠨᠥᠭᠡᠯᠲᠡᠶ ᠠᠮᠢᠳᠤ ᠪᠣᠳᠠᠰ ᠢ | ᠰᠡᠷᠭᠡᠶᠢᠯᠡᠨ ᠵᠠᠰᠠᠬᠤ ᠵᠡᠷᠭᠡ ᠠᠵᠢᠯ ᠢ ᠰᠠᠶᠢᠲᠤᠷ ᠬᠢᠵᠦ᠂ ᠭᠠᠷᠲᠠᠨ ᠭᠦᠶ᠋ᠴᠡᠳᠬᠡᠬᠦ ᠪᠠᠶᠢᠭᠤᠯᠤᠮᠵᠢ ᠳᠤ ᠴᠠᠭ | ᠲᠤᠬᠠᠶ ᠳᠤᠨᠢ ᠬᠠᠮᠢᠶ᠎ᠠ ᠪᠥᠬᠦᠶ ᠦᠶ᠋ᠯᠡᠴᠢᠯᠡᠭᠡ ᠬᠠᠩᠭᠠᠵᠤ᠂ ᠣᠶ ᠰᠢᠭᠤᠶ ᠡᠪᠡᠰᠦ ᠪᠡᠯᠴᠢᠭᠡᠷ ᠤᠨ ᠬᠤᠯᠪᠣᠭᠳᠠᠯ ᠪᠥᠬᠦᠶ | ᠲᠦᠷᠢᠮ᠂ ᠮᠡᠷᠭᠡᠵᠢᠯ ᠤᠨ ᠵᠢᠷᠤᠮᠵᠢᠯ ᠪᠠ ᠪᠠᠷᠢᠮᠵᠢᠶ᠎ᠠ ᠶᠢ ᠲᠣᠭᠲᠠᠭᠠᠨ᠂ ᠭᠠᠮᠰᠢᠭ ᠤᠨ ᠳᠠᠷᠠᠭᠠᠬᠢ ᠵᠠᠰᠠᠯᠲᠠ ᠬᠢᠭᠡᠳ | ᠤᠷᠭᠤᠮᠠᠯ ᠤᠨ ᠬᠤᠴᠢᠯᠭ᠎ᠠ ᠶᠢ ᠰᠡᠷᠭᠦᠭᠡᠬᠦ ᠡᠭᠦᠷᠭᠡ ᠶᠢ ᠪᠡᠶᠡᠯᠡᠭᠦᠯᠬᠦ ᠬᠡᠷᠡᠭᠲᠡᠶ᠃ ᠤᠯᠤᠰ ᠤᠨ ᠮᠦᠩᠬᠦᠨ | ᠬᠦᠢᠯᠭᠡᠭᠡᠨ ᠤ ᠬᠢᠨᠠᠯᠳᠠ ᠬᠠᠮᠢᠶᠠᠷᠤᠯᠳᠠ ᠶᠢᠨ ᠶᠡᠷᠦᠩᠬᠡᠢ ᠲᠤᠪᠴᠢᠶ᠎ᠠ ᠶᠢᠨ ᠬᠤᠷᠴᠢᠨ ᠵᠡᠬᠦᠨ ᠭᠠᠷᠤᠨ ᠬᠤᠶᠢᠳᠤ ᠶᠢᠨ | ᠬᠢᠨᠠᠯᠳᠠ ᠬᠠᠮᠢᠶᠠᠷᠤᠯᠳᠠ ᠶᠢᠨ ᠰᠠᠯᠪᠤᠷᠢ ᠲᠤᠪᠴᠢᠶ᠎ᠠ ᠲᠠᠷᠢᠶᠠᠯᠠᠩ ᠤᠨ ᠲᠠᠭᠠᠳᠬᠠᠯ ᠤᠨ ᠲᠤᠬᠠᠶᠢᠯᠠᠬᠰᠠᠨ ᠠᠵᠢᠯ ᠤᠨ | ᠬᠢᠨᠠᠯᠳᠠ ᠬᠠᠮᠢᠶᠠᠷᠤᠯᠳᠠ ᠶᠢ ᠴᠢᠩᠭᠠᠳᠬᠠᠵᠤ᠂ ᠬᠢᠨᠠᠯᠳᠠ ᠬᠠᠮᠢᠶᠠᠷᠤᠯᠳᠠ ᠶᠢᠨ ᠲᠦᠷᠢᠮ ᠢ ᠲᠠᠰᠤᠷᠠᠯᠳᠠ ᠦᠭᠡᠢ | ᠲᠡᠬᠦᠯᠳᠡᠷᠵᠢᠬᠦᠯᠵᠤ᠂ ᠲᠤᠬᠠᠢ ᠶᠢᠨ ᠵᠢᠯ ᠤᠨ ᠲᠠᠷᠢᠶᠠᠯᠠᠩ ᠤᠨ ᠲᠠᠭᠠᠳᠬᠠᠯ ᠤᠨ ᠪᠠᠶᠢᠴᠠᠭᠠᠯᠳᠠ ᠶᠢᠨ ᠠᠵᠢᠯ | ᠦᠷᠨᠢᠬᠦᠯᠦᠭᠰᠡᠨ ᠪᠠᠶᠢᠳᠠᠯ ᠢ ᠮᠡᠳᠡᠭᠡᠯᠡᠬᠦ ᠬᠡᠷᠡᠭᠳᠡᠢ᠃ | ︵ᠭᠤᠷᠪᠠ︶ ᠨᠥᠬᠦᠪᠥᠷᠢ ᠪᠡᠯᠡ ᠮᠥᠩᠭᠦ ᠶᠢ ᠥᠭᠬᠦ ᠪᠠᠨ ᠲᠦᠷᠭᠡᠳᠭᠡᠬᠦ ᠬᠡᠷᠡᠭᠲᠡᠶ᠃ ᠲᠠᠷᠢᠶᠠᠯᠠᠩ ᠮᠠᠯ ᠠᠵᠤ | ᠠᠬᠤᠶ᠂ ᠣᠶ ᠰᠢᠭᠤᠶ ᠪᠠ ᠨᠤᠲᠤᠭ ᠪᠡᠯᠴᠢᠭᠡᠷ ᠤᠨ ᠰᠠᠯᠠᠭ᠎ᠠ ᠮᠥᠴᠢᠷ ᠤᠳ ᠡᠯ᠎ᠡ ᠳᠠᠭᠠᠳᠬᠠᠯ ᠤᠨ | ᠪᠠᠶᠢᠭᠤᠯᠤᠮᠵᠢ ᠶᠢᠨ ᠲᠤᠰᠢᠶᠠᠭᠰᠠᠨ ᠱᠠᠭᠠᠷᠳᠠᠯᠭ᠎ᠠ ᠳᠤ ᠨᠡᠶᠢᠴᠡᠬᠦ ᠳᠠᠭᠠᠳᠬᠠᠯ ᠤᠨ ᠵᠠᠷᠤᠳᠠᠯ ᠤᠨ ᠨᠥᠬᠦᠪᠥᠷᠢ ᠶᠢᠨ | ᠪᠠᠯᠠ ᠮᠥᠩᠭᠦ ᠶᠢᠨ ᠭᠤᠶᠤᠴᠢᠯᠠᠯ ᠤᠨ ᠮᠠᠲ᠋ᠧᠷᠢᠶᠠᠯ ᠢ ᠦᠨᠳᠦᠰᠦᠯᠡᠨ ᠡᠳ᠋ ᠤᠨ ᠵᠠᠰᠠᠭ ᠤᠨ ᠲᠣᠪᠴᠢᠶ᠎ᠠ ᠳᠤ ᠪᠠᠯᠠ | ᠮᠥᠩᠭᠦ ᠶᠢᠨ ᠭᠤᠶᠤᠴᠢᠯᠠᠯ ᠳᠡᠪᠰᠢᠭᠦᠯᠵᠦ᠂ ᠡᠳ᠋ ᠤᠨ ᠵᠠᠰᠠᠭ ᠤᠨ ᠲᠣᠪᠴᠢᠶ᠎ᠠ ᠠᠴᠠ ᠲᠠᠷᠢᠶᠠᠯᠠᠩ ᠮᠠᠯ ᠠᠵᠤ ᠠᠬᠤᠶ᠂ | ᠣᠶ ᠰᠢᠭᠤᠶ ᠪᠠ ᠨᠤᠲᠤᠭ ᠪᠡᠯᠴᠢᠭᠡᠷ ᠤᠨ ᠰᠠᠯᠠᠭ᠎ᠠ ᠮᠥᠴᠢᠷ ᠤᠨ ᠲᠤᠰᠢᠶᠠᠭᠰᠠᠨ ᠱᠠᠭᠠᠷᠳᠠᠯᠭ᠎ᠠ ᠳᠤ ᠨᠡᠶᠢᠴᠡᠬᠦ | ᠳᠠᠭᠠᠳᠬᠠᠯ ᠤᠨ ᠵᠠᠷᠤᠳᠠᠯ ᠤᠨ ᠨᠥᠬᠦᠪᠥᠷᠢ ᠶᠢᠨ ᠪᠠᠯᠠ ᠮᠥᠩᠭᠦ ᠶᠢᠨ ᠭᠤᠶᠤᠴᠢᠯᠠᠯ ᠤᠨ ᠮᠠᠲ᠋ᠧᠷᠢᠶᠠᠯ ᠢ ᠭᠥᠯᠢᠶᠡᠨ | ᠠᠪᠤᠭᠰᠠᠨ ᠤ ᠳᠠᠷᠠᠭ᠎ᠠ᠂ ᠳᠠᠭᠠᠳᠬᠠᠯ ᠤᠨ ᠳᠠᠭᠠᠭᠠᠴᠢᠯᠠᠭᠰᠠᠨ ᠲᠤᠭ᠎ᠠ ᠪᠠᠷᠢᠮᠲᠠ ᠶᠢ ᠬᠢᠨᠠᠨ ᠬᠠᠷᠭᠤᠭᠤᠯᠬᠤ ᠵᠢᠴᠢ | ᠨᠥᠬᠦᠪᠥᠷᠢ ᠶᠢᠨ ᠪᠠᠯᠠ ᠮᠥᠩᠭᠦ ᠶᠢ ᠰᠠᠯᠭᠠᠨ ᠥᠭᠬᠦ ᠠᠵᠢᠯ ᠢ ᠨᠢᠭᠡ ᠤᠯᠠᠷᠢᠯ ᠤᠨ ᠳᠣᠲᠣᠷ᠎ᠠ ᠪᠡᠶᠡᠯᠡᠭᠦᠯᠬᠦ ᠬᠡᠷᠡᠭᠲᠡᠶ᠃ | ︵ᠲᠦᠷᠪᠡ︶ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠴᠢᠩᠭᠠᠳᠬᠠᠨ᠎ᠠ᠃ ᠡᠯ᠎ᠡ ᠰᠠᠯᠠᠭ᠎ᠠ ᠮᠥᠴᠢᠷ ᠤᠳ | ᠲᠥᠰᠦᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠪᠦᠬᠦ ᠲᠠᠯ᠎ᠠ ᠪᠠᠷ ᠬᠡᠷᠡᠭᠵᠢᠭᠦᠯᠬᠦ ᠬᠤᠯᠪᠣᠭᠳᠠᠯ ᠪᠦᠬᠦᠢ | ᠲᠣᠭᠲᠠᠭᠠᠯ ᠶᠣᠰᠣᠭᠠᠷ ᠠᠮᠵᠢᠯᠲᠠ ᠪᠦᠲᠦᠮᠵᠢ ᠶᠢ ᠥᠪᠡᠷ ᠲᠡᠭᠡᠨ ᠦᠨᠡᠯᠡᠬᠦ ᠬᠡᠷᠡᠭᠲᠡᠶ᠃ | ︵ᠲᠠᠪᠤ︶ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠶᠢ ᠴᠢᠩᠭᠠᠳᠬᠠᠬᠤ ᠬᠡᠷᠡᠭᠳᠡᠢ᠃ ᠡᠯ᠎ᠡ ᠳᠠᠭᠠᠳᠬᠠᠯ ᠤᠨ | ᠭᠠᠷᠲᠠᠨ ᠭᠦᠢᠴᠡᠳᠭᠡᠬᠦ ᠪᠠᠶᠢᠭᠤᠯᠤᠮᠵᠢ ᠲᠣᠰ ᠪᠡᠶ᠎ᠡ ᠶᠢᠨ ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠪᠠᠨ | ᠲᠠᠰᠤᠷᠠᠯᠲᠠ ᠥᠬᠡᠶ ᠴᠢᠩᠭᠠᠳᠬᠠᠵᠤ᠂ ᠲᠡᠷᠢᠭᠦᠨ ᠤ ᠮᠡᠷᠭᠡᠵᠢᠯ ᠪᠠ ᠠᠷᠭ᠎ᠠ ᠪᠠᠷᠢᠯ ᠢ ᠬᠡᠷᠡᠭᠯᠡᠨ᠂ ᠳᠠᠭᠠᠳᠬᠠᠯ ᠢ | ᠳᠠᠭᠠᠭᠠᠵᠤ ᠲᠥᠯᠥᠪᠦᠷᠢ ᠥᠭᠬᠦ ᠮᠡᠳᠡᠭᠡ ᠵᠠᠩᠭᠢᠴᠢᠯᠠᠯᠲᠠ ᠶᠢ ᠮᠡᠳᠡᠭᠡ ᠵᠠᠩᠭᠢᠴᠢᠯᠠᠯᠲᠠ ᠶᠢ ᠠᠬᠢᠭᠤᠯᠵᠤ᠂ ᠥᠪᠡᠷᠲᠡᠭᠡᠨ | ᠵᠠᠰᠠᠬᠤ ᠣᠷᠣᠨ ᠤ ᠲᠠᠷᠢᠶᠠᠯᠠᠩ ᠤᠨ ᠳᠠᠭᠠᠳᠬᠠᠯ ᠤᠨ ᠬᠠᠮᠢᠶᠠᠷᠤᠯᠲᠠ ᠶᠢᠨ ᠲᠠᠪᠴᠠᠩ ᠲᠠᠢ ᠢᠳᠡᠪᠬᠢᠲᠡᠶ ᠪᠠᠷ | ᠵᠣᠯᠭᠠᠭᠤᠯᠵᠤ᠂ ᠲᠤᠭ᠎ᠠ ᠪᠠᠷᠢᠮᠲᠠ ᠬᠦᠷᠭᠡᠬᠦ ᠶᠢᠨ ᠪᠦᠷᠢᠨ ᠪᠦᠲᠦᠨ ᠴᠢᠨᠠᠷ ᠪᠠ ᠴᠠᠭ ᠲᠤᠬᠠᠢᠢᠴᠢ ᠴᠢᠨᠠᠷ ᠢ ᠪᠠᠲᠤᠯᠠᠵᠤ | ᠂ ᠲᠠᠷᠢᠶᠠᠯᠠᠩ ᠤᠨ ᠳᠠᠭᠠᠳᠬᠠᠯ ᠤᠨ ᠳᠠᠭᠠᠳᠬᠠᠯ ᠬᠠᠷᠢᠭᠤᠴᠠᠵᠤ ᠲᠥᠯᠥᠪᠦᠷᠢ ᠥᠭᠬᠦ ᠶᠢ ᠡᠯᠧᠺᠳ᠋ᠷᠤᠨᠴᠢᠯᠠᠬᠤ ᠶᠢ ᠪᠥᠬᠦ | ᠲᠠᠯ᠎ᠠ ᠪᠠᠷ ᠬᠡᠷᠡᠭᠵᠢᠭᠦᠯᠵᠦ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠥᠷᠥ ᠶᠢᠨ ᠪᠣᠳᠣᠯᠭ᠎ᠠ ᠶᠢᠨ | ᠴᠢᠨᠠᠷᠲᠠᠶ ᠲᠠᠷᠢᠶᠠᠯᠠᠩ ᠤᠨ ᠳᠠᠭᠠᠳᠬᠠᠯ ᠤᠨ ᠨᠥᠬᠦᠪᠥᠷᠢ ᠬᠢᠭᠡᠳ ᠬᠠᠮᠢᠶᠠᠷᠤᠯᠲᠠ ᠶᠢᠨ ᠮᠡᠳᠡᠭᠡ ᠵᠠᠩᠭᠢ ᠶᠢᠨ | ᠲᠠᠪᠴᠠᠩ ᠲᠠᠢ ᠵᠣᠯᠭᠠᠭᠤᠯᠬᠤ ᠶᠢ ᠦᠨᠡᠨ ᠬᠦ ᠪᠠᠲᠤᠯᠠᠵᠤ᠂ ᠰᠦᠯᠵᠢᠶᠡᠨ ᠳᠡᠭᠡᠷᠡᠬᠢ ᠬᠢᠷᠢ ᠲᠦᠪᠰᠢᠨ ᠢ ᠲᠠᠰᠤᠷᠠᠯᠲᠠ | ᠥᠬᠡᠶ ᠳᠡᠭᠡᠭᠰᠢᠯᠡᠭᠦᠯᠬᠦ ᠬᠡᠷᠡᠭᠲᠡᠶ᠃ | | |