ᠮᠤᠩᠭᠤᠯ ᠦᠨᠳᠣᠰᠣᠳᠡᠨ ᠤ ᠡᠷᠲᠡ ᠲᠡᠭᠡᠲᠦ ᠦᠶ᠎ᠡ ᠠᠴᠠ ᠡᠬᠦᠳᠦᠨ ᠬᠡᠷᠡᠭᠯᠡᠭᠰᠡᠨ ᠪᠢᠯᠠᠭᠤ ᠪᠤᠯ ᠠᠪᠴᠦ | ᠶᠠᠪᠤᠬᠤ ᠳᠤ ᠬᠦᠩᠭᠡᠨ᠂ ᠡᠵᠡᠯᠡᠬᠦ ᠤᠷᠤ ᠪᠠᠭ᠎ᠠ ᠪᠠᠶᠢᠵᠦ᠂ ᠪᠡᠶ᠎ᠡ ᠪᠠᠨ ᠬᠠᠮᠠᠭᠠᠯᠠᠬᠤ ᠵᠡᠪᠰᠡᠭ ᠪᠤᠯᠵᠤ ᠬᠡᠷᠡᠭᠯᠡᠭᠳᠡᠭᠰᠡᠭᠡᠷ | ᠢᠷᠡᠭᠰᠡᠨ ᠶᠤᠮ᠃ ᠠᠳᠣᠭᠤ ᠮᠠᠯ ᠬᠠᠷᠢᠭᠤᠯᠬᠤ᠂ ᠠᠩ ᠬᠦᠷᠦᠭᠡ ᠠᠪᠠᠯᠠᠬᠤ᠂ ᠨᠠᠭᠠᠳᠣᠮ ᠲᠤᠭᠯᠠᠭᠠᠮ ᠤᠨ ᠪᠠᠭᠠᠵᠢ | ᠪᠠᠷ ᠠᠰᠢᠭᠯᠠᠨ ᠦᠶ᠎ᠡ ᠤᠯᠠᠮᠵᠢᠯᠠᠨ ᠬᠡᠷᠡᠭᠯᠡᠭᠰᠡᠭᠡᠷ ᠢᠷᠡᠭᠰᠡᠨ ᠮᠠᠯᠵᠢᠯ ᠨᠡᠬᠦᠳᠡᠯ ᠤᠨ ᠰᠣᠶᠣᠯ ᠪᠤᠯᠤᠨ᠎ᠠ᠃ ᠤᠳᠤᠬᠢ | ᠡᠷᠡᠨᠡ ᠣᠯᠢᠮᠫᠢᠺ ᠪᠠ ᠴᠡᠷᠢᠭ ᠤᠨ ᠬᠤᠯᠠ ᠰᠢᠳᠡᠯᠲᠡ ᠪᠤᠯᠤᠨ ᠭᠷᠠᠨᠠᠲ ᠰᠢᠳᠡᠯᠲᠡ ᠶᠢᠨ ᠤᠷᠤᠯᠳᠣᠭᠠᠨ ᠨᠢ | ᠮᠤᠩᠭᠤᠯᠴᠤᠳ ᠤᠨ ᠪᠢᠯᠠᠭᠤ ᠶᠢᠨ ᠤᠷᠤᠯᠳᠤᠭᠠᠨ ︵ᠴᠤᠬᠢᠬᠤ︶ ᠠᠴᠠ ᠡᠬᠦᠰᠦᠯᠲᠡᠢ ᠠᠴᠠ ᠪᠢᠯᠠᠭᠤ ᠨᠢ ᠮᠤᠩᠭᠤᠯ | ᠦᠨᠳᠦᠰᠦᠳᠡᠨ ᠤ ᠬᠦᠮᠥᠨ ᠲᠦᠷᠦᠯᠬᠢᠳᠡᠨ ᠤ ᠪᠤᠯᠪᠠᠰᠣᠨ ᠳᠤ ᠡᠷᠭᠦᠭᠰᠡᠨ ᠡᠭᠦᠳᠦᠨ ᠪᠦᠳᠦᠭᠡᠯᠲᠡ ᠮᠥᠨ᠃ | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠳᠤ ᠪᠢᠯᠠᠭᠤ ᠰᠢᠳᠡᠬᠦ ᠨᠠᠭᠠᠳᠤᠮ ᠤᠳᠤ ᠪᠤᠯᠳᠠᠯ᠎ᠠ | ᠦᠷᠭᠡᠨ ᠢᠶᠠᠷ ᠲᠠᠷᠬᠠᠨ ᠲᠡᠯᠭᠡᠷᠡᠭᠰᠡᠭᠡᠷ ᠪᠠᠶᠢᠵᠤ᠂ ᠶᠡᠭᠡ ᠪᠠᠭ᠎ᠠ ᠨᠠᠶᠢᠷ ᠨᠠᠭᠠᠳᠤᠮ ᠳᠤ ᠨᠢᠬᠡ ᠲᠦᠷᠦᠯ ᠵᠦᠢᠯ ᠪᠣᠯᠤᠨ | ᠲᠠᠰᠤᠷᠠᠯ ᠦᠬᠡᠢ ᠤᠷᠤᠯᠳᠤᠭᠰᠠᠭᠠᠷ ᠪᠠᠶᠢᠨ᠎ᠠ᠃ | ᠪᠢᠯᠠᠭᠤ ᠶᠢᠨ ᠲᠦᠷᠦᠯ ᠵᠦᠢᠯ | ᠬᠠᠶᠠᠮᠠᠯ ᠪᠢᠯᠠᠭᠤ — ᠪᠠᠶᠢᠭᠠᠯᠢᠯᠢᠭ ᠭᠤᠬᠢᠷ ᠤᠷᠭᠤᠭᠰᠠᠨ ᠬᠠᠶᠢᠯᠠᠰᠣ᠂ ᠲᠡᠯᠳᠦ᠂ ᠣᠳᠠᠨ ᠮᠣᠳᠣ ᠪᠠᠷ | ᠬᠢᠳᠡᠭ᠃ ᠠᠳᠬᠤ ᠠᠴᠠ ᠪᠦᠳᠦᠬᠦᠨ ᠰᠢᠭ ᠢ ᠡᠷᠢᠵᠦ ᠰᠣᠩᠭᠤᠭᠤᠳ ᠬᠠᠳᠠᠭᠠᠭᠰᠠᠨ ᠤ ᠲᠠᠷᠠᠭ᠎ᠠ ᠰᠦᠬᠡ᠂ | ᠬᠠᠳᠣᠭᠤᠷ᠂ ᠬᠠᠷᠤᠭᠤᠯ ᠢᠶᠠᠷ ᠴᠠᠪᠴᠢᠨ ᠭᠤᠬᠢᠷ ᠤᠨ ᠠᠷᠦ ᠲᠠᠯ᠎ᠠ ︵ᠨᠢᠷᠤᠭᠤ︶ ᠶᠢ ᠦᠪᠦᠷ ᠲᠠᠯ᠎ᠠ ︵ᠭᠡᠳᠡᠰᠦ︶ | ᠠᠴᠠ ᠨᠢᠮᠭᠡᠨ ᠰᠢᠭ ᠵᠠᠰᠠᠵᠦ ᠬᠠᠪᠳᠠᠭᠠᠶᠢᠷᠠᠭᠤᠯᠤᠨ᠂ ᠪᠠᠷᠢᠭᠤᠯ ︵ᠡᠰᠢ︶ ᠵᠦᠭ ᠲᠤ ᠪᠠᠨ ᠨᠠᠷᠢᠬᠠᠨ ᠢᠶᠠᠷ ᠵᠠᠰᠠᠵᠦ | ᠠᠳᠬᠤᠨ ᠪᠠᠷᠢᠬᠤ ᠳᠤ ᠡᠪ ᠲᠡᠮ ᠲᠠᠢ ᠪᠤᠯᠭᠠᠳᠠᠭ᠃ | ᠲᠤᠰ ᠪᠢᠯᠠᠭᠤ ᠶᠢᠨ ᠲᠠᠪᠠᠭᠤᠯᠢᠭ ᠲᠠᠯ᠎ᠠ ᠠᠪᠠᠯᠠᠬᠤ ᠳᠤ ᠠᠩ ᠬᠦᠷᠦᠭᠡ ᠶᠢ ᠰᠢᠳᠡᠵᠦ ᠴᠤᠬᠢᠪᠠᠯ ᠪᠢᠯᠠᠭᠤ ᠶᠢᠨ | ᠢᠷᠲᠦ ᠮᠦᠷᠦ ᠪᠠᠷ ᠠᠯᠠᠵᠦ ᠰᠢᠷᠬᠠᠳᠠᠭᠤᠯᠬᠤ ᠨᠢ ᠰᠠᠶᠢᠨ᠃ | ᠮᠠᠳᠠᠮᠠᠯ ᠪᠢᠯᠠᠭᠤ — ᠪᠦᠳᠦᠬᠦᠨ ᠨᠠᠷᠢᠨ ᠨᠢ ᠲᠡᠩᠴᠡᠯᠳᠦᠭᠰᠡᠨ ᠬᠠᠶᠢᠯᠠᠰᠣ᠂ ᠣᠳᠠ ︵ᠰᠠᠯᠠᠭ᠎ᠠ ᠪᠢᠰᠢ᠂ | ᠰᠠᠭᠤᠷᠢᠯᠢᠭ ᠣᠷᠭᠤᠭ᠎ᠠ︶ ᠶᠢ ᠰᠣᠩᠭᠤᠵᠦ᠂ ᠬᠦᠮᠥᠨ ᠤ ᠬᠦᠴᠦ ᠪᠠᠷ ᠮᠠᠳᠠᠵᠦ ᠭᠤᠬᠢᠷᠯᠠᠭᠰᠠᠨ ᠪᠢᠯᠠᠭᠤ᠃ | ᠲᠠᠪᠠᠭᠤᠯᠢᠭ ᠲᠠᠯ᠎ᠠ ᠨᠢ ᠰᠢᠳᠡᠪᠡᠯ ᠤᠨᠤᠪᠴᠢ ᠰᠠᠶᠢᠲᠠᠢ᠃ | ᠮᠤᠨᠠᠲᠦ ᠪᠢᠯᠠᠭᠤ — ᠪᠠᠶᠢᠭᠠᠯᠢᠯᠢᠭ ᠤᠷᠭᠤᠴᠠ ᠲᠠᠢ ᠬᠠᠶᠢᠯᠠᠰᠣ᠂ ᠣᠳᠠ᠂ ᠲᠠᠯᠲᠦ᠂ ᠬᠠᠷᠭᠠᠨ᠎ᠠ ︵ | ᠬᠦᠢᠯᠡᠰᠦᠨ ᠮᠤᠳᠦ︶ ᠶᠢ ᠡᠷᠢᠵᠦ ᠪᠢᠯᠡᠭᠤᠨ ᠲᠤᠯᠤᠭᠠᠢ ᠨᠢ ᠭᠠᠵᠠᠷ ᠲᠤ ᠪᠤᠯᠠᠭᠳᠠᠭᠠ ᠨᠢᠳᠤᠷᠭᠠᠨ ᠬᠢᠷᠢ ᠮᠤᠨᠠ ︵ | ᠯᠠᠩᠳᠦ︶ ᠲᠠᠢ ᠪᠢᠯᠠᠭᠤ᠃ | ᠲᠠᠪᠠᠭᠤᠯᠢᠭ ᠲᠠᠯ᠎ᠠ ᠨᠢ ᠰᠢᠳᠡᠯᠲᠡ ᠶᠢᠨ ᠵᠠᠢ ᠬᠤᠯᠠ᠂ ᠤᠨᠤᠪᠠᠯ ᠲᠣᠰᠣᠯᠲᠠ ᠶᠢᠨ ᠴᠡᠭ ᠲᠡᠵᠢᠭ ᠲᠤᠯᠠ ᠬᠦᠴᠦ | ᠲᠠᠢ᠃ | ᠠᠰᠬᠠᠨ ᠪᠢᠯᠠᠭᠤ — ᠦᠪᠡᠷ ᠤᠨ ᠬᠦᠴᠦ ᠲᠤᠷᠪᠢ ᠪᠠ ᠲᠤᠷ᠎ᠠ ᠰᠣᠨᠢᠷᠬᠠᠯ ᠠᠴᠠ ᠪᠠᠨ ᠪᠦᠳᠦᠬᠦᠨ ᠨᠠᠷᠢᠨ᠂ | ᠤᠷᠲᠦ ᠤᠬᠤᠷ ᠢ ᠨᠢ ᠲᠤᠬᠢᠷᠠᠭᠤᠯᠵᠦ ᠬᠠᠶᠢᠯᠠᠰᠣ᠂ ᠣᠳᠠ᠂ ᠲᠠᠯᠲᠦ ᠶᠢ ᠰᠣᠩᠭᠤᠵᠦ ᠬᠡᠷᠡᠭᠯᠡᠨ᠎ᠡ᠃ | ᠲᠠᠪᠠᠭᠤᠯᠢᠭ ᠲᠠᠯ᠎ᠠ ᠨᠢ ᠮᠠᠲ᠋ᠧᠷᠢᠶᠠᠯ ᠡᠯᠪᠡᠭ᠂ ᠵᠠᠰᠠᠵᠦ ᠵᠤᠬᠢᠶᠠᠬᠤ ᠶᠢᠨ ᠴᠢᠬᠤᠯᠠ ᠦᠬᠡᠢ᠃ ᠲᠤᠳᠠᠭᠳᠠᠯ ᠲᠠᠢ | ᠲᠠᠯ᠎ᠠ ᠨᠢ ᠤᠨᠤᠰᠢ ᠪᠠᠷ ᠠᠶᠠᠲᠠᠢ᠃ | ᠬᠤᠩᠭᠤ ᠪᠢᠯᠠᠭᠤ — ᠭᠤᠬᠢᠷ ᠪᠢᠯᠠᠭᠤ ᠶᠢᠨ ᠲᠤᠯᠤᠭᠠᠢ ᠶᠢᠨ ᠦᠵᠦᠭᠦᠷ ᠨᠢᠭᠡ ᠰᠡᠨᠲ᠋ᠢᠮᠧᠲᠷ ᠤᠨ ᠵᠠᠢ | ᠦᠯᠡᠳᠡᠭᠡᠵᠦ ᠨᠦᠬᠡ ᠴᠣᠭᠤᠯᠣᠨᠠ᠃ | ᠬᠡᠷᠢᠶ᠎ᠡ ᠪᠤᠶᠤ ᠱᠠᠭᠠᠵᠠᠭᠠᠢ ᠶᠢᠨ ᠦᠡᠳᠡᠭᠡᠨ ᠤ ᠪᠦᠳᠦᠬᠦᠨ ᠦᠵᠦᠭᠦᠷ ᠢ ᠬᠤᠷᠤᠭᠤ ᠬᠢᠷᠢ ᠠᠪᠴᠦ ᠰᠢᠩᠭᠡᠨ ᠢ | ᠨᠢ ᠭᠠᠷᠭᠠᠨ ᠠᠷᠢᠯᠭᠠᠭᠠᠳ ᠬᠡᠪ ᠪᠤᠯᠭᠠᠨ ᠭᠠᠵᠠᠷ ᠲᠤᠳᠤᠷᠠᠬᠢ ᠠᠮᠠᠰᠠᠷ ᠢ ᠨᠢ ᠵᠡᠷᠭᠡᠴᠡᠬᠦᠯᠥᠨ ᠲᠡᠭᠰᠢᠬᠡᠨ ᠪᠤᠯᠠᠨ᠎ᠠ᠃ | ᠣᠯᠣᠰᠣᠨ ᠣᠳᠠᠰᠣᠨ ᠬᠢᠷᠢ ᠲᠡᠮᠥᠷ ᠤᠳᠠᠰᠣ ᠶᠢ ᠮᠠᠳᠠᠵᠦ ︿Ω﹀ ᠬᠡᠯᠪᠡᠷᠢ ᠪᠠᠷ ᠦᠨᠳᠡᠭᠡᠨ ᠬᠠᠯᠢᠰᠦᠨ ᠠᠮᠠᠰᠠᠷ | ᠲᠤ ᠬᠦᠳᠡᠯᠥᠰᠢ ᠦᠬᠡᠢ ᠪᠠᠷ ᠤᠭᠰᠠᠷᠠᠵᠦ ᠲᠠᠯᠪᠢᠨ᠎ᠠ᠃ | ᠲᠤᠭᠤᠯᠭ᠎ᠠ ᠶᠢ ᠬᠠᠶᠢᠯᠤᠭᠤᠯᠵᠦ ᠦᠨᠳᠡᠭᠡᠨ ᠬᠠᠯᠢᠰᠦᠨ ᠲᠤᠳᠤᠷ᠎ᠠ ᠪᠠᠨ ᠴᠢᠳᠬᠤᠨ᠎ᠠ᠃ ᠦᠨᠳᠡᠭᠡᠨ ᠬᠠᠯᠢᠰᠦ | ᠲᠤᠭᠤᠯᠭᠠᠨ ᠤ ᠬᠠᠯᠠᠭᠤᠨ ᠳᠤ ᠰᠢᠳᠡᠵᠦ ᠰᠠᠷᠨᠢᠭᠰᠠᠨ ᠴᠦ ᠭᠠᠳᠠᠭᠤᠷ ᠨᠢ ᠬᠤᠮᠠᠭ ᠰᠢᠷᠦᠢ ᠪᠠᠶᠢᠬᠤ ᠲᠤᠯᠠ | ᠲᠤᠭᠤᠯᠭᠠᠨ ᠬᠠᠶᠢᠯᠤᠰᠢ ᠰᠡᠳᠡᠷᠡᠵᠦ ᠭᠤᠭᠤᠵᠢᠨ ᠲᠤᠳᠠᠭᠠᠬᠤ ᠦᠭᠡᠢ᠂ ᠲᠡᠮᠡᠢ ᠤᠳᠠᠯ ᠦᠬᠡᠢ ᠬᠦᠷᠦᠵᠦ | ᠬᠠᠳᠠᠭᠤᠷᠠᠭᠠᠳ ᠬᠡᠷᠢᠶ᠎ᠡ ᠱᠠᠭᠠᠵᠠᠭᠠᠢ ᠶᠢᠨ ᠵᠢᠷᠤᠭᠡᠨ ᠬᠡᠯᠪᠡᠷᠢᠲᠡᠢ ᠪᠤᠯᠵᠦ ᠲᠡᠮᠥᠷ ᠤᠳᠠᠰᠣᠨ ᠰᠡᠨᠵᠢᠨ ᠠᠴᠠ ᠨᠢ ᠰᠣᠷ | ᠢᠶᠠᠷ ᠪᠢᠯᠠᠭᠤ ᠶᠢᠨ ᠲᠤᠯᠤᠭᠠᠢ ᠳᠠᠬᠢ ᠨᠦᠭᠡᠨ ᠠᠴᠠ ᠬᠡᠯᠬᠢᠵᠦ ᠪᠠᠬᠢᠯᠡᠨ᠎ᠡ᠃ | ᠲᠠᠪᠠᠭᠤᠯᠢᠭ ᠲᠠᠯ᠎ᠠ ᠨᠢ ᠲᠤᠰ ᠵᠦᠢᠯ ᠤᠨ ᠪᠢᠯᠠᠭᠤ ᠬᠤᠩᠭᠤ ᠲᠠᠢ ᠲᠤᠯᠠ ᠰᠢᠳᠡᠪᠡᠯ ᠲᠤᠰᠤᠯᠲᠠ ᠬᠦᠨᠳᠦᠴᠡ | ᠲᠠᠢ᠂ ᠠᠩ ᠬᠦᠷᠦᠭᠡ ᠠᠯᠠᠵᠦ ᠨᠢᠳᠣᠯᠠᠬᠤ ᠨᠤᠷᠮ᠎ᠠ ᠦᠨᠳᠦᠷ᠃ | ᠲᠤᠳᠠᠭᠳᠠᠯ ᠲᠠᠢ ᠲᠠᠯ᠎ᠠ ᠨᠢ ᠮᠠᠯ ᠤᠨᠤᠭ᠎ᠠ ᠬᠠᠷᠢᠭᠤᠯᠬᠤ ᠳᠤ ᠭᠡᠷᠡᠭᠯᠡᠳᠡᠭ ᠦᠭᠡᠢ᠂ ᠬᠦᠨᠳᠦ ᠲᠤᠰᠤᠯᠲᠠ ᠲᠠᠢ | ᠣᠴᠢᠷ ᠠᠴᠠ ᠮᠠᠯ ᠤᠨᠤᠭ᠎ᠠ ᠶᠢ ᠰᠢᠷᠬᠠᠳᠠᠭᠤᠯᠵᠦ ᠮᠡᠳᠡᠨ᠎ᠡ᠃ | ᠪᠢᠯᠠᠭᠤ ᠬᠡᠷᠡᠭᠯᠡᠵᠦ ᠵᠠᠷᠤᠬᠤ ᠶᠤᠰᠣ | ᠪᠢᠯᠠᠭᠤ ᠨᠢ ᠮᠤᠩᠭᠤᠯᠴᠣᠳ ᠤᠨ ᠠᠵᠢᠯ ᠠᠮᠢᠳᠦᠷᠠᠯ ᠤᠨ ᠲᠤᠳᠠᠭᠳᠠᠵᠦ ᠪᠤᠯᠤᠰᠢ ᠦᠭᠡᠢ ᠴᠢᠬᠤᠯᠠ ᠬᠡᠷᠡᠭᠰᠡᠯ | ᠪᠤᠯᠳᠠᠭ ᠢᠶᠠᠷ ᠢᠶᠠᠨ ᠠᠳᠣᠭᠤ ᠮᠠᠯ᠂ ᠬᠤᠨᠢ ᠢᠮᠠᠭ᠎ᠠ ᠬᠠᠷᠢᠭᠤᠯᠬᠤ ᠪᠠ ᠬᠡᠬᠡᠷ᠎ᠡ ᠭᠠᠳᠠᠨ᠎ᠠ ᠠᠵᠢᠯᠯᠠᠬᠤ ᠳᠤ ᠪᠠᠨ ᠪᠡᠶ᠎ᠡ | ᠠᠴᠠ ᠪᠠᠨ ᠰᠠᠯᠭᠠᠯ ᠦᠭᠡᠢ ᠠᠪᠴᠦ ᠶᠠᠪᠤᠳᠠᠭ ᠨᠢ ᠨᠢᠭᠡ ᠲᠠᠯ᠎ᠠ ᠪᠠᠷ ᠮᠠᠯ ᠤᠨᠤᠭ᠎ᠠ ᠪᠠᠨ ᠡᠷᠬᠢᠬᠦᠯᠵᠦ ᠬᠤᠮᠢᠬᠤ | ᠪᠠᠭᠠᠵᠢ ᠪᠤᠯᠬᠤ ᠪᠠᠷ ᠦᠯᠥ ᠪᠠᠷᠠᠨ ᠨᠦᠬᠦᠭᠡ ᠲᠠᠯ᠎ᠠ ᠪᠠᠷ ᠬᠡᠬᠡᠷ᠎ᠡ ᠶᠢᠨ ᠨᠤᠬᠠᠢ ᠲᠤᠬᠢᠶᠠᠯᠳᠣᠨ ᠬᠦᠮᠥᠨ᠂ ᠮᠠᠯ ᠳᠤ | ᠠᠶᠦᠯ ᠲᠤᠯᠭᠠᠷᠠᠪᠠᠯ ᠪᠡᠶ᠎ᠡ ᠪᠠᠨ ᠬᠠᠮᠠᠭᠠᠯᠠᠬᠤ ᠳᠤ ᠲᠦᠢᠯ ᠤᠨ ᠰᠠᠶᠢᠨ ᠮᠦᠷᠲᠡᠭᠡᠨ ᠪᠡᠯᠡᠬᠡᠨ ᠵᠡᠪᠰᠡᠭ ᠪᠤᠯᠳᠠᠭ᠃ | ᠪᠠᠰᠠ ᠨᠢᠭᠡ ᠨᠢ ᠦᠭᠡᠷ᠎ᠡ ᠠᠵᠢᠯ ᠬᠢᠵᠦ ᠪᠠᠶᠢᠭᠰᠠᠨ ᠴᠦ ᠲᠠᠣᠯᠠᠢ ᠭᠤᠷᠭᠤᠤᠯ ᠬᠠᠷᠭᠤᠪᠠᠯ ᠪᠢᠯᠠᠭᠤ ᠪᠠᠷ ᠢᠶᠠᠨ | ᠴᠤᠬᠢᠵᠦ ᠠᠯᠠᠳᠠᠭ᠃ ᠡᠶᠢᠮᠥ ᠠᠴᠠ ᠮᠤᠩᠭᠤᠯᠴᠣᠳ ᠬᠡᠬᠡᠷ᠎ᠡ ᠭᠠᠳᠠᠨ᠎ᠠ ᠪᠤᠶᠤ ᠲᠤᠪᠤ ᠤᠳᠤᠷ᠂ ᠠᠶᠠᠨ ᠵᠠᠮ ᠳᠤ ᠪᠠᠨ | ᠪᠡᠶ᠎ᠡ ᠠᠴᠠ ᠪᠠᠨ ᠰᠠᠯᠭᠠᠳᠠᠭ ᠦᠬᠡᠢ᠃ ᠪᠢᠯᠠᠭᠤ ᠶᠢ ᠰᠤᠶᠢᠷᠠᠬᠤ ᠳᠤ ᠪᠠᠨ ᠲᠤᠯᠤᠭᠠᠢ ᠶᠢ ᠨᠢ ᠲᠡᠭᠡᠭᠰᠢ ᠬᠠᠷᠠᠭᠤᠯᠤᠨ᠎ᠠ | ᠃ ᠮᠤᠷᠢᠨ ᠲᠡᠭᠡᠷ᠎ᠡ ᠭᠠᠨᠵᠤᠭᠠᠯᠠᠪᠠᠯ ᠲᠤᠯᠤᠭᠠᠢ ᠠᠴᠠ ᠨᠢ ᠭᠠᠨᠵᠤᠭᠠᠯᠠᠨᠠ᠃ | ᠵᠠᠷᠤᠬᠤ ᠦᠬᠡᠢ ᠦᠶ᠎ᠡ ᠳᠤ ᠵᠠᠪᠠᠯ ᠪᠠᠷᠠᠭᠤᠨ ᠬᠠᠨ᠎ᠠ ᠲᠡᠭᠡᠷ᠎ᠡ ᠲᠤᠰᠬᠠᠢ ᠡᠯᠬᠦᠬᠦᠷ ᠲᠡᠭᠡᠷ᠎ᠡ ᠬᠠᠳᠠᠭᠠᠯᠠᠨ᠎ᠠ᠃ | ᠪᠢᠯᠠᠭᠤ ᠶᠢ ᠭᠠᠳᠠᠨ᠎ᠠ ᠲᠤᠳᠤᠨ᠎ᠠ ᠲᠤᠷ᠎ᠠ ᠪᠠᠷ ᠬᠠᠶᠠᠵᠦ ᠮᠠᠯ ᠤᠨᠤᠭ᠎ᠠ ᠳᠤ ᠬᠢᠰᠬᠢᠬᠦᠯᠬᠦ ᠪᠤᠶᠤ ᠪᠠᠭᠠᠰᠣ ᠰᠢᠭᠡᠰᠦ | ᠪᠢᠯᠳᠠᠨ ᠪᠤᠵᠠᠷᠯᠠᠬᠤ ᠶᠢ ᠲᠠᠰᠣ ᠴᠡᠭᠡᠷᠯᠡᠨ᠎ᠡ᠃ ᠪᠢᠯᠠᠭᠤ ᠶᠢᠨ ᠲᠡᠭᠡᠬᠦᠷ ᠬᠦᠮᠥᠨ ᠠᠯᠬᠤᠵᠦ ᠭᠠᠷᠪᠠᠯ ᠡᠵᠡᠨ ᠤ | ᠬᠡᠶᠢᠮᠣᠷᠢ ᠨᠢ ᠬᠡᠪᠳᠡᠵᠡᠢ ᠭᠡᠳ ᠠᠩ ᠬᠦᠷᠦᠭᠡᠨ ᠳᠤ ᠲᠠᠬᠢᠵᠦ ᠬᠡᠷᠡᠭᠯᠡᠬᠦ ᠦᠬᠡᠢ ᠪᠠᠶᠢᠳᠠᠭ᠃ ᠵᠠᠷᠢᠮ ᠠᠩᠴᠢᠳ | ᠠᠪᠠᠯᠠᠬᠤ ᠳᠤ ᠪᠠᠨ ᠪᠢᠯᠠᠭᠤ ᠪᠠᠨ ᠮᠢᠯᠢᠶᠠᠬᠤ ᠪᠤᠶᠤ ᠠᠯᠠᠭᠰᠠᠨ ᠠᠩ ᠤᠨ ᠴᠢᠰᠦ ᠪᠠᠷ ᠮᠢᠯᠢᠶᠠᠳᠠᠭ᠃ | ᠪᠢᠯᠠᠭᠤ ᠪᠢᠯᠠᠭᠤᠳᠠᠨ ᠤᠷᠤᠯᠳᠣᠬᠤ ᠲᠤᠭᠯᠠᠭᠠᠮ ᠤᠨ ᠲᠦᠷᠦᠯ ᠵᠦᠢᠯ | ᠪᠢᠯᠠᠭᠤ ᠪᠤᠯ ᠮᠤᠩᠭᠤᠯ ᠦᠨᠳᠦᠰᠦᠳᠡᠨ ᠤ ᠪᠠᠯᠠᠷᠯᠢᠭ ᠦᠶ᠎ᠡ ᠶᠢᠨ ᠪᠠᠭᠠᠵᠢ ᠵᠡᠪᠰᠡᠭ ᠪᠤᠯᠤᠭᠰᠠᠨ ᠤ ᠬᠤᠪᠢ ᠳᠤ | ᠮᠤᠩᠭᠤᠯᠴᠣᠳ ᠤᠷᠤᠰᠢᠭᠠ ᠭᠠᠵᠠᠷ ᠤᠷᠤᠨ ᠳᠤ ᠨᠡᠶᠢᠳᠡᠮ ᠲᠦᠬᠡᠮᠡᠯᠵᠡᠨ ᠬᠡᠷᠡᠭᠯᠡᠭᠳᠡᠨ ᠵᠠᠷᠢᠮ ᠭᠠᠵᠠᠷ ᠤᠷᠤᠨ ᠤ | ᠰᠣᠷᠭᠠᠭᠤᠯᠢ ᠶᠢᠨ ᠲᠠᠮᠢᠷ ᠤᠨ ᠬᠢᠴᠢᠶᠡᠯ ᠳᠤ ᠴᠦ ᠨᠢᠬᠡᠨ ᠠᠭᠤᠯᠭ᠎ᠠ ᠪᠠᠷ ᠵᠢᠭᠠᠳᠠᠭ ᠪᠠᠶᠢᠨ᠎ᠠ᠃ | ᠪᠢᠯᠠᠭᠤ ᠰᠠᠶᠢᠨ ᠪᠢᠯᠠᠭᠤᠳᠠᠬᠤ ᠨᠢ ᠲᠠᠮᠢᠷᠴᠢᠳ ᠤᠨ ᠪᠢᠷ᠎ᠠ ᠴᠢᠳᠠᠯ ᠲᠠᠢ ᠰᠠᠶᠢᠨ ᠡᠷ᠎ᠡ ᠶᠢᠨ ᠲᠡᠮᠳᠡᠭ ᠪᠤᠯᠵᠦ | ᠨᠢᠳᠦ ᠬᠤᠷᠴᠠ᠂ ᠭᠠᠷ ᠪᠤᠰᠢᠭᠤ᠂ ᠮᠡᠷᠭᠡᠵᠢᠯ ᠣᠷ᠎ᠠ ᠲᠡᠮ ᠲᠦᠰᠦᠭᠡᠳᠡᠢ ᠶᠢᠨ ᠰᠢᠯᠭᠠᠭᠤᠷ ᠪᠤᠯᠳᠠᠭ᠃ | ᠴᠠᠭᠠᠷᠢᠭ ᠴᠤᠬᠢᠬᠤ — ᠬᠤᠶᠠᠷ ᠲᠤᠭᠤᠶᠢᠯᠠᠩ ᠤᠨ ᠬᠦᠮᠥᠰ ᠦᠭᠡᠳᠡ ᠦᠭᠡᠳᠡ ᠠᠴᠠ ᠪᠠᠨ ᠡᠰᠡᠷᠭᠦᠯᠡᠨ | ᠵᠤᠬᠢᠬᠤ ᠵᠠᠢ ᠲᠠᠢ ᠵᠤᠭᠰᠣᠭᠰᠠᠨ ᠤ ᠲᠠᠷᠠᠭ᠎ᠠ᠂ ᠨᠢᠭᠡ ᠲᠠᠯ᠎ᠠ ᠶᠢᠨ ᠬᠢᠨ ᠨᠦᠬᠦᠬᠡ ᠡᠳᠡᠭᠡᠳ ᠤᠨ ᠵᠦᠭ ᠲᠡᠮᠥᠷ | ᠴᠠᠭᠠᠷᠢᠭ ᠢᠶᠠᠷ ᠪᠦᠮᠪᠦᠷᠢᠬᠦᠯᠥᠨᠡ᠂ ᠡᠨᠡ ᠲᠠᠯ᠎ᠠ ᠶᠢᠨ ᠬᠦᠮᠥᠰ ᠪᠢᠯᠠᠭᠤ ᠪᠠᠷ ᠪᠦᠮᠪᠦᠷᠢᠭᠡ ᠴᠠᠭᠠᠷᠢᠭ ᠢ ᠪᠣᠴᠠᠭᠠᠵᠦ | ᠦᠩᠭᠦᠷᠢᠳᠦᠬᠦᠯᠥᠨᠡ᠃ ᠭᠡᠷᠪᠡ ᠴᠠᠭᠠᠷᠢᠭ ᠢ ᠴᠣᠬᠢᠨ ᠤᠨᠠᠭᠠᠵᠦ ᠲᠡᠶᠢᠯᠬᠦ ᠦᠬᠡᠢ᠂ ᠴᠠᠭᠠᠷᠢᠭ ᠦᠪᠡᠷᠳᠡᠭᠡᠨ ᠤᠨᠠᠪᠠᠯ | ᠴᠠᠭᠠᠷᠢᠭ ᠪᠦᠮᠪᠦᠷᠢᠬᠦᠯᠥᠭᠰᠡᠨ ᠡᠳᠡᠭᠡᠳ ᠤᠨ ᠬᠦᠮᠥᠰ ᠤᠨᠠᠭᠰᠠᠨ ᠭᠠᠵᠠᠷ ᠲᠤ ᠲᠠᠪᠰᠢᠨ ᠢᠷᠡᠵᠦ᠂ ᠴᠠᠭᠠᠷᠢᠭ ᠢᠶᠠᠨ | ᠵᠠᠯᠭᠠᠵᠦ ᠪᠦᠮᠪᠦᠷᠢᠬᠦᠯᠥᠨᠠ᠃ ᠡᠨᠡ ᠮᠡᠳᠦ ᠬᠠᠷᠢᠯᠴᠠᠨ ᠭᠠᠵᠠᠷ ᠡᠵᠡᠯᠡᠵᠦ ᠢᠯᠡᠬᠦᠦ ᠭᠠᠵᠠᠷ ︵ᠨᠤᠳᠤᠭ︶ ᠡᠵᠡᠯᠡᠭᠰᠡᠨ | ᠢ ᠨᠢ ᠢᠯᠠᠭᠰᠠᠨ ᠢᠶᠠᠷ ᠪᠤᠳᠤᠵᠦ ᠨᠠᠭᠠᠳᠳᠠᠭ᠃ | ᠭᠤᠷᠭᠤᠤᠯ ᠴᠤᠬᠢᠵᠦ ᠤᠨᠤᠭᠠᠬᠤ | ᠨᠢᠭᠡ ᠬᠦᠮᠥᠨ ᠨᠢ ᠪᠢᠯᠠᠭᠤ ᠪᠠᠨ ᠢᠳᠡ ᠮᠡᠳᠡᠨ ᠲᠡᠭᠡᠭᠰᠢ ᠴᠣᠬᠢᠭᠰᠠᠨ ᠤ ᠲᠠᠷᠠᠭ᠎ᠠ ᠪᠤᠰᠤᠳ ᠨᠢ ᠠᠭᠠᠷ | ᠲᠡᠭᠡᠷᠡᠬᠢ ᠪᠢᠯᠠᠭᠤ ᠶᠢ ᠭᠠᠵᠠᠷ ᠲᠤ ᠤᠨᠠᠬᠤ ᠠᠴᠠ ᠡᠮᠥᠨ᠎ᠡ ᠴᠣᠬᠢᠵᠦ ᠣᠨᠠᠭᠠᠨ᠎ᠠ᠃ ᠭᠡᠷᠪᠡ ᠪᠢᠯᠠᠭᠤ ᠤᠨᠤᠭᠳᠠᠪᠠᠯ | ᠤᠤᠯ ᠬᠦᠮᠥᠨ ᠵᠠᠯᠭᠠᠭᠠᠳ ᠰᠢᠳᠡᠨ᠎ᠡ᠂ ᠤᠨᠤᠭᠠᠵᠦ ᠲᠡᠶᠢᠯᠥᠭᠰᠡᠨ ᠦᠭᠡᠢ ᠪᠤᠯ ᠨᠦᠬᠦᠬᠡ ᠬᠦᠮᠥᠨ ᠨᠢ ᠪᠢᠯᠠᠭᠤ ᠪᠠᠨ | ᠲᠡᠭᠡᠭᠰᠢ ᠰᠢᠳᠡᠭᠡᠳ ᠪᠣᠰᠣᠳ ᠢᠶᠠᠷ ᠴᠤᠬᠢᠭᠤᠯᠤᠨᠠ᠃ ᠡᠨᠡ ᠨᠠᠭᠠᠳᠣᠮ ᠳᠤ ᠪᠢᠯᠠᠭᠤ ᠬᠤᠭᠤᠷᠠᠬᠤ ᠶᠠᠪᠤᠳᠠᠯ | ᠵᠦᠩᠳᠡᠬᠡᠨ ᠭᠠᠷᠳᠠᠭ ᠠᠴᠠ ᠡᠨᠡᠬᠦ ᠨᠠᠭᠠᠳᠣᠮ ᠨᠢ ᠪᠢᠯᠠᠭᠤ ᠴᠤᠬᠢᠬᠤ ᠤᠷ᠎ᠠ ᠲᠡᠮ ᠢ ᠰᠢᠯᠭᠠᠬᠤ ᠪᠠᠷ ᠪᠠᠷᠠᠬᠤ ᠦᠬᠡᠢ | ᠪᠢᠯᠠᠭᠤ ᠶᠢᠨ ᠶᠠᠰᠣ ᠴᠢᠨᠠᠷ ᠢ ᠴᠦ ᠰᠢᠯᠭᠠᠳᠠᠭ᠃ | ᠳ᠋ᠢᠩᠭ᠎ᠠ ᠴᠣᠬᠢᠬᠤ | 40 ᠰᠡᠨᠲ᠋ᠢᠮᠧᠲᠷ ︵1.2 ᠲᠤᠬᠤᠢ︶ ᠣᠷᠲᠦ ᠰᠢᠰᠢ ᠶᠢᠨ ᠲᠤᠯᠤᠭᠠᠢ ᠶᠢᠨ ᠤᠭ ︵ᠦᠶ᠎ᠡ ᠠᠴᠠ ᠲᠡᠭᠡᠭᠰᠢ︶ | ᠱᠣᠭᠠᠢ ᠪᠤᠶᠤ ᠠᠰᠬᠠᠨ ᠪᠤᠷᠭᠠᠰᠣ ᠶᠢ ᠬᠡᠯᠡᠯᠴᠡᠵᠦ ᠲᠤᠬᠢᠷᠠᠭᠰᠠᠨ ᠲᠤᠭ᠎ᠠ ᠪᠠᠷ ᠬᠦᠮᠥᠨ ᠪᠦᠷᠢ ᠲᠡᠩᠴᠡᠬᠦᠦ ᠲᠤᠭ᠎ᠠ | ᠲᠠᠢ ᠭᠠᠷᠭᠠᠵᠦ ᠴᠤᠭ ᠲᠤᠨᠢ ᠪᠤᠰᠬᠠᠵᠦ ᠪᠤᠯᠠᠵᠦ ᠵᠤᠭᠰᠣᠭᠠᠭᠠᠳ ᠭᠠᠳᠠᠭᠤᠷ ᠨᠢ ᠵᠤᠬᠢᠬᠤ ᠵᠠᠢ ᠪᠠᠷ ᠴᠠᠭᠠᠷᠢᠭᠯᠠᠨ | ᠬᠦᠷᠢᠶᠡᠯᠡᠨ᠎ᠡ᠂ ᠲᠤᠯᠭᠠᠭᠳᠠᠭᠰᠠᠨ ᠵᠠᠢ ︵30᠂ 35᠂ 40᠂ 45᠂ 50 ᠮᠧᠲᠷ︶ ᠠᠴᠠ ᠪᠢᠯᠠᠭᠤᠳᠠᠭᠠᠳ | ᠪᠣᠰᠬᠠᠭᠰᠠᠨ ᠳ᠋ᠢᠩᠭ᠎ᠠ ᠶᠢ ᠵᠢᠷᠤᠭᠠᠰᠣᠨ ᠬᠦᠷᠢᠶᠡᠨ ᠠᠴᠠ ᠴᠤᠬᠢᠨ ᠭᠠᠷᠭᠠᠪᠠᠯ ᠲᠡᠷᠡ ᠬᠦᠮᠥᠨ ᠳ᠋ᠢᠩᠭ᠎ᠠ ᠶᠢ ᠠᠪᠤᠨ᠎ᠠ᠃ | ᠴᠤᠬᠢᠭᠳᠠᠨ ᠤᠨᠠᠭᠰᠠᠨ ᠳ᠋ᠢᠩᠭ᠎ᠠ ᠬᠦᠷᠢᠶᠡᠨ ᠵᠢᠷᠤᠭᠠᠰᠤᠨ ᠲᠡᠭᠡᠷ᠎ᠡ ᠭᠡᠪᠳᠡᠵᠦ ᠪᠠᠶᠢᠪᠠᠯ ᠭᠠᠷᠤᠭᠰᠠᠨ ᠦᠬᠡᠢ ᠪᠠᠷ | ᠪᠤᠳᠤᠨ᠎ᠠ᠃ ᠦᠯᠡᠳᠡᠭᠰᠡᠨ ᠳ᠋ᠢᠩᠭ᠎ᠠ ᠶᠢ ᠲᠠᠬᠢᠵᠦ ᠪᠤᠰᠬᠠᠨ ᠨᠦᠬᠦᠬᠡ ᠬᠦᠮᠥᠨ ᠴᠣᠬᠢᠨ᠎ᠠ᠃ ᠠᠯᠢ ᠨᠢ ᠪᠢᠯᠠᠭᠤᠳᠠᠭᠠᠳ | ᠤᠨᠤᠵᠦ ᠲᠡᠶᠢᠯᠬᠦ ᠦᠭᠡᠢ ᠪᠤᠯ ᠨᠦᠬᠦᠬᠡ ᠨᠢ ᠲᠠᠷᠠᠭᠠᠯᠠᠨ ᠴᠤᠬᠢᠵᠦ ᠡᠴᠤᠰ ᠲᠤᠨᠢ ᠬᠠᠮᠤᠭ ᠠᠷᠪᠢᠨ ᠴᠤᠬᠢᠵᠦ | ᠭᠠᠷᠭᠠᠭᠰᠠᠨ ᠢ ᠨᠢ ᠢᠯᠠᠭᠰᠠᠨ ᠢᠶᠠᠷ ᠪᠤᠳᠤᠳᠠᠭ᠃ ᠳ᠋ᠢᠩᠭ᠎ᠠ ᠶᠢᠨ ᠤᠷᠤᠭᠤᠯᠬᠤ ᠲᠤᠭ᠎ᠠ᠂ ᠴᠣᠬᠢᠬᠤ ᠵᠠᠢ᠂ ᠬᠦᠷᠢᠶᠡᠨ | ᠤ ᠶᠡᠭᠡ ᠪᠠᠭ᠎ᠠ ᠶᠢ ᠨᠠᠭᠠᠳᠣᠭᠰᠠᠳ ᠭᠡᠯᠡᠯᠴᠡᠨ ᠲᠤᠭᠳᠠᠭᠠᠨ᠎ᠠ᠃ | ᠲᠤᠩᠭᠤ ᠴᠣᠬᠢᠬᠤ | ᠪᠢᠯᠠᠭᠤ ᠨᠢ ᠭᠠᠵᠠᠷ ᠲᠤ ᠡᠭᠴᠡ ᠴᠤᠬᠢᠨ ᠲᠤᠩᠭᠤᠷᠴᠠᠭᠤᠯᠵᠦ ᠪᠢᠯᠠᠭᠤ ᠡᠬᠢᠯᠡᠵᠦ ᠲᠤᠰᠤᠭᠰᠠᠨ ᠴᠡᠭ ᠠᠴᠠ | ᠲᠤᠩᠭᠤᠷᠴᠠᠭᠯᠠᠵᠦ ᠪᠠᠶᠢᠭ᠎ᠠ ᠪᠢᠯᠠᠭᠤ ᠶᠢ ᠴᠤᠬᠢᠨ ᠤᠨᠠᠭᠠᠨ᠎ᠠ᠃ ᠨᠠᠭᠠᠳᠬᠤ ᠠᠷᠭ᠎ᠠ ᠨᠢ ᠭᠤᠷᠭᠤᠤᠯ ᠴᠤᠬᠢᠬᠤ ᠲᠠᠢ | ᠠᠳᠠᠯᠢ᠃ | ᠮᠠᠨᠤᠤᠯ ᠴᠤᠬᠢᠬᠤ | ᠪᠤᠰᠬᠠᠭᠰᠠᠨ ᠮᠠᠨᠤᠤᠯ ᠢ ᠬᠡᠯᠡᠯᠴᠡᠨ ᠲᠤᠬᠢᠷᠠᠭᠰᠠᠨ ᠵᠤᠬᠢᠬᠤ ᠵᠠᠢ ᠠᠴᠠ ᠵᠤᠭᠰᠤᠭ᠎ᠠ ᠪᠠᠷ ᠪᠤᠶᠤ ᠮᠤᠷᠢᠨ | ᠲᠤᠪᠳᠣᠯᠤᠭ᠎ᠠ ᠪᠠᠷ ᠴᠣᠬᠢᠨ ᠤᠨᠤᠬᠤ ᠲᠤᠭᠯᠠᠭᠠᠮ᠃ ᠡᠨᠡ ᠨᠢ ᠭᠤᠤᠯᠳᠠᠭᠤ ᠢᠳᠡᠷ ᠵᠠᠯᠠᠭᠤᠴᠤᠳ ᠲᠤᠭᠯᠠᠳᠠᠭ᠃ | ᠬᠤᠯᠠ ᠰᠢᠳᠡᠬᠦ | ᠲᠤᠭᠳᠠᠭᠰᠠᠨ ᠬᠦᠷᠢᠶ᠎ᠡ ᠴᠡᠭ ᠲᠤ ᠲᠣᠭᠳᠠᠭᠠᠭᠰᠠᠨ ᠲᠦᠷᠢᠮ ᠶᠤᠰᠤᠭᠠᠷ ᠬᠤᠯᠠ ᠪᠢᠯᠠᠭᠤᠳᠠᠨ ᠢᠳᠡ ᠬᠦᠴᠦ᠂ | ᠲᠡᠮ ᠮᠡᠷᠭᠡᠵᠢᠯ ᠢᠶᠠᠨ ᠠᠳᠠᠯᠢᠳᠬᠠᠨ ᠰᠢᠯᠭᠠᠷᠠᠭᠤᠯᠬᠤ ᠲᠤᠭᠯᠠᠭᠠᠮ᠃ | ᠪᠢᠯᠠᠭᠤ ᠴᠣᠬᠢᠬᠤ ᠣᠷᠣᠯᠳᠣᠭᠠᠨ ᠤ ᠶᠤᠰᠤ | ᠪᠢᠯᠠᠭᠤ ᠴᠣᠬᠢᠬᠤ ᠤᠷᠤᠯᠳᠣᠭᠠᠨ ᠳᠤ ᠬᠤᠯᠠ ᠪᠢᠯᠠᠭᠤᠳᠠᠬᠤ ᠪᠠ ᠮᠠᠨᠤᠤᠯ ᠴᠤᠬᠢᠬᠤ ᠬᠤᠶᠠᠷ ᠬᠡᠯᠪᠡᠷᠢ ᠪᠠᠷ | ᠭᠤᠤᠯᠯᠠᠨ ᠶᠠᠪᠤᠭᠳᠠᠳᠠᠭ᠃ | ᠬᠤᠯᠠ ᠪᠢᠯᠠᠭᠤᠳᠠᠬᠤ ᠣᠷᠣᠯᠳᠣᠭᠠᠨ — ᠣᠷᠣᠯᠴᠠᠬᠤ ᠲᠠᠮᠢᠷᠴᠢᠳ ᠤᠨ ᠲᠠᠰ ᠲᠠᠷᠠᠭ᠎ᠠ ᠶᠢ ᠬᠢᠨᠠᠭᠴᠢ ᠠᠴᠠ | ᠰᠢᠪᠠᠭ᠎ᠠ ᠲᠠᠳᠠᠭᠤᠯᠤᠨ ᠲᠤᠭᠳᠠᠭᠠᠨ᠎ᠠ᠃ ᠲᠠᠮᠢᠷᠴᠢᠳ ᠪᠦᠷᠢ ᠭᠤᠷᠪᠠ ᠣᠳᠠᠭ᠎ᠠ ᠪᠢᠯᠠᠭᠤᠳᠠᠵᠦ ᠪᠤᠯᠤᠨ᠎ᠠ᠃ | ᠰᠢᠳᠡᠭᠰᠡᠨ ᠵᠠᠢ ᠶᠢᠨ ᠬᠤᠯᠠ ᠤᠶᠢᠷ᠎ᠠ ᠪᠠᠷ ᠨᠡᠷᠡᠰ ᠤᠨ ᠲᠠᠷᠠᠭᠠᠯᠠᠯ ᠢ ᠲᠤᠭᠳᠠᠭᠠᠵᠦ᠂ ᠬᠠᠮᠤᠭ ᠠᠯᠣᠰ ᠵᠠᠢ ᠰᠡᠳᠡᠭᠰᠡᠨ | ᠨᠢ ᠲᠦᠷᠦᠬᠦᠨ ᠳᠤ ᠵᠢᠭᠰᠠᠭᠠᠭᠳᠠᠨ᠎ᠠ᠃ | ᠪᠢᠯᠠᠭᠤᠳᠠᠬᠤ ᠳᠤ ᠪᠠᠨ ᠲᠠᠮᠢᠷᠴᠢᠳ ᠡᠬᠢᠯᠡᠨ ᠪᠢᠯᠠᠭᠤᠳᠠᠬᠤ ᠱᠣᠭᠤᠮ ᠪᠤᠶᠤ ᠤᠷᠳᠤᠳᠬᠠᠯ ᠱᠣᠭᠤᠮ ᠢ | ᠬᠦᠨᠳᠡᠵᠦ ᠪᠤᠯᠬᠤ ᠦᠬᠡᠢ᠂ ᠬᠦᠨᠳᠡᠪᠡᠯ ᠲᠤᠭᠳᠠᠭᠠᠯ ᠢ ᠵᠦᠷᠢᠴᠡᠭᠰᠡᠨ ᠢᠶᠠᠷ ᠪᠤᠳᠤᠵᠦ ᠣᠷᠣᠯᠳᠣᠭᠠᠨ ᠢ ᠨᠢ ᠬᠦᠴᠦᠨ | ᠦᠭᠡᠢ ᠪᠤᠯᠭᠠᠨ᠎ᠠ᠃ ᠰᠢᠳᠡᠯᠲᠡ ᠳᠤ ᠲᠤᠰᠠᠯᠠᠵᠦ ᠬᠦᠶᠦᠬᠦ ᠳᠤ ᠪᠠᠨ ᠬᠦᠶᠦᠬᠦ ᠵᠠᠮ ᠤᠨ ᠬᠤᠶᠠᠷ ᠬᠦᠪᠡᠬᠡᠨ ᠤ | ᠵᠢᠷᠤᠭᠠᠰᠣ ᠶᠢ ᠲᠠᠪᠠᠵᠦ ᠪᠤᠯᠬᠤ ᠦᠬᠡᠢ᠂ ᠪᠢᠠᠯᠠᠭᠤ ᠶᠢᠨ ᠲᠤᠰᠤᠯᠲᠠ ᠡᠷᠭᠡᠪᠰᠢ ᠲᠤᠭᠳᠠᠭᠠᠭᠰᠠᠨ ᠦᠨᠴᠦᠭ ᠱᠣᠭᠤᠮ | ᠤᠨ ᠲᠣᠳᠣᠷ᠎ᠠ ᠪᠠᠶᠢᠬᠤ ᠬᠡᠷᠡᠭᠲᠡᠢ᠃ ᠪᠢᠯᠠᠭᠤ ᠭᠠᠵᠠᠷ ᠲᠤᠰᠤᠭᠰᠠᠨ ᠤ ᠬᠤᠶᠢᠨ᠎ᠠ ᠲᠠᠮᠢᠷᠴᠢᠳ ᠪᠢᠯᠠᠭᠤᠳᠠᠬᠤ ᠱᠣᠭᠤᠮ | ᠤᠨ ᠬᠦᠷᠢᠶᠡᠨ ᠠᠴᠠ ᠤᠬᠤᠷᠢᠨ ᠭᠠᠷᠤᠨ᠎ᠠ᠂ ᠬᠢᠨᠠᠭᠴᠢ ᠶᠢᠨ ᠲᠤᠬᠢᠶ᠎ᠠ ᠦᠭᠬᠦᠭᠰᠡᠨ ᠠᠴᠠ 90 ᠰᠧᠺᠥ᠋ᠨᠳ᠋ ᠤᠨ | ᠲᠤᠳᠤᠷ᠎ᠠ ᠭᠤᠷᠪᠠᠨ ᠪᠢᠯᠠᠭᠤ ᠪᠠᠨ ᠰᠢᠳᠡᠵᠦ ᠲᠠᠭᠤᠰᠬᠠᠨ᠎ᠠ᠂ ᠴᠠᠭ ᠢ ᠵᠤᠷᠢᠭᠤᠲᠠ ᠤᠷᠳᠤᠳᠬᠠᠬᠤ ᠶᠢ ᠵᠦᠪᠰᠢᠶᠡᠷᠡᠬᠦ | ᠦᠭᠡᠢ᠂ ᠭᠤᠷᠪᠠ ᠣᠳᠠᠭᠠᠨ ᠤ ᠰᠢᠳᠡᠯᠳᠡ ᠶᠢᠨ ᠬᠠᠮᠤᠭ ᠬᠤᠯᠠ ᠶᠢᠨ ᠨᠢᠭᠡ ᠪᠠᠷ ᠬᠢᠷᠢ ᠪᠦᠬᠦᠮᠵᠢ ᠶᠢ ᠲᠤᠭᠳᠠᠭᠠᠨ᠎ᠠ᠃ | ᠤᠷᠤᠯᠳᠤᠭᠠᠨ ᠳᠤ ᠨᠢᠭᠡᠳᠦᠯᠳᠡᠢ ᠪᠠᠯᠡᠳᠭᠡᠭᠰᠡᠨ ᠪᠢᠯᠠᠭᠤ ᠶᠢ ᠭᠡᠷᠡᠭᠯᠡᠳᠡᠭ᠃ | ᠮᠠᠨᠤᠤᠯ ᠴᠤᠬᠢᠬᠤ ᠤᠷᠤᠯᠳᠣᠭᠠᠨ — ᠮᠠᠨᠤᠤᠯ ᠴᠣᠬᠢᠬᠤ ᠲᠡᠰ ᠲᠠᠷᠠᠭ᠎ᠠ ᠶᠢ ᠬᠢᠨᠠᠭᠴᠢ ᠶᠢᠨ ᠭᠠᠵᠠᠷ ᠠᠴᠠ | ᠰᠢᠪᠠᠭ᠎ᠠ ᠲᠠᠳᠠᠵᠦ ᠳ᠋ᠣᠭᠠᠷᠯᠠᠨᠠ᠃ ᠮᠠᠨᠤᠤᠯ ᠨᠢ ᠴᠤᠬᠢᠬᠤ ᠴᠡᠭ ᠠᠴᠠ 30 ᠮᠧᠲᠷ ᠤᠨ ᠵᠠᠢ ᠶᠢᠨ ᠬᠦᠨᠳᠡᠯᠡᠨ | ᠱᠣᠭᠤᠮ 10 ᠰᠡᠨᠲ᠋ᠢᠮᠧᠲᠷ ᠵᠠᠶᠢᠳᠠᠢ ᠵᠡᠷᠭᠡᠴᠡᠬᠦᠯᠥᠨ ᠪᠤᠰᠬᠠᠭᠰᠠᠨ ᠰᠠᠭᠤᠷᠢ ᠨᠢ ᠬᠤᠶᠠᠷ ᠢᠮᠠᠬᠤ᠂ ᠤᠷᠤᠢ | ᠦᠵᠦᠭᠦᠷ ᠨᠢ 1.2 ᠢᠮᠠᠬᠤ ᠪᠦᠳᠦᠬᠦᠨ᠂ ᠦᠨᠳᠦᠷ ᠨᠢ 40 ᠰᠡᠨᠲ᠋ᠢᠮᠧᠲᠷ ᠭᠤᠷᠪᠠᠨ ᠠᠰᠬᠠᠨ ᠮᠤᠳᠤ ᠪᠤᠯᠤᠨ᠎ᠠ᠃ | ᠲᠠᠮᠢᠷᠴᠢᠳ ᠪᠦᠷᠢ ᠭᠤᠷᠪᠠ ᠣᠳᠠᠭ᠎ᠠ ᠪᠢᠯᠠᠭᠤᠳᠠᠨᠠ᠃ ᠱᠠᠭᠠᠷᠳᠠᠯᠭ᠎ᠠ ᠨᠢ ᠬᠤᠯᠠ ᠪᠢᠯᠠᠭᠤᠳᠠᠬᠤ ᠲᠠᠢ ᠠᠳᠠᠯᠢ᠂ | ᠲᠠᠮᠢᠷᠴᠢᠳ ᠤᠨ ᠣᠯᠬᠤ ᠬᠤᠪᠢ ᠢ ᠲᠣᠭᠳᠠᠭᠠᠬᠤ ᠳᠤ ᠪᠠᠨ ᠭᠤᠷᠪᠠᠨ ᠮᠠᠨᠤᠤᠯ ᠢ ᠨᠢᠬᠡ ᠯᠠ ᠪᠢᠯᠠᠭᠤ ᠳᠤ | ᠤᠨᠤᠭᠠᠭᠰᠠᠨ ᠪᠤᠯ 12 ᠬᠤᠪᠢ᠂ ᠲᠤᠮᠳᠠᠬᠢ ᠶᠢ ᠤᠨᠤᠭᠠᠭᠰᠠᠨ ᠪᠤᠯ 6 ᠬᠤᠪᠢ᠂ ᠬᠠᠵᠠᠭᠤ ᠶᠢᠨ ᠨᠢᠭᠡ ᠶᠢ | ᠤᠨᠤᠭᠠᠪᠠᠯ 3 ᠬᠤᠪᠢ᠂ ᠬᠤᠶᠠᠷ ᠮᠠᠨᠤᠤᠯ ᠢ ᠴᠤᠭ ᠲᠤ ᠣᠨᠣᠭᠠᠪᠠᠯ 9 ᠬᠤᠪᠢ ᠤᠯᠭᠤᠨ᠎ᠠ᠃ ᠤᠯᠤᠭᠰᠠᠨ ᠬᠤᠪᠢ | ᠶᠢᠨ ᠤᠯᠠᠨ ᠴᠦᠬᠡᠨ ᠢᠶᠠᠷ ᠲᠠᠮᠢᠷᠴᠢᠳ ᠤᠨ ᠳ᠋ᠣᠭᠠᠷ ᠢ ᠲᠤᠭᠳᠠᠭᠠᠳᠠᠭ᠃ ᠬᠡᠷᠪᠡ ᠬᠡᠳᠦᠨ ᠲᠠᠮᠢᠷᠴᠢᠳ ᠤᠨ ᠬᠤᠪᠢ | ᠲᠡᠩᠴᠡᠭᠦᠦ ᠪᠤᠯ ᠮᠠᠨᠤᠤᠯ ᠢ ᠨᠢᠭᠡ ᠯᠠ ᠪᠢᠯᠠᠭᠤᠨ ᠳᠤ ᠴᠣᠬᠢᠵᠦ ᠤᠨᠠᠭᠠᠭᠰᠠᠨ ᠤ ᠣᠯᠠᠨ ᠴᠦᠬᠡᠨ ᠢᠶᠠᠷ ᠲᠡᠰ ᠳ᠋ᠣᠭᠠᠷ | ᠢ ᠲᠤᠭᠳᠠᠭᠠᠨ᠎ᠠ᠃ | | |