ᠣᠶᠢᠷ᠎ᠠ ᠶᠢᠨ ᠵᠢᠯ ᠠᠴᠠ ᠨᠠᠰᠢ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤ ᠥᠨᠳᠥᠷ ᠪᠠᠷᠢᠮᠵᠢᠶᠠᠲᠤ | ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠶᠢ ᠶᠡᠬᠡᠪᠡᠷ ᠥᠷᠨᠢᠭᠦᠯᠵᠦ᠂ ᠭᠦᠶᠦᠭᠡᠨ ᠪᠤᠯᠠᠵᠤ ᠳᠤᠰᠤᠯᠭᠠᠨ | ᠤᠰᠤᠯᠠᠬᠤ ᠤᠰᠤ ᠪᠣᠷᠲᠣᠭᠤᠷ ᠢ ᠨᠢᠭᠡ ᠴᠤᠭᠴᠠᠵᠢᠭᠤᠯᠬᠤ ᠮᠡᠷᠭᠡᠵᠢᠯ ᠪᠠ ︽ᠦᠷᠭᠡᠨ ᠨᠠᠷᠢᠨ ᠳᠠᠯᠠᠩ︾ ᠲᠠᠳᠠᠵᠤ | ᠡᠷᠳᠡᠨᠢ ᠰᠢᠰᠢ ᠶᠢ ᠨᠢᠭᠲᠠ ᠳᠠᠷᠢᠬᠤ ᠮᠡᠷᠭᠡᠵᠢᠯ ᠢ ᠬᠠᠮᠳᠤᠷᠠᠭᠤᠯᠤᠨ ᠬᠡᠷᠡᠭᠯᠡᠵᠦ᠂ ᠨᠢᠭᠲᠠ ᠳᠠᠷᠢᠬᠤ ᠪᠠᠷ ᠭᠤᠤᠯ | ᠪᠣᠯᠭᠠᠨ᠂ ᠤᠰᠤ ᠪᠣᠷᠲᠣᠭᠤᠷ ᠢ ᠨᠠᠷᠢᠯᠢᠭ ᠣᠨᠣᠴᠠᠲᠠᠶ ᠳᠣᠭᠢᠷᠠᠭᠤᠯᠤᠨ ᠡᠵᠡᠮᠳᠡᠬᠦ ᠪᠠᠷ ᠨᠢᠭᠲᠠ ᠳᠠᠷᠢᠬᠤ ᠪᠠᠲᠤᠯᠠᠭ᠎ᠠ | ᠪᠣᠯᠭᠠᠵᠤ᠂ ᠡᠷᠳᠡᠨᠢ ᠰᠢᠰᠢ ᠶᠢᠨ ᠡᠯᠪᠡᠭ ᠬᠤᠷᠢᠶᠠᠯᠲᠠ ᠳᠤ ᠭᠦᠢᠴᠡᠳ ᠬᠥᠳᠡᠯᠭᠡᠬᠦ ᠬᠦᠴᠦᠨ ᠬᠠᠩᠭᠠᠪᠠ᠃ | | ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠮᠤᠳᠤᠳᠤ ᠰᠤᠮᠤ ᠶᠢᠨ ᠡᠷᠳᠡᠨᠢ ᠰᠢᠰᠢ ᠳᠠᠷᠢᠬᠤ ᠲᠠᠯᠠᠪᠠᠶ | ᠨᠡᠶᠢᠲᠡ 20.8 ᠲᠦᠮᠡᠨ ᠮᠥ ᠪᠠᠶᠢᠵᠤ᠂ 2023 ᠣᠨ ᠠᠴᠠ ᠡᠮᠦᠨ᠎ᠡ ᠭᠦᠶᠦᠭᠡᠨ ᠪᠤᠯᠠᠵᠤ ᠳᠤᠰᠤᠯᠭᠠᠨ ᠤᠰᠤᠯᠠᠬᠤ | ᠤᠰᠤ ᠪᠣᠷᠲᠣᠭᠤᠷ ᠢ ᠨᠢᠭᠡ ᠴᠤᠭᠴᠠᠵᠢᠭᠤᠯᠬᠤ ᠮᠡᠷᠭᠡᠵᠢᠯ ᠤᠨ ᠬᠡᠷᠡᠭᠯᠡᠯᠲᠡ ᠶᠢᠨ ᠨᠣᠷᠮ᠎ᠠ ᠨᠢ ᠶᠡᠷᠦᠩᠬᠡᠶ ᠲᠠᠷᠢᠶᠠᠨ ᠤ | ᠲᠠᠯᠠᠪᠠᠶ ᠶᠢᠨ 20% ᠬᠥᠷᠬᠦ ᠥᠬᠡᠶ ᠪᠠᠶᠢᠪᠠ᠃ | | | ᠡᠷᠳᠡᠨᠢ ᠰᠢᠰᠢ ᠶᠢᠨ ᠮᠤ᠋ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠬᠦ ᠶᠢᠨ ᠲᠥᠯᠥᠭᠡ᠂ 2023 ᠣᠨ ᠠᠴᠠ | ᠡᠬᠢᠯᠡᠨ᠂ ᠲᠣᠰ ᠰᠤᠮᠤ ᠲᠥᠷᠥᠯ ᠵᠦᠢᠯ ᠢᠶᠠᠷ ᠬᠥᠲᠥᠯᠦᠨ ᠵᠢᠯᠣᠭᠤᠳᠬᠤ᠂ ᠲᠤᠬᠠᠶ ᠶᠢᠨ ᠲᠠᠯᠠᠪᠤᠷ ᠲᠤ ᠲᠣᠭᠤᠷᠢᠨ | ᠦᠵᠡᠬᠦ᠂ ᠨᠡᠶᠢᠲᠡᠯᠢᠭ ᠵᠢᠱᠢᠶ᠎ᠡ ᠪᠠᠷ ᠲᠠᠭᠤᠷᠢᠶᠠᠯ ᠦᠵᠡᠭᠦᠯᠬᠦ ᠵᠡᠷᠭᠡ ᠬᠡᠯᠪᠡᠷᠢ ᠪᠠᠷ ᠳᠠᠮᠵᠢᠭᠤᠯᠤᠨ᠂ ᠭᠦᠶᠦᠭᠡᠨ | ᠪᠤᠯᠠᠵᠤ ᠳᠤᠰᠤᠯᠭᠠᠨ ᠤᠰᠤᠯᠠᠬᠤ ᠤᠰᠤ ᠪᠣᠷᠲᠣᠭᠤᠷ ᠢ ᠨᠢᠭᠡ ᠴᠤᠭᠴᠠᠵᠢᠭᠤᠯᠬᠤ ᠮᠡᠷᠭᠡᠵᠢᠯ ᠤᠨ ᠬᠡᠷᠡᠭᠯᠡᠯᠳᠡ ᠶᠢᠨ | ᠨᠣᠷᠮ᠎ᠠ ᠶᠢ ᠪᠥᠬᠦ ᠲᠠᠯ᠎ᠠ ᠪᠠᠷ ᠳᠡᠭᠡᠭᠰᠢᠯᠡᠭᠦᠯᠪᠡ᠃ 2024 ᠣᠨ ᠳᠤ ᠭᠦᠶᠦᠭᠡᠨ ᠪᠤᠯᠠᠵᠤ ᠳᠤᠰᠤᠯᠭᠠᠨ ᠤᠰᠤᠯᠠᠬᠤ | ᠤᠰᠤ ᠪᠣᠷᠲᠣᠭᠤᠷ ᠢ ᠨᠢᠭᠡ ᠴᠣᠭᠴᠠᠵᠢᠭᠤᠯᠬᠤ ᠮᠡᠷᠭᠡᠵᠢᠯ ᠤᠨ ᠬᠡᠷᠡᠭᠯᠡᠯᠲᠡ ᠶᠢᠨ ᠨᠣᠷᠮ᠎ᠠ ᠶᠢ ᠨᠢᠭᠡᠨᠲᠡ 50% ᠶᠢ | ᠲᠠᠪᠠᠭᠤᠯᠵᠤ᠂ ᠨᠡᠶᠢᠳᠡ ᠲᠠᠯᠠᠪᠠᠢ ᠨᠢ 10 ᠲᠦᠮᠡᠨ ᠮᠥ ᠶᠢ ᠲᠠᠪᠠᠭᠰᠠᠨ ᠪᠠᠶᠢᠨ᠎ᠠ᠃ | | | ᠣᠶᠢᠯᠠᠭᠠᠭᠰᠠᠨ ᠢᠶᠠᠷ᠂ 2024 ᠣᠨ ᠳᠤ ᠬᠤᠷᠴᠢᠨ ᠵᠡᠭᠦᠨ ᠭᠠᠷᠤᠨ ᠬᠤᠶᠢᠲᠤ ᠬᠤᠰᠢᠭᠤ ᠠᠮᠤ ᠲᠣᠰᠣᠨ ᠤ | ᠮᠤ᠋ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠬᠦ ᠢᠨᠵᠧᠨᠧᠷᠢᠩ ᠢ ᠣᠳᠣᠬᠠᠨ ᠤ ᠲᠠᠷᠢᠶᠠᠯᠠᠩ ᠤᠨ ᠠᠵᠢᠯ ᠤᠨ | ᠭᠤᠤᠯᠳᠠᠯᠭ᠎ᠠ ᠲᠠᠢ ᠢᠨᠵᠧᠨᠧᠷᠢᠩ ᠪᠣᠯᠭᠠᠵᠤ᠂ ᠶᠡᠷᠦᠩᠬᠡᠶᠢᠯᠡᠭᠰᠡᠨ ᠬᠦᠷᠢᠶᠡᠯᠡᠩ ᠲᠣᠭᠤᠷᠢᠭ ᠢᠶᠠᠷ ᠵᠢᠯᠣᠭᠤᠳᠤᠮᠵᠢ | ᠪᠣᠯᠭᠠᠨ᠂ ︽ᠭᠤᠷᠪᠠ ᠶᠢ ᠲᠥᠪᠯᠡᠷᠡᠭᠦᠯᠵᠦ ᠭᠤᠷᠪᠠ ᠶᠢ ᠳᠡᠭᠡᠭᠰᠢᠯᠡᠭᠦᠯᠬᠦ︾ ᠶᠢ ᠪᠠᠷᠢᠮᠲᠠᠯᠠᠵᠤ᠂ ᠱᠠᠭᠠᠵᠠᠩᠳᠠᠢ᠂ | ᠵᠢᠷᠭᠠᠯᠠᠩ ᠪᠠᠯᠭᠠᠰᠤ ᠪᠠᠷ ᠭᠤᠤᠯ ᠪᠣᠯᠭᠠᠨ᠂ ︽ᠶᠢᠰᠦ ᠪᠠᠶᠢᠬᠤ︾ ᠬᠦᠷᠢᠶᠡᠯᠡᠩ ᠲᠣᠭᠤᠷᠢᠭ ᠢ 4 ᠲᠦᠮᠡᠨ ᠮᠥ | ᠪᠠᠶᠢᠭᠤᠯᠵᠤ᠂ ᠮᠤ᠋ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠬᠦ ᠨᠡᠶᠢᠭᠡᠮᠴᠢᠯᠡᠭᠰᠡᠨ ᠦᠢᠯᠡᠴᠢᠯᠡᠭᠡᠨ ᠤ ᠵᠠᠭᠪᠤᠷ ᠢ | ᠬᠡᠷᠡᠭᠵᠢᠭᠦᠯᠵᠦ᠂ ᠪᠥᠬᠦ ᠬᠤᠰᠢᠭᠤᠨ ᠤ 19 ᠰᠤᠮᠤ ᠰᠢᠶᠠᠩ ᠪᠠᠯᠭᠠᠰᠤ ᠶᠢᠨ 500 ᠮᠥ ᠠᠴᠠ ᠳᠡᠭᠡᠭᠰᠢᠬᠢ | ᠬᠡᠪᠴᠢᠶᠡᠲᠦ ᠡᠵᠡᠩᠨᠡᠯᠲᠡ ᠶᠢᠨ ᠭᠤᠤᠯ ᠴᠣᠭᠴᠠ ᠶᠢ 54 ᠳᠠᠶᠢᠴᠢᠯᠠᠵᠤ᠂ ᠮᠤ᠋ ᠨᠢᠭᠡᠴᠢ ᠶᠢᠨ ᠤᠨᠠᠯᠲᠠ ᠶᠢ | ᠳᠡᠭᠡᠭᠰᠢᠯᠡᠭᠦᠯᠬᠦ ᠲᠠᠯᠠᠪᠠᠶ ᠶᠢ 25 ᠲᠦᠮᠡᠨ ᠮᠥ ᠬᠦᠷᠭᠡᠭᠰᠡᠨ ᠪᠠᠶᠢᠨ᠎ᠠ᠃ |