ᠨᠡᠶᠢᠲᠡᠯᠡᠭᠰᠡᠨ ᠴᠠᠭ᠄ 2025/1/7 | | ᠰᠢᠨᠬᠤᠸᠠ ᠬᠤᠷᠢᠶ᠎ᠠ ᠶᠢᠨ ᠪᠡᠭᠡᠵᠢᠩ ᠤᠨ 1 ᠳ᠋ᠦ᠋ᠭᠡᠷ ᠰᠠᠷ᠎ᠠ ᠶᠢᠨ 2 ᠤᠨ ᠴᠠᠭᠢᠯᠭᠠᠨ ᠮᠡᠳᠡᠭᠡ 1 ᠳ᠋ᠦ᠋ᠭᠡᠷ ᠰᠠᠷ᠎ᠠ ᠶᠢᠨ | 1 ᠤ ᠡᠳᠦᠷ᠂ ᠤᠯᠤᠰ ᠤᠨ ᠲᠡᠷᠢᠭᠦᠯᠡᠭᠴᠢ ᠰᠢ ᠶᠢᠨ ᠫᠢᠩ ᠬᠢᠭᠡᠳ ᠲᠡᠭᠦᠨ ᠤ ᠬᠠᠲᠤᠨ ᠫᠧᠩ ᠯᠢ ᠶᠤᠸᠠᠨ ᠲᠠᠢ ᠪᠠᠨ | ᠠᠮᠧᠷᠢᠺᠠ ᠶᠢᠨ ᠸᠠᠰᠢᠩᠲ᠋ᠣᠨ ᠵᠧᠦ ᠶᠢᠨ ᠳᠤᠮᠳᠠᠳᠤ ᠰᠤᠷᠭᠠᠭᠤᠯᠢ ᠶᠢᠨ ᠪᠠᠭᠰᠢ ᠰᠤᠷᠤᠬᠴᠢᠳ ᠤᠨ ᠲᠥᠯᠥᠭᠡᠯᠡᠭᠴᠢ ᠳᠤ | ᠰᠢᠨ᠎ᠡ ᠣᠨ ᠤ ᠪᠠᠶᠠᠷ ᠤᠨ ᠺᠠᠷᠲ ᠬᠠᠷᠢᠭᠤ ᠪᠡᠯᠡᠭᠯᠡᠵᠦ᠂ ᠰᠢᠨ᠎ᠡ ᠵᠢᠯ ᠤᠨ ᠮᠡᠨᠳᠦᠴᠢᠯᠡᠯ ᠳᠡᠪᠰᠢᠭᠦᠯᠵᠦ᠂ 2025 ᠣᠨ | ᠪᠣᠯ ᠳᠤᠮᠳᠠᠳᠤ ᠤᠯᠤᠰ ᠤᠨ ᠠᠷᠠᠳ ᠲᠦᠮᠡᠨ ᠤ ᠶᠠᠫᠤᠨ ᠢ ᠡᠰᠡᠷᠭᠦᠴᠡᠬᠦ ᠲᠡᠶᠢᠨ ᠤ ᠪᠠ ᠳᠡᠯᠡᠬᠡᠢ ᠶᠢᠨ ᠹᠠᠱᠢᠰ ᠢ ᠡᠰᠡᠷᠭᠦᠴᠡᠬᠦ | ᠲᠡᠶᠢᠨ ᠤ ᠢᠯᠠᠯᠲᠠ ᠶᠢ ᠣᠯᠣᠭᠰᠠᠨ 80 ᠵᠢᠯ ᠤᠨ ᠣᠶ ᠪᠣᠯᠣᠨ᠎ᠠ ᠭᠡᠵᠦ ᠢᠯᠡᠷᠬᠡᠶᠢᠯᠡᠪᠡ᠃ ᠳᠡᠯᠡᠬᠡᠢ ᠶᠢᠨ ᠬᠤᠶᠠᠳᠤᠭᠠᠷ | ᠶᠡᠭᠡ ᠲᠠᠶᠢᠨ ᠤ ᠬᠤᠭᠤᠴᠠᠭᠠᠨ ᠳᠤ᠂ ᠳᠤᠮᠳᠠᠳᠤ ᠠᠮᠧᠷᠢᠺᠠ ᠬᠠᠮᠲᠤ ᠪᠠᠷ ᠡᠩᠬᠡ ᠲᠠᠶᠢᠪᠤᠩ ᠪᠠ ᠰᠢᠳᠤᠷᠭᠤ ᠶᠣᠰᠣᠨ ᠤ | ᠲᠥᠯᠥᠭᠡ ᠪᠠᠶᠢᠯᠳᠤᠵᠤ᠂ ᠬᠤᠶᠠᠷ ᠤᠯᠤᠰ ᠤᠨ ᠠᠷᠠᠳ ᠲᠦᠮᠡᠨ ᠤ ᠨᠥᠬᠦᠷᠯᠡᠯ ᠨᠢ ᠴᠢᠰᠤᠲᠤ ᠲᠡᠮᠡᠴᠡᠭᠡᠨ ᠪᠣᠯᠣᠨ ᠲᠠᠶᠢᠨ | ᠳᠠᠵᠢᠨ ᠤ ᠰᠢᠯᠭᠠᠯᠲᠠ ᠶᠢ ᠳᠠᠭᠠᠭᠠᠵᠤ᠂ ᠣᠨ ᠶᠠᠪᠤᠬᠤ ᠲᠤᠳᠤᠮ ᠢᠶᠠᠨ ᠡᠷᠬᠢᠮ ᠨᠠᠨᠳᠢᠨ ᠪᠣᠯᠵᠤ ᠰᠢᠨᠡᠳᠦᠭᠰᠡᠨ ᠪᠠᠶᠢᠨ᠎ᠠ᠃ | ᠳᠤᠮᠳᠠᠳᠤ ᠠᠮᠧᠷᠢᠺᠠ ᠬᠤᠶᠠᠷ ᠤᠯᠤᠰ ᠤᠨ ᠵᠠᠯᠠᠭᠤᠴᠤᠳ ᠪᠠᠭᠠᠴᠤᠳ ︽ᠢᠷᠡᠭᠡᠳᠦᠢ ᠶᠢᠨ 5 ᠵᠢᠯ ᠳᠤ ᠠᠮᠧᠷᠢᠺᠠ ᠶᠢᠨ 5 | ᠲᠦᠮᠡᠨ ᠵᠠᠯᠠᠭᠤᠴᠤᠳ ᠪᠠᠭᠠᠴᠤᠳ ᠢ ᠳᠤᠮᠳᠠᠳᠤ ᠤᠯᠤᠰ ᠲᠤ ᠤᠷᠢᠵᠤ ᠰᠣᠯᠢᠯᠴᠠᠭ᠎ᠠ ᠦᠷᠨᠢᠭᠦᠯᠦᠨ ᠰᠤᠷᠤᠯᠴᠠᠭᠤᠯᠬᠤ︾ | ᠰᠠᠨᠠᠭᠠᠴᠢᠯᠠᠭ᠎ᠠ ᠳᠤ ᠦᠷᠭᠦᠯᠵᠢᠯᠡᠨ ᠢᠳᠡᠪᠬᠢᠲᠡᠢ ᠣᠷᠤᠯᠴᠠᠭᠤᠯᠵᠤ᠂ ᠰᠣᠯᠢᠯᠴᠠᠭ᠎ᠠ ᠶᠠᠪᠤᠯᠴᠠᠭ᠎ᠠ ᠪᠠᠨ ᠴᠢᠩᠭᠠᠳᠬᠠᠨ᠂ | ᠣᠶᠢᠯᠠᠭᠠᠯᠴᠠᠭ᠎ᠠ ᠪᠠᠨ ᠨᠡᠩ ᠨᠡᠮᠡᠭᠳᠡᠭᠦᠯᠵᠦ᠂ ᠤᠯᠠᠮᠵᠢᠯᠠᠯᠲᠤ ᠨᠥᠬᠦᠷᠯᠡᠯ ᠢᠶᠠᠨ ᠵᠠᠯᠭᠠᠮᠵᠢᠯᠠᠨ᠂ ᠳᠤᠮᠳᠠᠳᠤ ᠠᠮᠧᠷᠢᠺᠠ ᠶᠢᠨ | ᠬᠠᠷᠢᠯᠴᠠᠭᠠᠨ ᠤ ᠬᠥᠭᠵᠢᠯᠲᠡ ᠶᠢ ᠠᠬᠢᠭᠤᠯᠬᠤ᠂ ᠳᠡᠯᠡᠬᠡᠢ ᠶᠢᠨ ᠡᠩᠬᠡ ᠲᠠᠶᠢᠪᠤᠩ ᠢ ᠠᠬᠢᠭᠤᠯᠬᠤ ᠳᠤ ᠬᠦᠴᠦᠨ ᠴᠢᠳᠠᠯ ᠢᠶᠠᠨ | ᠡᠷᠭᠦᠬᠦ ᠶᠢ ᠬᠦᠰᠡᠵᠦ ᠪᠠᠶᠢᠨ᠎ᠠ ᠭᠡᠵᠦ ᠢᠯᠡᠳᠬᠡᠪᠡ᠃ | ᠡᠮᠦᠨᠡᠬᠡᠨ᠂ ᠠᠮᠧᠷᠢᠺᠠ ᠶᠢᠨ ᠸᠠᠰᠢᠩᠲ᠋ᠣᠨ ᠵᠧᠦ ᠶᠢᠨ ᠠᠮᠧᠷᠢᠺᠠ ᠳᠤᠮᠳᠠᠳᠤ ᠶᠢᠨ ᠵᠠᠯᠠᠭᠤᠴᠤᠳ ᠪᠠᠭᠠᠴᠤᠳ ᠤᠨ | ᠰᠣᠯᠢᠯᠴᠠᠭᠠᠨ ᠤ ᠨᠡᠶᠢᠭᠡᠮᠯᠢᠭ ᠪᠣᠯᠣᠨ ᠯᠢᠨᠺᠧᠨ ᠳᠤᠮᠳᠠᠳᠤ ᠰᠤᠷᠭᠠᠭᠤᠯᠢ᠂ ᠪᠡᠶ᠎ᠡ ᠶᠢᠨ ᠲᠠᠮᠢᠷ ᠤᠨ ᠲᠠᠯᠠᠪᠠᠢ ᠳᠤᠮᠳᠠᠳᠤ | ᠰᠤᠷᠭᠠᠭᠤᠯᠢ ᠶᠢᠨ ︽ᠢᠷᠡᠭᠡᠳᠦᠢ ᠶᠢᠨ 5 ᠵᠢᠯ ᠳᠤ ᠠᠮᠧᠷᠢᠺᠠ ᠶᠢᠨ 5 ᠲᠦᠮᠡᠨ ᠵᠠᠯᠠᠭᠤᠴᠤᠳ ᠪᠠᠭᠠᠴᠤᠳ ᠢ ᠲᠤᠮᠳᠠᠳᠤ | ᠤᠯᠤᠰ ᠲᠤ ᠤᠷᠢᠵᠤ ᠰᠣᠯᠢᠯᠴᠠᠭ᠎ᠠ ᠦᠷᠨᠢᠭᠦᠯᠦᠨ ᠰᠤᠷᠤᠯᠴᠠᠭᠤᠯᠬᠤ︾ ᠰᠠᠨᠠᠭᠠᠴᠢᠯᠠᠭ᠎ᠠ ᠳᠤ ᠣᠷᠣᠯᠴᠠᠬᠤ ᠪᠠᠷ ᠳᠤᠮᠳᠠᠳᠤ | ᠤᠯᠤᠰ ᠲᠤ ᠠᠶᠢᠯᠴᠢᠯᠠᠷ᠎ᠠ ᠢᠷᠡᠭᠰᠡᠨ ᠪᠠᠭᠰᠢ ᠰᠤᠷᠤᠬᠴᠢᠳ ᠤᠨ ᠲᠥᠯᠥᠭᠡᠯᠡᠭᠴᠢ ᠨᠠᠷ ᠲᠡᠷᠢᠭᠦᠯᠡᠭᠴᠢ ᠰᠢ ᠶᠢᠨ ᠫᠢᠩ | ᠬᠢᠭᠡᠳ ᠲᠡᠭᠦᠨ ᠤ ᠬᠠᠲᠤᠨ ᠪᠣᠯᠣᠨ ᠳᠤᠮᠳᠠᠳᠤ ᠤᠯᠤᠰ ᠤᠨ ᠪᠦᠭᠦ ᠠᠷᠠᠳ ᠲᠦᠮᠡᠨ ᠳᠤ ᠰᠢᠨ᠎ᠡ ᠣᠨ ᠤ ᠪᠠᠶᠠᠷ ᠤᠨ ᠺᠠᠷᠲ | ᠬᠦᠷᠭᠡᠵᠦ᠂ 100 ᠭᠠᠷᠤᠢ ᠪᠠᠭᠰᠢ ᠪᠣᠯᠣᠨ ᠬᠠᠮᠲᠤ ᠰᠤᠷᠤᠯᠭᠠᠲᠠᠨ ᠡᠨᠡ ᠬᠦ ᠪᠠᠶᠠᠷ ᠤᠨ ᠺᠠᠷᠲ ᠳᠡᠭᠡᠷ᠎ᠡ ᠭᠠᠷ ᠤᠨ ᠦᠰᠦᠭ | ᠵᠢᠷᠤᠵᠠᠢ᠃ ᠪᠠᠭᠰᠢ ᠰᠤᠷᠤᠬᠴᠢᠳ ᠪᠠᠶᠠᠷ ᠤᠨ ᠺᠠᠷᠲ ᠳᠡᠭᠡᠷ᠎ᠡ ᠪᠠᠨ᠄ ︽ᠶᠠᠫᠤᠨ ᠢ ᠡᠰᠡᠷᠭᠦᠴᠡᠬᠦ ᠲᠠᠶᠢᠨ ᠤ ᠢᠯᠠᠯᠲᠠ ᠶᠢ | ᠣᠯᠣᠭᠰᠠᠨ 80 ᠵᠢᠯ ᠤᠨ ᠤᠢ ᠶᠢ ᠳᠤᠷᠠᠰᠬᠠᠶ᠎ᠠ᠂ ᠳᠡᠯᠡᠬᠡᠢ ᠶᠢᠨ ᠹᠠᠱᠢᠰ ᠢ ᠡᠰᠡᠷᠭᠦᠴᠡᠬᠦ ᠲᠠᠶᠢᠨ ᠤ ᠢᠯᠠᠯᠲᠠ ᠶᠢ | ᠣᠯᠣᠭᠰᠠᠨ 80 ᠵᠢᠯ ᠤᠨ ᠤᠢ ᠶᠢ ᠳᠤᠷᠠᠰᠬᠠᠶ᠎ᠠ᠃ ᠰᠢᠨ᠎ᠡ ᠣᠨ ᠢᠶᠠᠨ ᠪᠠᠶᠠᠷᠯᠠᠨ ᠤᠭᠲᠤᠶ᠎ᠠ᠂ ᠡᠩᠬᠡ ᠲᠠᠶᠢᠪᠤᠩ | ᠮᠠᠨᠳᠤᠲᠤᠭᠠᠢ᠂ ᠳᠤᠮᠳᠠᠳᠤ ᠠᠮᠧᠷᠢᠺᠠ ᠶᠢᠨ ᠨᠥᠬᠦᠷᠯᠡᠯ ᠥᠨᠢᠳᠡ ᠮᠥᠩᠬᠡᠷᠡᠲᠦᠭᠡᠢ︕︾ ᠭᠡᠵᠦ ᠬᠢᠲᠠᠳ ᠭᠡᠯᠡ ᠪᠠᠷ | ᠪᠢᠴᠢᠭᠰᠡᠨ ᠪᠠᠶᠢᠨ᠎ᠠ᠃ | | ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ | |