ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠨᠡᠷᠡᠳᠦ ᠤᠷᠠᠯᠢᠬᠴᠢᠨ
ᠨᠡᠶᠢᠲᠡᠯᠡᠭᠰᠡᠨ ᠴᠠᠭ᠄
2025/1/17
     ᠪᠦᠦ ᠪᠤᠤ ᠬᠦᠶ ᠂  ᠡᠷᠡᠭᠳᠡᠢ ᠂  1944 ᠣᠨ ᠤ 10 ᠰᠠᠷ᠎ᠠ ᠳᠤ᠂  ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠳᠤ ᠳᠦᠷᠦᠵᠡᠶ᠂ 1964 ᠣᠨ ᠤ 9 ᠰᠠᠷ᠎ᠠ ᠳᠤ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠤᠯᠠᠭᠠᠨᠮᠥ᠋ᠴᠢᠷ  ᠲᠤ ᠠᠵᠢᠯᠯᠠᠵᠤ᠂ 2004 ᠣᠨ ᠤ 10 ᠰᠠᠷ᠎ᠠ ᠳᠤ ᠠᠵᠢᠯ ᠠᠴᠠ ᠪᠠᠨ ᠠᠮᠠᠷᠠᠪᠠ ᠃  ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠤᠯᠠᠭᠠᠨᠮᠥ᠋ᠴᠢᠷ ᠤᠨ ᠠᠩᠬᠠᠳᠠᠭᠴᠢ ᠪᠦᠯᠦᠭ ᠠᠬᠠᠮᠠᠳ ᠭᠡᠰᠢᠭᠦᠨ ᠪᠣᠯᠤᠨ᠎ᠠ᠃ 2009 ᠣᠨ ᠳᠤ ᠥᠪᠡᠷᠲᠡᠭᠡᠨ ᠵᠠᠰᠠᠬᠤ ᠣᠷᠣᠨ ᠤ 10 ᠳ᠋ᠤᠭᠠᠷ ᠬᠤᠭᠤᠴᠠᠭᠠᠨ ᠤ ᠣᠶᠤᠨ ᠤ ᠪᠣᠯᠪᠠᠰᠤᠨ ᠤ ᠪᠠᠶᠢᠭᠤᠯᠤᠯᠲᠠ ᠶᠢᠨ ︽ᠲᠠᠪᠤᠨ ᠨᠢᠭᠡ ᠢᠨᠵᠧᠨᠧᠷᠢᠩ︾ ᠤᠨ ᠰᠢᠯᠢᠳᠡᠭ ᠪᠦᠲᠦᠭᠡᠯ ᠤᠨ ᠱᠠᠩᠨᠠᠯ ᠢ ᠬᠦᠷᠲᠡᠪᠡ᠃ 2005  ᠤᠨ ᠪᠣᠯᠤᠨ 2007  ᠤᠨ ᠳᠤ ᠲᠦᠩᠯᠢᠶᠤᠤ ᠬᠤᠳᠠ ᠶᠢᠨ  ︽ᠮᠤᠷᠠᠯ ᠤᠷᠠᠯᠢᠭ ᠬᠤᠤᠰᠯᠠᠬᠰᠠᠨ︾ ᠤᠳᠬ᠎ᠠ ᠤᠷᠠᠯᠢᠭᠴᠢᠨ ᠤ ᠴᠣᠯᠠ ᠪᠣᠯᠤᠨ ᠥᠪᠥᠷ ᠮᠣᠩᠭᠤᠯ ᠤᠨ ︽ᠭᠠᠷᠮᠠᠭᠠᠢ ᠠᠶᠠᠰ ᠵᠤᠬᠢᠶᠠᠬᠴᠢ︾ ᠭᠡᠬᠦ ᠴᠣᠯᠠ  ᠬᠦᠷᠳᠡᠪᠡ᠃ ᠭᠤᠤᠯ ᠪᠤᠯᠬᠤ ᠪᠦᠳᠦᠬᠡᠯ ᠳᠤ ︽  ᠤᠭᠠᠯᠵᠠᠨ ᠡᠮᠡᠭᠡᠯ ︾ ᠬᠡᠬᠦ ᠲᠠᠭᠤᠤ ᠶᠢᠨ ᠡᠮᠡᠭᠡᠯ ᠨᠢ 95 ᠳᠤᠮᠳᠠᠳᠤ ᠶᠢᠨ ᠲᠠᠭᠤᠤ ᠬᠦᠭᠵᠢᠮ ᠤᠨ ᠲᠧᠯᠸᠢᠰ ᠤᠨ ᠤᠷᠤᠯᠳᠤᠭᠠᠨ ᠤ ᠬᠦᠷᠡᠯ ᠮᠧᠳᠠᠯ ᠤᠯᠪᠠ︔ ︽ᠬᠦᠪᠤᠩ ᠴᠠᠭᠠᠨ ᠡᠬᠦᠯᠡ︾ ᠨᠢ 1984 ᠤᠨ ᠤ ᠦᠪᠦᠷ ᠮᠤᠩᠭᠤᠯ ᠤᠨ ᠵᠡᠬᠦᠨ ᠲᠦᠷᠪᠡᠨ ᠠᠶᠢᠮᠠᠭ ᠤᠨ ᠲᠠᠭᠤᠤ ᠬᠦᠭᠵᠢᠮ ᠤᠨ ᠦᠳᠡᠰᠢᠯᠡᠭᠡ ᠶᠢᠨ ᠠᠯᠳᠠᠨ ᠮᠧᠳᠠᠯ ᠢ ᠭᠠᠷᠳᠠᠵᠠᠢ᠂ ᠲᠠᠭᠤᠤ ︽ᠴᠠᠭᠠᠨ ᠡᠬᠦᠯᠡ ᠬᠦᠪᠪᠦᠯᠵᠡᠭᠰᠡᠨ ᠨᠤᠳᠤᠭ︾ ᠭᠡᠬᠦ ᠲᠠᠭᠤᠤ  ᠨᠢ 1997 ᠤᠨ ᠤ ᠦᠪᠡᠷᠳᠡᠭᠡᠨ ᠵᠠᠰᠠᠬᠤ ᠤᠷᠤᠨ ᠤ ︽  ᠰᠠᠷᠠᠨ᠎ᠠ ︾ ᠱᠠᠩᠨᠠᠯ ᠲᠤᠰᠴᠤ᠂ ︽  ᠰᠠᠯᠵᠥ ᠴᠢᠳᠠᠰᠢ ᠦᠬᠡᠢ ᠲᠠᠯ᠎ᠠ ᠨᠤᠳᠤᠭ︾  ᠭᠡᠬᠦ ᠲᠠᠭᠤᠤ ᠨᠢ 2009 ᠤᠨ ᠤ ᠦᠪᠡᠷᠳᠡᠭᠡᠨ ᠵᠠᠰᠠᠬᠤ ᠤᠷᠤᠨ ᠤ ︽ᠲᠠᠪᠤᠨ ᠨᠢᠭᠡ ᠶᠢᠨ ᠢᠨᠵᠧᠨᠧᠷᠢᠩ︾ ᠤᠨ ᠰᠢᠯᠢᠳᠡᠭ ᠪᠦᠳᠦᠬᠡᠯ ᠤᠨ ᠱᠠᠩᠨᠠᠯ ᠲᠤᠰᠪᠠ︔ ︽ᠬᠤᠷᠴᠢᠨ ᠵᠡᠬᠦᠨ ᠭᠠᠷᠤᠨ ᠬᠤᠶᠢᠳᠤ  ᠬᠤᠰᠢᠭᠤ ᠂ ᠮᠢᠨᠤ ᠬᠠᠶᠢᠷᠠᠳᠤ ᠨᠤᠳᠤᠭ︾ ᠪᠠ ︽ᠵᠤᠯ ᠵᠢᠷᠭᠠᠯ ᠤᠨ ᠲᠡᠭᠷᠢ︾ ᠭᠡᠬᠦ ᠲᠠᠭᠤᠤ  ᠨᠢ 1996 ᠤᠨ ᠤ ︽  ᠡᠷᠡᠨ ᠵᠠᠭᠤᠨ ᠤ ᠴᠤᠤᠷᠢᠶ᠎ᠠ︾ ᠭᠡᠬᠦ ᠪᠦᠬᠦ ᠤᠯᠤᠰ ᠤᠨ ᠲᠠᠭᠤᠤ ᠬᠦᠭᠵᠢᠮ ᠤᠨ ᠤᠷᠤᠯᠳᠤᠭᠠᠨ ᠳᠤ ᠮᠦᠩᠬᠦᠨ ᠮᠧᠲᠠᠯ ᠬᠦᠷᠳᠡᠪᠡ᠃   ︽ᠪᠢ ᠪᠤᠯ ᠨᠢᠭᠡᠨ ᠪᠢᠴᠢᠬᠠᠨ ᠭᠤᠷᠤᠬ᠎ᠠ︾ ᠭᠡᠬᠦ ᠲᠠᠭᠤᠤ ᠨᠢ ᠤᠯᠠᠨ ᠤ ᠲᠤᠮᠳᠠ ᠦᠷᠭᠡᠨ ᠢᠶᠠᠷ ᠲᠠᠭᠤᠯᠠᠬᠳᠠᠨ ᠤᠯᠠᠮᠵᠢᠯᠠᠬᠳᠠᠵᠥ CCTV3 ᠰᠤᠪᠠᠭ  ᠢᠶᠠᠷ ᠤᠯᠠᠨᠳᠠ ᠨᠡᠪᠳᠡᠷᠡᠬᠦᠯᠦᠭᠳᠡᠵᠥ ᠦᠩᠭᠡᠷᠡᠪᠡ᠃ 
宝贵.jpg
 
ᠢᠷᠡᠯᠲᠡ᠄ ᠬᠤᠷᠴᠢᠨ ᠵᠡᠬᠦᠨ ᠭᠠᠷᠤᠨ ᠬᠤᠶᠢᠳᠤ ᠬᠤᠰᠢᠭᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号