ᠣᠯᠠᠩᠬᠢ ᠬᠥᠮᠥᠨ ᠶᠠᠰᠤᠯᠢᠭ ᠵᠢᠮᠢᠰ᠂ ᠦᠵᠦᠮ ᠤᠨ ᠠᠷᠢᠬᠢ᠂ ᠺᠣᠹᠧ ᠵᠡᠷᠭᠡ ᠦᠷᠭᠦᠯᠵᠢ ᠡᠳ᠋ᠯᠡᠳᠡᠭ ᠢᠳᠠᠭᠡᠨ | ᠤᠮᠳᠠᠭᠠᠨ ᠤ ᠵᠦᠢᠯ ᠢ ᠵᠣᠴᠢᠯᠠᠬᠤ ᠦᠷᠤᠭᠡ᠂ ᠲᠣᠭᠤᠭᠠᠨ ᠭᠡᠷ ᠲᠡᠭᠡᠨ ᠲᠠᠯᠪᠢᠭᠠᠳ ᠭᠠᠷ ᠤᠨ ᠠᠶ᠎ᠠ ᠪᠠᠷ ᠠᠪᠴᠤ | ᠬᠡᠷᠡᠭᠯᠡᠬᠦ ᠳᠤ ᠪᠡᠯᠡᠬᠡᠨ ᠪᠠᠶᠢᠯᠭᠠᠳᠠᠭ᠃ ᠦᠨᠡᠨ ᠲᠡᠭᠡᠨ ᠡᠳᠠᠭᠡᠷ ᠵᠦᠢᠯ ᠢ ᠰᠡᠷᠢᠭᠦᠨ ᠭᠠᠵᠠᠷ ᠪᠤᠶᠤ ᠬᠥᠷᠥᠭᠡᠭᠴᠢ ᠳᠤ | ᠬᠠᠳᠠᠭᠠᠯᠠᠪᠠᠯ ᠲᠣᠬᠢᠷᠠᠮᠵᠢᠲᠠᠢ ᠭᠡᠳᠡᠭ ᠢ ᠵᠠᠷᠢᠮ ᠰᠤᠳᠤᠯᠭᠠᠨ ᠢᠶᠠᠷ ᠭᠡᠷᠡᠴᠢᠯᠡᠵᠡᠢ᠃ | ᠶᠠᠰᠤᠯᠢᠭ ᠵᠢᠮᠢᠰ | ᠡᠪᠦᠯ ᠤᠨ ᠤᠯᠠᠷᠢᠯ ᠳᠤ ᠴᠤ ᠭᠡᠷ ᠤᠨ ᠳᠤᠯᠠᠭᠠᠨ ᠲᠠᠶᠢᠮᠤ ᠳᠣᠣᠷ᠎ᠠ ᠪᠢᠰᠢ ᠪᠠᠶᠢᠳᠠᠭ᠃ ᠥᠷᠥᠭᠡᠨ ᠤ ᠳᠤᠯᠠᠭᠠᠨ | ᠨᠡᠯᠢᠶᠡᠳ ᠥᠨᠳᠥᠷ ᠠᠴᠠ ᠪᠣᠯᠵᠤ ᠥᠭᠡᠬᠦ ᠲᠣᠰᠣ ᠡᠯᠪᠡᠭ ᠠᠭᠤᠯᠤᠭᠰᠠᠨ ᠶᠠᠰᠤᠯᠢᠭ ᠵᠢᠮᠢᠰ ᠠᠮᠠᠷᠬᠠᠨ ᠢᠰᠦᠯᠳᠦᠵᠦ | ᠴᠢᠨᠠᠷ ᠨᠢ ᠬᠤᠪᠢᠷᠠᠳᠠᠭ᠃ ᠶᠠᠰᠤᠯᠢᠭ ᠵᠢᠮᠢᠰ ᠢ ᠰᠢᠨ᠎ᠡ ᠰᠣᠷᠭᠤᠭ ᠪᠠᠶᠢᠯᠭᠠᠬᠤ ᠶᠢᠨ ᠲᠥᠯᠥᠭᠡ ᠬᠠᠮᠤᠭ ᠤᠨ ᠰᠠᠶᠢᠨ ᠨᠢ | ᠬᠥᠯᠳᠡᠭᠡᠭᠦᠷ ᠪᠤᠶᠤ ᠬᠥᠷᠥᠭᠡᠭᠴᠢ ᠳᠤ ᠬᠢᠵᠦ᠂ ᠪᠣᠭᠤᠳᠠᠯ ᠢ ᠨᠢ ᠰᠠᠶᠢᠲᠤᠷ ᠪᠣᠭᠤᠵᠤ ᠴᠢᠭᠢᠭᠲᠦᠬᠦ ᠠᠴᠠ ᠰᠡᠷᠭᠡᠶᠢᠯᠡᠬᠦ | ᠬᠡᠷᠡᠭᠲᠡᠢ᠃ | ᠬᠠᠭᠤᠷᠠᠢ ᠭᠤᠯᠢᠷ | ᠬᠠᠭᠤᠷᠠᠢ ᠭᠤᠯᠢᠷ ᠢ ᠤᠷᠳᠤ ᠬᠤᠭᠤᠴᠠᠭ᠎ᠠ ᠪᠠᠷ ᠡᠩ ᠤᠨ ᠳᠤᠯᠠᠭᠠᠨ ᠲᠠᠢ ᠣᠷᠴᠢᠨ ᠳᠤ ᠲᠠᠯᠪᠢᠪᠠᠯ ᠡᠷᠪᠡᠬᠡᠢ | ᠮᠡᠲᠦ ᠶᠢᠨ ᠬᠤᠷᠣᠬᠠᠢ ᠴᠤᠭᠯᠠᠷᠠᠳᠠᠭ᠃ ᠬᠡᠷᠪᠡ ᠣᠬᠤᠷ ᠬᠤᠭᠤᠴᠠᠭᠠᠨ ᠳᠤ ᠢᠳᠡᠵᠦ ᠪᠠᠷᠠᠬᠤ ᠦᠭᠡᠢ ᠪᠣᠯ ᠨᠢᠭᠲᠠ | ᠪᠢᠲᠡᠭᠦᠮᠵᠢᠯᠡᠭᠰᠡᠨ ᠰᠠᠪᠠᠨ ᠳᠤ ᠬᠢᠭᠡᠳ ᠬᠥᠯᠳᠡᠭᠡᠭᠦᠷ ᠲᠤ ᠬᠠᠳᠠᠭᠠᠯᠠᠵᠤ᠂ ᠤᠳᠠᠭ᠎ᠠ ᠪᠦᠷᠢ ᠢᠳᠡᠬᠦ ᠬᠡᠮᠵᠢᠶ᠎ᠡ ᠪᠠᠷ ᠢᠶᠠᠨ | ᠭᠠᠷᠭᠠᠵᠤ ᠢᠳᠡᠭᠡᠷᠡᠢ᠃ | ᠦᠵᠦᠮ ᠣᠨ ᠠᠷᠢᠬᠢ | ᠦᠵᠦᠮ ᠤᠨ ᠠᠷᠢᠬᠢ ᠶᠢᠨ ᠠᠮᠲᠠ ᠨᠢ ᠭᠡᠷ ᠤᠨ ᠳᠤᠯᠠᠭᠠᠨ ᠢ ᠳᠠᠭᠠᠯᠳᠤᠨ ᠬᠤᠪᠢᠷᠠᠳᠠᠭ᠃ ᠬᠠᠮᠤᠭ ᠤᠨ ᠰᠠᠶᠢᠨ | ᠨᠢ ᠲᠣᠭᠲᠠᠮᠠᠯ ᠳᠤᠯᠠᠭᠠᠨ ᠤ ᠬᠡᠮᠵᠢᠶ᠎ᠡ ᠲᠠᠢ ᠰᠡᠷᠢᠭᠦᠨ ᠭᠠᠵᠠᠷ᠂ ᠠᠷᠢᠬᠢᠨ ᠵᠣᠭᠤᠷᠢ ᠪᠤᠶᠤ ᠬᠥᠷᠥᠭᠡᠭᠴᠢ ᠳᠤ | ᠬᠠᠳᠠᠭᠠᠯᠠᠪᠠᠯ ᠵᠣᠬᠢᠨ᠎ᠠ᠃ | ᠪᠥᠭᠡᠷᠡᠩᠬᠡᠢ ᠰᠣᠩᠭᠢᠨ᠎ᠠ | ᠪᠦᠭᠡᠷᠡᠡᠭᠡᠢ ᠰᠣᠩᠭᠢᠨ᠎ᠠ ᠶᠢ ᠬᠠᠳᠠᠭᠠᠯᠠᠬᠤ ᠬᠠᠮᠤᠭ ᠤᠨ ᠲᠣᠬᠢᠷᠠᠮᠵᠢᠲᠠᠢ ᠳᠤᠯᠠᠭᠠᠨ ᠨᠢ 0 ~ 10 ᠭᠷᠡᠳᠦ᠋ᠰ | ᠪᠠᠶᠢᠳᠠᠭ᠃ ᠪᠥᠭᠡᠷᠡᠩᠬᠡᠢ ᠰᠣᠩᠭᠢᠨ᠎ᠠ ᠶᠢ ᠰᠠᠶᠢᠲᠤᠷ ᠪᠢᠲᠡᠭᠦᠮᠵᠢᠯᠡᠭᠡᠳ ᠬᠥᠷᠥᠭᠡᠭᠴᠢ ᠪᠤᠶᠤ ᠲᠣᠭᠤᠭᠠᠨ ᠭᠡᠷ ᠤᠨ | ᠰᠠᠯᠬᠢ ᠨᠡᠪᠲᠡᠷᠡᠬᠦ ᠰᠡᠷᠢᠭᠦᠨ ᠭᠠᠵᠠᠷ ᠲᠤ ᠲᠠᠯᠪᠢᠵᠤ ᠪᠣᠯᠣᠨ᠎ᠠ᠃ | ᠺᠣᠹᠧ | ᠺᠣᠹᠧ ᠤᠨ ᠪᠤᠷᠴᠠᠭ ᠪᠣᠯᠣᠨ ᠺᠣᠹᠧ ᠤᠨ ᠨᠤᠨᠳᠠᠭ ᠢ ᠳᠤᠯᠠᠭᠠᠨ ᠠᠭᠠᠷ ᠲᠤ ᠢᠯᠠ ᠲᠠᠯᠪᠢᠪᠠᠯ ᠤᠤᠯ ᠤᠨ ᠠᠮᠲᠠ | ᠪᠣᠯᠣᠨ ᠥᠳᠬᠡᠴᠡ ᠪᠠᠨ ᠠᠯᠳᠠᠳᠠᠭ᠃ ᠰᠤᠳᠤᠯᠭᠠᠨ ᠠᠴᠠ ᠦᠵᠡᠪᠡᠯ᠂ ᠺᠣᠹᠧ ᠤᠨ ᠪᠤᠷᠴᠠᠭ ᠤᠨ ᠲᠣᠬᠢᠷᠠᠮᠵᠢᠲᠠᠢ | ᠬᠠᠳᠠᠭᠠᠯᠠᠬᠤ ᠳᠤᠯᠠᠭᠠᠴᠠ ᠨᠢ 13 ~ 12 ᠭᠷᠡᠳᠦ᠋ᠰ ᠪᠠᠶᠢᠳᠠᠭ᠃ | | |