ᠣᠨᠢᠰᠤᠭ᠎ᠠ — — ᠣᠨᠢᠰᠤᠭ᠎ᠠ ᠶᠢ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠪᠠᠰᠠ | ᠤᠨᠤᠳᠠᠭ ᠭᠡᠵᠦ ᠬᠡᠯᠡᠳᠡᠭ᠃ ᠤᠨᠢᠰᠤᠭ᠎ᠠ ᠶᠢ ᠤᠨᠢᠰᠤᠭ᠎ᠠ ᠲᠠᠭᠠᠬᠤ᠂ ᠤᠨᠢᠰᠤᠭ᠎ᠠ ᠲᠠᠶᠢᠯᠬᠤ ᠪᠠ ᠤᠨᠢᠰᠤᠭ᠎ᠠ | ᠪᠣᠯᠢᠶᠠᠯᠳᠣᠬᠤ ᠭᠡᠳᠡᠭ᠃ | ᠤᠨᠢᠰᠤᠭ᠎ᠠ ᠭᠡᠳᠡᠭ ᠦᠬᠡ ᠶᠢᠨ ᠣᠳᠬ᠎ᠠ ᠪᠠᠷ ᠦᠵᠡᠪᠡᠯ᠂ ᠦᠭᠡ ᠶᠢ ᠣᠨᠢᠰᠣ ᠪᠠᠷ ᠣᠨᠢᠰᠦᠯᠡᠪᠠ ᠭᠡᠳᠡᠭ | ᠣᠳᠬ᠎ᠠ ᠲᠠᠢ᠃ | ᠬᠤᠷᠴᠢᠨ ᠮᠤᠩᠭᠤᠯᠴᠤᠳ ᠠᠯᠢ ᠡᠷᠲᠡᠨ ᠠᠴᠠ ᠠᠪᠤᠭᠠᠳ ᠰᠣᠶᠣᠯ ᠪᠣᠯᠪᠠᠰᠣᠷᠠᠯ ᠲᠠᠢ᠂ ᠦᠭᠡᠰ ᠤᠨ ᠰᠠᠩ | ᠪᠠᠶᠠᠯᠢᠭ ᠪᠠᠶᠢᠳᠠᠭ ᠪᠤᠯᠬᠤᠷ ᠶᠠᠮᠠᠷ ᠨᠢᠭᠡᠨ ᠶᠠᠭᠤᠮ᠎ᠠ ᠶᠢ ᠪᠢᠳᠡᠭᠦᠦ ᠤᠳᠬ᠎ᠠ ᠪᠠᠷ ᠢᠯᠡᠳᠭᠡᠵᠦ᠂ ᠬᠦᠮᠥᠰ ᠤᠨ ᠣᠶᠣᠨ | ᠣᠬᠠᠭᠠᠨ ᠢ ᠨᠡᠭᠡᠭᠡᠭᠳᠡᠭᠦᠯᠵᠦ᠂ ᠰᠡᠳᠬᠢᠬᠦ ᠴᠢᠳᠡᠪᠤᠷᠢ ᠶᠢ ᠨᠡᠮᠡᠭᠳᠡᠬᠦᠯᠤᠨ᠂ ᠣᠬᠠᠭᠠᠨ ᠰᠠᠨᠠᠭ᠎ᠠ ᠶᠢ ᠨᠢ ᠲᠡᠩᠰᠡᠬᠦ | ᠰᠢᠯᠭᠠᠭᠤᠷᠢ ᠪᠤᠯᠵᠦ᠂ ᠦᠷᠭᠡᠨ ᠢᠶᠠᠷ ᠲᠠᠷᠬᠠᠨ ᠣᠯᠠᠮᠵᠢᠯᠠᠭᠳᠠᠨ ᠬᠤᠴᠤᠷᠤᠭᠰᠠᠨ ᠪᠠᠶᠢᠳᠠᠭ᠃ | ᠬᠤᠷᠴᠢᠨ ᠵᠡᠬᠦᠨ ᠭᠠᠷᠤᠨ ᠬᠤᠶᠢᠲᠦ ᠬᠤᠰᠢᠭᠤᠨ ᠤ ᠲᠤᠮᠲᠠ ᠣᠯᠠᠮᠵᠢᠯᠠᠭᠳᠠᠨ ᠬᠤᠴᠤᠷᠤᠭᠰᠠᠨ ᠮᠤᠩᠭᠤᠯ | ᠤᠨᠢᠰᠤᠭ᠎ᠠ ᠭᠡᠪᠡᠯ᠄ | ᠠᠪᠤ ᠶᠢᠨ ᠲᠠᠮᠤᠭᠰᠠᠨ ᠲᠡᠭᠡᠰᠦ ᠶᠢ | ᠠᠯᠳᠠᠯᠠᠭᠠᠳ ᠠᠯᠳᠠᠯᠠᠭᠠᠳ ᠪᠠᠷᠠᠬᠤ ᠦᠬᠡᠢ᠂ | ᠡᠵᠢ ᠶᠢᠨ ᠤᠶᠤᠭᠰᠠᠨ ᠬᠦᠨᠵᠢᠯᠡ ᠶᠢ | ᠡᠪᠬᠡᠭᠡᠳ ᠡᠪᠬᠡᠭᠡᠳ ᠪᠠᠷᠠᠬᠤ ᠦᠭᠡᠢ | ︵ᠵᠠᠮ᠂ ᠡᠬᠦᠯᠡ︶ | ᠠᠬ᠎ᠠ ᠲᠡᠭᠦᠦ ᠲᠠᠪᠤᠭᠤᠯᠠ ᠠᠰ ᠠᠰ ᠲᠠᠭᠠᠨ ᠡᠭᠦᠳᠡ ᠲᠠᠢ | ᠨᠢᠭᠡᠯᠡᠬᠡᠨ ᠨᠢ ᠡᠬᠦᠳᠡ ᠪᠠᠨ ᠠᠳᠡᠭᠦᠷᠡᠪᠡᠯ ᠨᠡᠶᠢᠳᠡᠮ ᠢᠶᠠᠷ ᠢᠨᠢᠶᠡᠯᠳᠦᠨ᠎ᠡ | ︵ᠲᠡᠪᠡᠯ ᠲᠣᠪᠴᠢᠯᠠᠬᠤ︶ | ᠠᠬ᠎ᠠ ᠲᠡᠭᠦᠦ ᠠᠷᠪᠠᠭᠤᠯᠠ | ᠠᠷᠦ ᠳᠤ ᠪᠠᠨ ᠲᠤᠯᠢ ᠲᠠᠢ | ︵ ᠬᠢᠮᠥᠰᠦ︶ | ᠠᠬ᠎ᠠ ᠲᠡᠬᠦᠦ ᠠᠷᠪᠠ ᠶᠢ | ᠠᠮᠢᠯᠠᠭᠠᠳ ᠲᠠᠯᠪᠢᠪᠡᠯ ᠬᠤᠶᠠᠷᠬᠠᠨ | ︵ ᠭᠤᠳᠣᠯ ︶ | ᠠᠷᠦ ᠨᠢ ᠰᠠᠭᠰᠠᠭᠠᠷ᠂ ᠦᠭᠡᠬᠦ ᠨᠢ ᠪᠦᠮᠪᠦᠭᠡᠷ | ︵ ᠵᠠᠷᠠᠭ᠎ᠠ︶ | ᠠᠯᠠᠭ ᠪᠢᠷᠠᠭᠤ ᠠᠷᠭᠠᠯ ᠤᠨ ᠬᠤᠭ ᠢ ᠲᠠᠭᠠᠭᠠᠬᠤ ᠦᠭᠡᠢ | ︵ ᠨᠢᠳᠦ︶ | ᠠᠳᠬᠤᠪᠠᠯ ᠠᠳᠬᠤ ᠲᠦᠭᠦᠷᠬᠦ ᠦᠭᠡᠢ | ᠲᠠᠯᠪᠢᠪᠡᠯ ᠲᠠᠯ᠎ᠠ ᠪᠠᠭᠳᠠᠬᠤ ᠦᠬᠡᠢ | ︵ ᠨᠢᠳᠦ︶ | ᠠᠭᠤᠯᠠᠨ ᠤ ᠠᠷᠦ ᠳᠤ | ᠦᠨᠦᠴᠢᠨ ᠲᠠᠤᠯᠠᠢ ᠶᠢᠨ ᠬᠡᠪᠳᠡᠰᠢ | ︵ ᠴᠢᠮᠠᠯᠠᠬᠠᠢ︶ | ᠠᠷᠦ ᠳᠤ ᠴᠠᠰᠣ ᠣᠷᠣᠪᠠᠯ ᠠᠷᠢᠯᠭᠠᠬᠤ ᠳᠤ ᠪᠡᠷᠬᠡ | ᠠᠯᠳᠠᠨ ᠭᠠᠳᠠᠰᠣ ᠮᠤᠷᠤᠶᠢᠪᠠᠯ ᠠᠰᠯᠠᠬᠤ ᠳᠤ ᠬᠦᠴᠢᠷ | ︵ᠫᠤᠤ ᠬᠠᠷᠪᠤᠬᠤ︶ | ᠠᠪᠤ ᠶᠢᠨ ᠬᠠᠷᠢᠭᠤᠯᠤᠭᠰᠠᠨ ᠠᠳᠣᠭᠤ ᠶᠢ ᠲᠣᠭᠠᠯᠠᠵᠦ ᠲᠡᠶᠢᠯᠬᠦ ᠦᠭᠡᠢ | ᠡᠵᠢ ᠶᠢᠨ ᠤᠶᠤᠭᠰᠠᠨ ᠰᠢᠷᠳᠡᠭ ᠢ ᠡᠪᠭᠡᠵᠦ ᠪᠤᠯᠳᠠᠭ ᠦᠭᠡᠢ | ︵ ᠲᠡᠭᠷᠢ ᠶᠢᠨ ᠣᠳᠣ᠂ ᠭᠠᠵᠠᠷ︶ | ᠡᠮᠴᠢ ᠯᠠᠮᠠ ᠶᠢᠨ ᠬᠤᠨᠢ ᠡᠷᠬᠢ ᠲᠡᠭᠡᠷ᠎ᠡ ᠪᠡᠯᠴᠢᠨ᠎ᠡ | ︵ ᠲᠠᠬᠢᠯ︶ | ᠡᠯᠢᠶ᠎ᠡ ᠨᠢ ᠡᠷᠬᠢᠵᠦ᠂ ᠡᠯᠡᠰᠦ ᠨᠢ ᠪᠤᠳᠠᠷᠠᠨᠠ | ︵ ᠭᠤᠯᠢᠷ ᠰᠠᠶᠢᠵᠠᠳᠠᠬᠤ︶ | ᠡᠵᠢ ᠶᠢᠨ ᠤᠶᠤᠵᠦ ᠦᠭᠬᠦᠭᠰᠡᠨ ᠱᠠᠬᠠᠢ ᠶᠢ | ᠡᠳᠦᠢ ᠪᠤᠯᠳᠠᠯ᠎ᠠ ᠣᠯᠵᠦ ᠦᠵᠡᠭᠡᠳᠦᠢ | ︵ ᠴᠢᠬᠢ︶ | | |